ᠪᠠᠭ᠎ᠠ ᠰᠤᠷᠭᠠᠭᠤᠯᠢ ᠶᠢᠨ ᠰᠤᠷᠤᠭᠴᠢ ᠪᠤᠯᠤᠯ᠎ᠡ
ᠨᠡᠶᠢᠲᠡᠯᠡᠭᠰᠡᠨ ᠴᠠᠭ᠄
2019-09-04
     ᠠᠯᠳᠠᠨ ᠨᠠᠮᠦᠷ ᠤᠨ ᠰᠢᠨ᠎ᠡ ᠰᠤᠷᠤᠯᠭ᠎ᠠ ᠶᠢᠨ ᠬᠤᠭᠤᠴᠠᠭ᠎ᠠ ᠡᠬᠢᠯᠡᠵᠦ᠂ ᠬᠡᠦᠭᠡᠳ ᠤᠳ ᠠᠮᠠᠷᠡᠯᠲᠡ ᠪᠠᠨ ᠲᠠᠭᠤᠰᠬᠠᠨ ᠰᠤᠷᠭᠠᠭᠤᠯᠢ ᠳᠠᠭᠠᠨ ᠶᠠᠪᠤᠬᠤ ᠪᠤᠯᠤᠯ᠎ᠡ᠃ ᠡᠭᠦᠨ ᠤ ᠲᠤᠮᠲᠡ ᠠᠷᠡᠳ ᠤᠨ ᠰᠤᠷᠭᠠᠭᠤᠯᠢ ᠶᠢᠨ ᠠᠯᠳᠠᠨ ᠪᠤᠱᠤᠭ᠎ᠠ ᠶᠢ ᠠᠩᠬ᠎ᠠ ᠠᠯᠬᠤᠨ ᠤᠷᠤᠵᠦ ᠪᠠᠶᠢᠭ᠎ᠠ ᠬᠡᠦᠭᠡᠳ ᠪᠤᠰᠤᠳ ᠠᠴᠠ ᠢᠯᠡᠭᠦᠦ ᠪᠠᠶᠠᠷᠯᠠᠨ ᠬᠦᠭᠡᠷᠴᠦ ᠶᠠᠭᠤᠮ᠎ᠡ ᠪᠦᠬᠦᠨ ᠢ ᠰᠤᠨᠢᠭᠤᠴᠢᠯᠠᠨ ᠬᠦᠯᠢᠶᠠᠨ᠎ᠡ᠃      ᠵᠢᠭᠠᠯ ᠭᠦᠦ ᠠᠶᠠᠰ ᠡᠨᠡ ᠵᠢᠯ ᠪᠠᠭ᠎ᠠ ᠰᠤᠷᠭᠠᠭᠤᠯᠢ ᠶᠢᠨ ᠰᠤᠷᠤᠬᠴᠢ ᠪᠤᠯᠬᠤ ᠭᠡᠳ ᠶᠡᠭᠡ ᠯᠡ ᠪᠠᠶᠠᠷᠲᠠᠢ ᠶᠠᠭᠤᠮ᠎ᠡ ᠪᠠᠨ ᠪᠡᠯᠡᠳᠭᠡᠨ᠎ᠡ᠃ ᠨᠡᠷ᠎ᠡ ᠪᠠᠨ ᠮᠡᠲᠡᠭᠦᠯᠬᠦ ᠠᠴᠠ ᠡᠮᠦᠨ᠎ᠡ ᠠᠶᠠᠰ ᠡᠵᠢ ᠲᠠᠢ ᠪᠠᠨ ᠵᠡᠭᠡᠯᠢ ᠳᠤ ᠭᠠᠷᠴᠦ ᠰᠢᠨ᠎ᠡ ᠪᠢᠴᠢᠭ ᠤᠨ ᠪᠤᠬᠴᠦ᠂ ᠲᠡᠰᠬᠠᠯ ᠤᠨ ᠲᠡᠪᠳᠠᠷ᠂ ᠪᠢᠷ ᠬᠠᠷᠠᠨᠲᠡ ᠠᠴᠠ ᠡᠬᠢᠯᠡᠨ ᠪᠦᠷᠢᠨ ᠪᠡᠯᠡᠳᠭᠡᠵᠦ ᠪᠠᠰᠡ ᠦᠪᠴᠢ ᠪᠡᠶ᠎ᠡ ᠰᠢᠨ᠎ᠡ ᠬᠤᠪᠴᠠᠰᠦ ᠪᠠᠷ ᠭᠤᠶᠤᠯᠠᠨ ᠪᠦᠬᠦ ᠵᠦᠢᠯ ᠢᠶᠠᠨ ᠰᠢᠨ᠎ᠡ ᠪᠠᠷ ᠡᠬᠢᠯᠡᠭᠦᠯᠬᠦ ᠰᠠᠶᠢᠨ ᠰᠠᠶᠢᠬᠠᠨ ᠤ ᠪᠠᠯᠭᠡᠲᠡᠯ ᠪᠤᠯᠭᠠᠯ᠎ᠡ᠃ ᠬᠡᠳᠦᠶᠢᠪᠡᠷ ᠪᠠᠭ᠎ᠠ ᠰᠤᠷᠭᠠᠭᠤᠯᠢ ᠳᠤ ᠤᠷᠤᠪᠡᠯ ᠡᠭᠡᠰᠢᠭ ᠲᠤᠯᠤᠭ᠎ᠠ ᠠᠴᠠ ᠡᠬᠢᠯᠡᠵᠦ ᠰᠤᠷᠬᠤ ᠪᠤᠯᠪᠠᠴᠦ ᠤᠷᠢᠳᠴᠢᠯᠠᠨ ᠮᠤᠩᠭᠤᠯ ᠬᠡᠯᠡ ᠪᠢᠴᠢᠭ ᠤᠨ ᠰᠠᠭᠤᠷᠢ ᠪᠠᠨ ᠪᠠᠳᠤᠵᠢᠭᠤᠯᠬᠤ ᠪᠠᠷ ᠦᠨᠳᠦᠰᠦᠨ ᠵᠢᠷᠤᠯᠭ᠎ᠠ  ᠶᠢᠨ ᠲᠡᠪᠳᠠᠷ ᠲᠡᠭᠡᠷ᠎ᠡ ᠪᠠᠨ ᠡᠭᠡᠰᠢᠭ ᠦᠰᠦᠭ ᠢᠶᠠᠨ ᠪᠠᠰᠡ ᠪᠢᠴᠢᠵᠦ ᠰᠤᠷᠴᠦ ᠪᠤᠯᠪᠠᠰᠤᠷᠡᠨ᠎ᠡ᠃      

     ᠬᠦᠰᠡᠵᠦ ᠬᠦᠯᠢᠶᠡᠭᠰᠡᠨ ᠨᠡᠷ᠎ᠡ ᠮᠡᠲᠡᠭᠦᠯᠬᠦ ᠡᠳᠤᠷ ᠪᠤᠯᠵᠦ ᠮᠤᠩᠭᠤᠯ ᠰᠤᠷᠭᠠᠭᠤᠯᠢ ᠶᠢᠨ ᠬᠦᠷᠢᠶᠠᠨ ᠳᠤ

ᠰᠤᠷᠤᠭᠴᠢᠳ ᠭᠡᠷ ᠤᠨ ᠠᠬᠠᠮᠠᠳ ᠲᠠᠢ ᠪᠠᠨ ᠬᠠᠮᠲᠦ ᠢᠷᠡᠵᠡᠭᠡᠨ᠎ᠡ᠃ ᠠᠶᠠᠰ ᠡᠵᠢ ᠲᠠᠢ ᠪᠠᠨ ᠡᠷᠳᠡᠯᠡᠨ ᠪᠤᠰᠴᠦ

ᠪᠠᠭᠰᠢ ᠲᠠᠢ ᠪᠠᠨ ᠵᠤᠯᠭᠠᠨ ᠨᠡᠷ᠎ᠡ ᠪᠠᠨ ᠮᠡᠲᠡᠭᠦᠯᠦᠯ᠎ᠡ᠃ ᠡᠭᠡ ᠬᠡᠯᠡ ᠪᠠᠷ ᠢᠶᠠᠨ ᠪᠠᠭ᠋ᠠᠷᠬᠠᠯ ᠪᠤᠯᠭᠠᠵᠦ ᠮᠤᠩᠭᠤᠯ

ᠰᠤᠷᠭᠠᠭᠤᠯᠢ ᠪᠠᠨ ᠵᠤᠷᠢᠵᠦ ᠢᠷᠡᠭᠰᠡᠨ᠂ ᠢᠷᠡᠬᠦ ᠮᠠᠷᠭᠠᠰᠢ ᠶᠢᠨ ᠢᠷᠡᠭᠡᠳᠤᠢ ᠪᠤᠯᠤᠭᠰᠡᠨ ᠮᠤᠩᠭᠤᠯ ᠬᠡᠦᠭᠡᠳ ᠤᠳ ᠢᠶᠠᠨ

ᠠᠩᠭᠢ ᠶᠢᠨ ᠪᠠᠭᠰᠢ ᠨᠢ ᠴᠢᠷᠠᠢ ᠲᠦᠭᠦᠷᠡᠩ ᠪᠠᠶᠠᠷ ᠤᠨ ᠢᠨᠢᠶᠠᠲᠦ ᠲᠠᠢ ᠤᠬᠳᠤᠨ ᠠᠪᠤᠯ᠎ᠡ᠃ ᠰᠢᠨ᠎ᠡ ᠰᠤᠷᠤᠯᠭ᠎ᠠ

 ᠶᠢᠨ ᠠᠶᠠᠨ ᠢᠶᠠᠨ ᠡᠶᠢᠨ ᠬᠦ ᠤᠳᠬ᠎ᠠ ᠲᠡᠭᠦᠯᠲᠡᠷ ᠡᠬᠢᠯᠡᠭᠦᠯᠦᠭᠰᠡᠨ ᠬᠡᠦᠭᠡᠳ ᠲᠡᠭᠦᠨᠠᠷ ᠮᠢᠨᠢ ᠬᠤᠵᠢᠮ ᠬᠤᠶᠢᠰᠢᠲᠡ

 ᠪᠠᠨ ᠤᠬᠠᠭᠠᠨ ᠪᠢᠯᠢᠭ ᠬᠤᠤᠰᠯᠠᠭᠰᠡᠨ ᠤᠳᠤᠨ ᠰᠤᠳᠤᠨ ᠬᠦᠮᠦᠰ ᠪᠤᠯᠤᠨ ᠬᠦᠮᠦᠵᠢᠭᠲᠡᠵᠦ᠂ ᠡᠭᠡ ᠤᠷᠤᠨ ᠠᠷᠡᠳ

ᠲᠦᠮᠡᠨ ᠤ ᠪᠠᠨ ᠦᠮᠦᠭ ᠲᠦᠰᠢᠭ ᠪᠤᠯᠵᠦ ᠡᠨᠡ ᠴᠠᠭ ᠮᠦᠴᠡ ᠶᠢᠨ ᠢᠶᠠᠨ ᠡᠵᠡᠨ ᠬᠦᠮᠦᠨ ᠬᠡᠮᠡᠨ ᠬᠢᠯᠠᠷᠡᠵᠦ ᠶᠠᠪᠤᠬᠤ

ᠤᠴᠢᠷᠲᠠᠢ᠂ ᠡᠭᠦᠨ ᠤ ᠲᠤᠮᠲᠡ ᠵᠢᠭᠠᠯ ᠬᠦᠦ ᠠᠶᠠᠰ ᠠᠮᠵᠢᠯᠲᠡ ᠲᠦᠭᠦᠷᠡᠩ ᠠᠯᠬᠤᠬᠤ ᠶᠤᠰᠤᠳᠠᠢ︕

     

     ᠦᠢᠯᠠᠭᠠᠭᠰᠡᠨ ᠢᠶᠠᠷ᠂ ᠮᠤᠩᠭᠤᠯ ᠰᠤᠷᠭᠠᠭᠤᠯᠢ ᠨᠢ ᠡᠨᠡ ᠵᠢᠯ ᠨᠢᠭᠡᠳᠤᠭᠡᠷ ᠤᠨ ᠳᠤ ᠪᠠᠨ ᠵᠠᠭᠤ ᠭᠠᠷᠤᠢ

ᠮᠤᠩᠭᠤᠯ ᠭᠡᠦᠭᠡᠳ ᠢᠶᠠᠨ ᠤᠬᠳᠤᠨ ᠠᠪᠤᠭᠰᠡᠨ ᠪᠠᠶᠢᠨ᠎ᠡ᠃

         

                                         ᠨᠠᠶᠢᠷᠠᠭᠤᠯᠤᠭᠴᠢ᠄ ᠤᠶᠠᠬᠠᠨ

                                         ᠬᠦᠢᠴᠡᠳᠭᠡᠭᠴᠢ ᠬᠢᠨᠠᠬᠴᠢ᠄ ᠸᠠᠩ ᠸᠧᠨ ᠶᠢᠩ

                                         ᠶᠡᠷᠦᠩᠭᠡᠢ ᠬᠢᠨᠠᠬᠴᠢ᠄ ᠵᠠᠩ ᠬᠦᠢ ᠵᠧᠨ

                             ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ

 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号