ᠤᠯᠠᠮᠵᠢᠯᠠᠯᠲᠦ ᠤᠷ᠎ᠡ ᠮᠡᠷᠭᠡᠵᠢᠯ ᠢᠶᠠᠨ ᠵᠠᠯᠭᠠᠮᠵᠢᠯᠠᠭᠰᠡᠨ ᠦᠨᠳᠦᠰᠦᠲᠡᠨ ᠤ ᠤᠨᠴᠠᠯᠢᠬᠲᠦ ᠪᠤᠯᠪᠠᠰᠤᠷᠡᠯ ᠤᠨ ᠠᠩᠭᠢ
ᠨᠡᠶᠢᠲᠡᠯᠡᠭᠰᠡᠨ ᠴᠠᠭ᠄
2019-09-27
     ᠤᠯᠠᠮᠵᠢᠯᠠᠯ ᠢᠶᠠᠨ ᠵᠠᠯᠭᠠᠮᠵᠢᠯᠠᠬᠰᠡᠨ ᠤᠴᠢᠷᠲᠠᠢ ᠬᠢᠴᠢᠶᠡᠯᠯᠡᠭᠡ      ᠮᠤᠩᠭᠤᠯᠴᠤᠳ ᠲᠠᠪᠤᠨ ᠬᠤᠰᠢᠭᠤ ᠮᠠᠯ ᠤᠨ ᠢᠶᠠᠨ ᠠᠷᠡᠰᠦ ᠰᠢᠷᠢ ᠶᠢ ᠲᠤᠬᠠᠢ ᠶᠢᠨ ᠪᠠᠶᠢᠳᠡᠯ ᠳᠠᠭᠠᠨ ᠲᠤᠬᠢᠷᠠᠭᠤᠯᠤᠨ ᠤᠯᠠᠨ ᠵᠦᠢᠯ ᠤᠨ ᠠᠷᠭ᠎ᠠ ᠲᠡᠮ ᠢᠶᠠᠷ ᠡᠯᠳᠡᠵᠦ ᠪᠤᠯᠪᠠᠰᠤᠷᠠᠭᠤᠯᠤᠨ᠂ ᠦᠢᠯᠡᠳᠪᠦᠷᠢᠯᠡᠯ ᠠᠮᠢᠳᠤᠷᠡᠯ ᠲᠤᠮᠲᠡ ᠪᠠᠨ ᠦᠷᠭᠡᠨ ᠢᠶᠠᠷ ᠠᠰᠢᠬᠯᠠᠬᠰᠠᠭᠠᠷ ᠢᠷᠡᠭᠰᠡᠨ ᠪᠢᠯᠡ᠃ ᠡᠨᠡᠬᠦ ᠮᠡᠷᠭᠡᠵᠢᠯ ᠨᠢ ᠮᠦᠨ ᠴᠦ ᠮᠠᠯᠴᠢᠨ ᠠᠶᠢᠯ ᠪᠦᠬᠦᠨ ᠤ ᠬᠢᠵᠦ ᠴᠢᠳᠠᠬᠤ ᠨᠢᠭᠡᠨ ᠤᠷ᠎ᠡ ᠮᠡᠷᠭᠡᠵᠢᠯ ᠪᠠᠶᠢᠬᠰᠡᠨ ᠶᠤᠮ᠃ ᠤᠳᠤ ᠪᠤᠯᠬᠤ ᠳᠤ ᠮᠠᠯ ᠤᠨ ᠠᠰᠢᠭ ᠰᠢᠮ᠎ᠡ  ᠪᠠᠨ ᠬᠦᠢᠴᠡᠳ ᠠᠰᠢᠬᠯᠠᠨ᠂ ᠠᠷᠡᠰᠦ ᠰᠢᠷᠢ ᠶᠢ ᠨᠢ ᠢᠳᠡᠰᠢᠭᠦᠯᠦᠨ ᠪᠤᠯᠪᠠᠰᠤᠷᠠᠭᠤᠯᠵᠦ ᠴᠢᠳᠠᠬᠤ ᠬᠦᠮᠦᠨ ᠡᠳᠤᠷ  ᠠᠴᠠ ᠡᠳᠤᠷ ᠴᠦᠭᠡᠬᠡᠷᠡᠭᠰᠡᠭᠡᠷ ᠪᠠᠶᠢᠭ᠎ᠠ ᠶᠤᠮ᠃      ᠡᠨᠡᠬᠦ ᠬᠤᠪᠤᠷ ᠨᠠᠨᠳᠢᠨ ᠤᠷ᠎ᠡ ᠮᠡᠷᠭᠡᠵᠢᠯ ᠤᠨ ᠬᠤᠮᠰᠠᠳᠠᠵᠦ ᠪᠠᠶᠢᠭ᠎ᠠ ᠪᠠᠶᠢᠳᠡᠯ ᠳᠤ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ᠂ ᠪᠡᠶᠢᠯᠡ ᠺᠤᠮᠫᠠᠨᠢ᠂ ᠰᠦᠨᠢᠳ ᠵᠡᠭᠦᠨ ᠬᠤᠰᠢᠭᠤᠨ ᠤ ᠶᠡᠷᠦᠩᠭᠡᠶᠢᠯᠡᠭᠰᠡᠨ ᠲᠡᠭᠡᠲᠦ ᠵᠡᠷᠭᠡ ᠶᠢᠨ ᠲᠤᠮᠳᠠᠲᠦ ᠰᠤᠷᠭᠠᠭᠤᠯᠢ ᠬᠠᠮᠳᠤᠷᠠᠯᠴᠠᠨ 9 ᠰᠡᠷ᠎ᠡ ᠶᠢᠨ 16  ᠤ ᠡᠳᠤᠷ ᠠᠴᠠ ᠡᠬᠢᠯᠡᠨ᠂ ᠠᠷᠡᠰᠦ ᠡᠯᠲᠡᠬᠦ᠂ ᠰᠢᠷᠢᠨ ᠰᠡᠶᠢᠯᠦᠮᠡᠯ ᠬᠢᠬᠦ ᠪᠤᠯᠪᠠᠰᠤᠷᠡᠯ ᠢ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠳᠤ ᠡᠷᠴᠢᠮᠲᠠᠢ ᠶᠠᠪᠤᠬᠳᠠᠭᠤᠯᠵᠦ ᠡᠬᠢᠯᠡᠪᠡ᠃      ᠠᠷᠪᠠᠨ ᠲᠠᠪᠤᠨ ᠡᠳᠤᠷ ᠦᠷᠭᠦᠯᠵᠢᠯᠠᠬᠦ ᠡᠨᠡᠬᠦ ᠪᠤᠯᠪᠠᠰᠤᠷᠡᠯ ᠳᠤ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠭᠠᠷ ᠤᠷᠡᠯᠡᠯ ᠳᠤ ᠪᠠᠭ᠋ᠠᠳᠠᠢ ᠬᠡᠰᠡᠭ ᠬᠦᠮᠦᠰ ᠪᠡ ᠰᠢᠯᠢ ᠶᠢᠨ ᠭᠤᠤᠯ ᠠᠶᠢᠮᠠᠭ᠂ ᠠᠯᠠᠱᠠ ᠠᠶᠢᠮᠠᠭ  ᠠᠴᠠ ᠴᠦ ᠬᠦᠷᠦᠯᠴᠠᠨ ᠢᠷᠡᠵᠦ ᠤᠷᠤᠯᠴᠠᠵᠠᠭᠠᠵᠠᠢ᠃      ᠠᠷᠡᠰᠦ ᠡᠯᠲᠡᠬᠦ ᠭᠡᠵᠦ ᠶᠠᠭᠤ ᠪᠤᠢ︖      ᠲᠠᠪᠤᠨ ᠬᠤᠰᠢᠭᠤ ᠮᠠᠯ ᠤᠨ ᠠᠷᠡᠰᠦ ᠰᠢᠷᠢ ᠶᠢ ᠡᠯᠳᠡᠵᠦ ᠪᠤᠯᠪᠠᠰᠤᠷᠠᠭᠤᠯᠬᠤ ᠳᠤ ᠢᠲᠡᠭᠡᠯᠡᠬᠦ ᠶᠠᠪᠤᠴᠡ ᠲᠠᠢ᠃ ᠢᠲᠡᠭᠡᠯᠡᠬᠦ ᠳᠤ ᠭᠤᠤᠯᠳᠠᠭᠤ ᠰᠦ᠂ ᠴᠠᠭ᠎ᠠ᠂ ᠰᠢᠷ᠎ᠡ ᠤᠰᠤᠨ ᠳᠤ ᠲᠡᠪᠳᠤᠭᠡᠵᠦ ᠵᠦᠭᠡᠯᠡᠷᠡᠭᠦᠯᠬᠦ ᠪᠡ ᠬᠦᠷᠦᠰᠦᠨ ᠳᠤ  ᠨᠢ ᠨᠠᠭᠠᠯᠳᠤᠭᠰᠡᠨ ᠰᠢᠷ᠎ᠡ ᠮᠢᠬ᠎ᠠ ᠶᠢ ᠠᠷᠢᠯᠭᠠᠨ ᠴᠡᠪᠡᠷᠯᠡᠵᠦ᠂ ᠬᠦᠢᠴᠡᠳ ᠢᠲᠡᠭᠡ ᠤᠷᠤᠭᠰᠡᠨ ᠤ ᠲᠠᠷᠠᠭ᠎ᠠ ᠡᠪᠡᠷᠡᠭᠡᠨ᠂ ᠡᠯᠳᠡᠵᠦ ᠪᠤᠯᠪᠠᠰᠤᠷᠠᠭᠤᠯᠳᠠᠭ ᠪᠠᠶᠢᠨ᠎ᠡ᠃      ᠠᠷᠡᠰᠦ ᠰᠢᠷᠢ ᠶᠢ ᠠᠰᠢᠬᠯᠠᠵᠦ ᠬᠡᠷᠡᠭᠯᠡᠬᠦ ᠵᠤᠷᠢᠭᠤᠯᠤᠯᠲᠡ ᠤᠨᠳᠤᠤ ᠪᠤᠯᠬᠤᠷ᠂ ᠢᠲᠡᠭᠡᠯᠡᠵᠦ ᠪᠤᠯᠪᠠᠰᠤᠷᠠᠭᠤᠯᠬᠤ ᠶᠠᠪᠤᠴᠡ ᠪᠡ ᠠᠷᠭ᠎ᠠ ᠪᠠᠷᠢᠯ ᠨᠢ ᠴᠦ ᠤᠨᠳᠤᠤ ᠶᠤᠮ᠃ ᠵᠢᠱᠢᠶᠠᠯᠡᠪᠡᠯ ᠲᠤᠯᠠᠭᠠᠯᠠᠭ᠎ᠠ ᠳᠤ ᠬᠡᠷᠡᠭᠯᠡᠬᠦ ᠠᠷᠡᠰᠦ ᠶᠢ ᠡᠯᠲᠡᠬᠦ  ᠳᠤ ᠦᠰᠦ ᠶᠢ ᠨᠢ ᠬᠠᠮᠠᠭᠠᠯᠠᠬᠤ᠂ ᠰᠤᠷ ᠡᠳ᠋ᠯᠡᠯ ᠬᠢᠬᠦ ᠳᠤ ᠦᠰᠦ ᠶᠢ ᠨᠢ ᠬᠤᠰᠤᠨ ᠢᠲᠡᠭᠡᠯᠡᠵᠦ᠂ ᠬᠦᠢᠴᠡᠳ ᠵᠦᠭᠡᠯᠡᠷᠡᠲᠡᠯ᠎ᠡ ᠡᠯᠲᠡᠬᠦ᠂ ᠬᠡᠳᠡᠷᠭᠡ ᠪᠠᠷ ᠡᠯᠲᠡᠬᠦ᠂ ᠡᠷᠴᠢᠯᠡᠨ ᠡᠯᠳᠡᠬᠦ ᠬᠡᠭᠦ ᠮᠡᠲᠦ ᠪᠠᠶᠢᠳᠠᠭ᠃ ᠶᠡᠷᠦᠩᠭᠡᠢ ᠳᠡᠭᠡᠨ ᠵᠤᠷᠢᠯᠭ᠎ᠠ ᠪᠠᠨ ᠦᠨᠳᠦᠰᠦᠯᠡᠵᠦ ᠢᠲᠡᠭᠡᠯᠡᠨ᠂ ᠡᠯᠳᠡᠵᠦ ᠪᠤᠯᠪᠠᠰᠤᠷᠠᠭᠤᠯᠳᠠᠭ᠃      ᠰᠢᠷᠢᠨ ᠰᠡᠶᠢᠯᠦᠮᠡᠯ ᠭᠡᠲᠡᠭ ᠨᠢ ᠶᠠᠭᠤ ᠪᠤᠢ︖      ᠰᠢᠷᠢ ᠬᠡᠳᠡᠭ ᠨᠢ ᠭᠤᠤᠯᠳᠠᠭᠤ ᠦᠭᠡᠷ ᠤᠨ ᠠᠷᠡᠰᠦ ᠶᠢ ᠢᠳᠡᠭᠡᠯᠡᠵᠦ ᠪᠤᠯᠪᠠᠰᠤᠷᠠᠭᠤᠯᠤᠭᠰᠡᠨ ᠠᠷᠡᠰᠦ ᠶᠢ ᠬᠡᠯᠡᠲᠡᠭ ᠪᠠᠶᠢᠨ᠎ᠡ᠃ ᠰᠢᠷᠢ ᠪᠠᠷ ᠭᠠᠷ ᠤᠷᠠᠯᠠᠯ ᠤᠨ ᠪᠦᠲᠦᠭᠡᠭᠲᠡᠭᠦᠨ ᠬᠢᠬᠦ ᠨᠢ ᠪᠦᠭᠡ ᠲᠠᠭᠠᠭᠠᠴᠡ ᠲᠠᠢ ᠪᠠᠶᠢᠳᠠᠭ  ᠠᠴᠠ ᠭᠠᠳᠠᠨ᠎ᠡ ᠭᠤᠶᠦ ᠡᠷᠬᠢᠮᠰᠦᠭ ᠪᠠᠶᠢᠳᠠᠭ ᠪᠠᠶᠢᠨ᠎ᠡ᠃      ᠠᠷᠡᠰᠦ ᠪᠤᠯᠪᠠᠰᠤᠷᠠᠭᠤᠯᠤᠨ ᠡᠯᠲᠡᠬᠦ ᠠᠩᠭᠢ ᠶᠢᠨ ᠪᠠᠭᠰᠢ — ᠮᠤᠩᠭᠤᠯ ᠤᠯᠤᠰ ᠤᠨ ᠤᠷᠠᠯᠠᠬᠤ ᠡᠷᠲᠡᠮ  ᠤᠨ ᠲᠡᠭᠡᠲᠦ ᠰᠤᠷᠭᠠᠭᠤᠯᠢ ᠶᠢᠨ ᠦᠨᠳᠦᠰᠦᠲᠡᠨ ᠤ ᠤᠯᠠᠮᠵᠢᠯᠠᠯᠲᠦ ᠤᠷᠠᠯᠠᠬᠤ ᠮᠡᠷᠭᠡᠵᠢᠯ ᠤᠨ ᠪᠠᠭᠰᠢ᠂ ᠰᠦᠨᠢᠳ ᠵᠡᠭᠦᠨ ᠬᠤᠰᠢᠭᠤᠨ ᠤ ᠶᠡᠷᠦᠩᠭᠡᠶᠢᠯᠡᠭᠰᠡᠨ ᠲᠡᠭᠡᠲᠦ ᠵᠡᠷᠭᠡ ᠶᠢᠨ ᠲᠤᠮᠳᠠᠲᠦ ᠰᠤᠷᠭᠠᠭᠤᠯᠢ ᠶᠢᠨ ᠤᠨᠴᠡ ᠤᠷᠢᠬᠰᠡᠨ ᠪᠠᠭᠰᠢ ᠲᠤᠯᠭᠠᠷᠮ᠎ᠡ      ᠰᠢᠷᠢᠨ ᠰᠡᠶᠢᠯᠦᠮᠡᠯ ᠬᠢᠬᠦ ᠠᠩᠭᠢ ᠶᠢᠨ ᠪᠠᠭᠰᠢ — ᠬᠦᠭᠡᠬᠤᠲᠡ ᠶᠢᠨ ᠲᠠᠷᠬᠠᠨ ᠠᠷᠡᠰᠦᠨ ᠤᠷᠠᠯᠠᠯ ᠤᠨ ᠦᠷᠦᠭᠡᠨ ᠤ ᠮᠡᠷᠭᠡᠵᠢᠯᠲᠡᠨ ᠯᠦᠩ ᠮᠦ᠋      ᠦᠨᠡᠨ ᠢ ᠦᠭᠦᠯᠡᠭᠦᠢ᠄      ᠤᠳᠤᠬᠠᠨ ᠳᠤ ᠬᠤᠨᠢ ᠢᠮᠠᠭᠠᠨ ᠤ ᠨᠤᠶᠢᠲᠡᠨ ᠠᠷᠡᠰᠦ ᠨᠢᠭᠡ ᠬᠤᠶᠠᠷ ᠲᠦᠭᠦᠷᠢᠭ ᠯᠡ ᠬᠦᠷᠴᠦ ᠪᠦᠷ ᠠᠪᠬᠤ ᠬᠦᠮᠦᠨ ᠦᠭᠡᠢ ᠬᠤᠭ ᠤᠨ ᠤᠪᠤᠭᠠᠨ ᠳᠤ ᠬᠠᠶᠠᠬᠳᠠᠳᠠᠭ ᠪᠠᠶᠢᠨ᠎ᠡ᠃ ᠦᠭᠡᠷ ᠤᠨ ᠠᠷᠡᠰᠦ ᠪᠠᠷᠤᠭ ᠬᠤᠶᠠᠷ ᠵᠠᠭᠤᠨ ᠲᠦᠭᠦᠷᠢᠭ ᠤᠷᠴᠢᠮ᠃ ᠵᠠᠬ᠎ᠠ ᠲᠡᠯᠭᠡᠭᠦᠷ ᠳᠠᠬᠢ ᠦᠭᠡᠷ ᠤᠨ ᠪᠦᠬᠦᠯᠢ ᠰᠢᠷᠢ ᠬᠤᠶᠠᠷ ᠮᠢᠩᠭ᠎ᠠ ᠤᠷᠴᠢᠮ᠂ ᠦᠰᠦᠲᠠᠢ ᠦᠮᠦᠲᠦ ᠭᠤᠷᠪᠠᠨ ᠵᠠᠭᠤ ᠠᠴᠠ ᠮᠢᠩᠭᠠᠨ ᠲᠦᠭᠦᠷᠢᠭ᠂ ᠴᠤᠯ ᠠᠷᠡᠰᠦᠨ ᠬᠦᠷᠮ᠎ᠡ ᠬᠡᠳᠤᠨ ᠮᠢᠩᠭ᠎ᠠ ᠬᠡᠬᠦ ᠮᠡᠳᠤᠴᠢᠯᠡᠨ ᠬᠡᠳᠤᠨ ᠲᠦᠭᠦᠷᠢᠭ᠂ ᠬᠡᠳᠤᠨ ᠵᠠᠭᠤᠨ ᠤ ᠦᠨ᠎ᠡ ᠪᠠᠷ ᠬᠤᠳᠠᠯᠳᠤᠭᠰᠡᠨ ᠠᠷᠡᠰᠦ ᠰᠢᠷᠢ ᠪᠤᠰᠤᠳ ᠤᠨ ᠪᠤᠯᠪᠠᠰᠤᠷᠠᠭᠤᠯᠤᠯᠲᠡ ᠪᠠᠷ ᠲᠠᠮᠵᠢᠨ ᠬᠡᠳᠤᠨ ᠵᠠᠭᠤᠨ ᠲᠡᠬᠢᠨ ᠦᠨ᠎ᠡ ᠪᠠᠷ ᠦᠰᠦᠨ᠎ᠡ᠃      ᠪᠤᠯᠪᠠᠰᠤᠷᠡᠯ ᠤᠨ ᠬᠡᠷᠡᠯ ᠬᠢᠯᠪᠠᠭ᠎ᠠ᠄      ᠪᠤᠯᠪᠠᠰᠤᠷᠡᠯ ᠳᠤ ᠤᠷᠤᠯᠴᠠᠭᠰᠠᠳ ᠦᠪᠡᠷᠰᠡᠳ ᠢᠶᠠᠨ ᠭᠠᠷ ᠬᠦᠲᠡᠯᠦᠯᠴᠠᠨ᠂ ᠠᠷᠡᠰᠦ ᠰᠤᠩᠭᠤᠬᠤ᠂ ᠵᠢᠷᠤᠬᠤ᠂ ᠴᠤᠬᠢᠬᠤ᠂ ᠰᠡᠶᠢᠯᠬᠦ᠂ ᠠᠷᠡᠰᠦ ᠢᠲᠡᠭᠡᠯᠡᠬᠦ᠂ ᠡᠯᠳᠡᠵᠦ ᠠᠰᠢᠬᠯᠠᠬᠤ ᠵᠡᠷᠭᠡ ᠦᠨᠳᠦᠰᠦᠨ ᠤᠷ᠎ᠡ ᠮᠡᠷᠭᠡᠵᠢᠯ ᠢ ᠪᠦᠬᠦ ᠲᠡᠯ᠎ᠡ  ᠪᠠᠷ ᠡᠵᠡᠮᠰᠢᠵᠦ ᠴᠢᠳᠠᠵᠠᠢ᠃      ᠦᠨ᠎ᠡ ᠲᠦᠯᠦᠪᠦᠷᠢ ᠦᠭᠡᠢ ᠬᠢᠴᠢᠶᠠᠯᠯᠠᠵᠦ ᠪᠠᠶᠢᠭ᠎ᠠ ᠲᠤᠰ ᠤᠳᠠᠭᠠᠨ ᠤ ᠪᠤᠯᠪᠠᠰᠤᠷᠡᠯ ᠨᠢ ᠤᠯᠠᠨ ᠲᠦᠮᠡᠨ ᠤ ᠦᠨᠳᠦᠰᠦᠲᠡᠨ ᠤ ᠤᠯᠠᠮᠵᠢᠯᠠᠯᠲᠦ ᠦᠪ ᠰᠤᠶᠤᠯ ᠢᠶᠠᠨ ᠵᠠᠯᠭᠠᠮᠵᠢᠯᠠᠨ ᠰᠤᠷᠴᠦ᠂ ᠮᠠᠯ ᠤᠨ ᠠᠰᠢᠭ ᠰᠢᠮ᠎ᠡ ᠪᠠᠨ ᠵᠦᠪ ᠠᠰᠢᠬᠯᠠᠨ ᠤᠷᠤᠯᠭ᠎ᠠ ᠪᠠᠨ ᠨᠡᠮᠡᠭᠲᠡᠭᠦᠯᠬᠦ ᠰᠢᠨ᠎ᠡ ᠤᠷ᠎ᠡ ᠮᠡᠷᠭᠡᠵᠢᠯ ᠢ ᠡᠵᠡᠮᠰᠢᠭᠦᠯᠦᠨ᠂ ᠦᠨᠡᠨᠬᠦ ᠠᠷᠡᠳ ᠲᠤ ᠠᠰᠢᠭ ᠬᠦᠷᠲᠡᠭᠡᠭᠰᠡᠨ ᠪᠤᠯᠪᠠᠰᠤᠷᠡᠯ ᠪᠤᠯᠤᠭᠰᠡᠨ ᠪᠠᠶᠢᠨ᠎ᠡ᠃                                                                          ᠨᠠᠶᠢᠷᠠᠭᠤᠯᠤᠭᠴᠢ᠄ ᠤᠶᠠᠬᠠᠨ                                        ᠬᠦᠢᠴᠡᠳᠭᠡᠭᠴᠢ ᠬᠢᠨᠠᠬᠴᠢ᠄ ᠸᠠᠩ ᠸᠧᠨ ᠶᠢᠩ                                        ᠶᠡᠷᠦᠩᠭᠡᠢ ᠬᠢᠨᠠᠬᠴᠢ᠄ ᠵᠠᠩ ᠬᠦᠢ ᠵᠧᠨ                                  ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号