| — ᠮᠠᠯᠴᠢᠨ ᠢᠷᠡᠭᠤ ᠨᠠᠶᠢᠷᠠᠭᠴᠢ ᠭᠠᠨᠵᠤᠤᠷ ᠤᠨ | ᠪᠢᠯᠢᠭᠪᠡᠭᠠᠳᠤᠷ ᠤᠨ ᠲᠤᠬᠠᠢ ᠲᠦᠭᠦᠮ ᠨᠠᠮᠳᠠᠷᠴᠢᠯᠡᠯ | | ᠵᠤᠨ ᠲᠡᠯᠭᠡᠷᠡᠲᠡᠭ ᠴᠡᠴᠡᠭ ᠤᠨ ᠲᠤᠬᠠᠢ | ᠵᠤᠤᠨ ᠲᠤ ᠤᠷᠤᠭᠤᠳᠠᠳᠠᠭ ᠬᠤᠨᠢᠳ ᠤᠨ ᠲᠤᠬᠠᠢ | ᠵᠤᠯᠤᠭ ᠨᠢ ᠬᠠᠭᠵᠠᠷᠠᠭᠰᠡᠨ ᠭᠤᠳᠤᠯ ᠤᠨ ᠲᠤᠬᠠᠢ | ᠵᠤᠯᠠᠢ ᠨᠢ ᠬᠠᠯᠵᠠᠷᠠᠭᠰᠡᠨ ᠨᠤᠳᠤᠭ ᠤᠨ ᠲᠤᠬᠠᠢ | ᠨᠢᠯᠪᠤᠰᠤᠨ ᠳᠤ ᠭᠠᠩᠳᠠᠵᠦ ᠢᠨᠢᠶᠠᠳᠤᠨ ᠳᠤ ᠴᠡᠩᠭᠡᠷᠯᠡᠲᠡᠭ | ᠬᠤᠨᠢᠨ ᠤ ᠪᠡᠯᠴᠢᠭᠡᠷ ᠲᠤ ᠰᠢᠯᠦᠭ ᠮᠢᠨᠢ ᠲᠦᠷᠦᠲᠡᠭ ᠶᠤᠮ᠃ | ᠠᠮᠠᠷᠠᠭ ᠲᠤ ᠪᠠᠨ ᠭᠡᠵᠦ ᠠᠶᠠᠭᠠᠯᠠᠭᠰᠡᠨ ᠴᠠᠢ ᠳᠤ ᠨᠢ | ᠠᠷᠪᠠᠳ ᠤᠨ ᠰᠠᠷ᠎ᠡ ᠲᠡᠷᠭᠡᠯᠭᠡᠨ ᠬᠠᠩᠬᠤᠯᠠᠳᠠᠭ | ᠠᠷᠪᠢᠨ ᠰᠠᠶᠢᠬᠠᠨ ᠦᠯᠢᠭᠡᠷ ᠰᠢᠪᠡᠨᠡᠵᠦ | ᠠᠯᠳᠠᠨᠰᠠᠭ ᠨᠠᠷ᠎ᠡ ᠪᠠᠨ ᠠᠮᠰᠠᠩᠬᠠᠨ ᠱᠣᠣᠬᠢᠳᠠᠭ | ᠬᠤᠯᠠ ᠶᠢᠨ ᠠᠶᠠᠨ ᠤ ᠲᠠᠨᠢᠭᠦᠨ ᠵᠡᠭᠦᠲᠦ | ᠬᠤᠨᠢᠨ ᠤ ᠪᠡᠯᠴᠢᠭᠡᠷ ᠲᠤ ᠰᠢᠯᠦᠭ ᠮᠢᠨᠢ ᠲᠦᠷᠦᠲᠡᠭ ᠶᠤᠮ᠃ | ᠡᠶᠢᠨᠬᠦ ᠮᠤᠩᠭᠤᠯ ᠨᠤᠳᠤᠭ᠂ ᠮᠠᠯᠴᠢᠨ ᠠᠮᠢᠳᠤᠷᠡᠯ ᠤᠨ ᠢᠶᠠᠨ ᠶᠠᠭᠤ ᠪᠦᠬᠦᠨ ᠠᠴᠠ ᠨᠠᠶᠢᠷᠠᠭ ᠤᠨ ᠮᠠᠳᠠᠷᠠᠮᠵᠢ | ᠬᠦᠷᠲᠡᠵᠦ ᠵᠢᠷᠭᠤᠭᠠᠨ ᠨᠠᠰᠤᠳᠠᠢ ᠪᠠᠭᠠᠴᠤᠤᠯ ᠠᠴᠠ ᠵᠢᠷᠠᠨ ᠨᠠᠰᠤᠳᠠᠢ ᠨᠠᠰᠤᠳᠠᠶᠢᠴᠤᠤᠯ ᠬᠦᠷᠲᠡᠯ᠎ᠡ ᠤᠶᠢᠯᠠᠭᠠᠨ | ᠮᠠᠳᠠᠷᠠᠵᠦ ᠴᠢᠳᠠᠳᠠᠭ᠂ ᠰᠦᠷᠦᠭ ᠤᠨ ᠪᠡᠷ᠎ᠡ ᠲᠤᠳᠤᠷᠠᠵᠦ ᠰᠦᠨ ᠤ ᠦᠨᠦᠷ ᠬᠠᠩᠬᠤᠯᠤᠭᠰᠡᠨ ᠤᠯᠠᠨ ᠰᠠᠶᠢᠬᠠᠨ | ᠢᠷᠡᠭᠤ ᠨᠠᠶᠢᠷᠠᠭ ᠪᠢᠴᠢᠭᠯᠡᠵᠦ᠂ ᠬᠦᠮᠦᠨ ᠵᠤᠨ ᠤ ᠪᠠᠨ ᠰᠡᠳᠬᠢᠯ ᠳᠤ ᠬᠠᠶᠢᠷᠠᠯᠠᠬᠳᠠᠵᠦ ︽ᠰᠦᠨ ᠤ ᠦᠨᠦᠷ ᠲᠠᠢ | ᠢᠷᠡᠭᠤ ᠨᠠᠶᠢᠷᠠᠭᠴᠢ︾ ᠬᠡᠮᠡᠨ ᠠᠷᠡᠳ ᠲᠦᠮᠡᠨ ᠪᠠᠷ ᠢᠶᠠᠨ ᠦᠨᠡᠯᠡᠭᠦᠯᠵᠦ ᠶᠠᠪᠤᠭ᠎ᠠ ᠬᠦᠮᠦᠨ ᠪᠤᠯ ᠮᠠᠯᠴᠢᠨ ᠢᠷᠡᠭᠤ | ᠨᠠᠶᠢᠷᠠᠬᠴᠢ — ᠭᠠᠨᠵᠤᠤᠷ ᠤᠨ ᠪᠢᠯᠢᠭᠪᠡᠭᠠᠳᠤᠷ ᠪᠢᠯᠡ ᠡ︕ | ᠲᠠᠷᠡ ᠪᠠᠷ 1972 ᠤᠨ ᠬᠠᠷ᠎ᠡ ᠬᠤᠯᠤᠭᠠᠨ᠎ᠡ ᠵᠢᠯ ᠤᠨ ᠵᠤᠨ᠂ ᠲᠠᠷᠬᠠᠨ ᠮᠤᠤᠮᠢᠩᠭᠠᠨ ᠬᠤᠯᠪᠤᠭᠠᠲᠦ | ᠬᠤᠰᠢᠭᠤᠨ ᠤ ᠤᠤᠯ ᠤᠨ ᠪᠠᠶᠠᠠᠵᠢᠷᠤᠭᠡ ᠰᠤᠮᠤᠨ ᠤ ᠪᠠᠶᠠᠠᠬᠠᠩᠭᠠᠢ ᠭᠠᠴᠠᠭᠠᠨ ᠤ ᠨᠤᠭᠤᠭᠠᠨᠪᠤᠯᠠᠭ ᠤᠨ ᠡᠩᠭᠡᠷ ᠬᠡᠮᠡᠬᠦ | ᠭᠠᠵᠠᠷ ᠤᠰᠤᠨ ᠳᠤ ᠮᠠᠯᠴᠢᠨ ᠭᠠᠨᠵᠤᠤᠷ᠂ ᠬᠤᠷᠯᠸ᠎ᠠ ᠬᠤᠶᠠᠷ ᠭᠤᠸᠠᠢ ᠶᠢᠨ ᠤᠤᠭᠠᠨ ᠦᠷ᠎ᠡ ᠪᠠᠷ ᠵᠠᠶᠠᠭᠠᠵᠠᠢ᠃ | 1992 ᠤᠨ ᠤ ᠵᠤᠨ ᠦᠨᠳᠦᠷ ᠲᠤᠮᠲᠠ ᠪᠠᠨ ᠲᠡᠭᠦᠰᠴᠦ ᠮᠠᠯᠴᠢᠨ ᠠᠮᠢᠳᠤᠷᠡᠯ ᠢᠶᠠᠨ ᠡᠬᠢᠯᠡᠭᠦᠯᠦᠭᠰᠡᠨ᠂ ᠲᠡᠷᠡ | ᠦᠶ᠎ᠡ ᠠᠴᠠ ᠯᠡ ᠰᠦᠨ ᠤ ᠦᠨᠦᠷ ᠲᠠᠢ ᠢᠷᠡᠭᠤ ᠨᠠᠶᠢᠷᠠᠬᠴᠢ ᠪᠤᠯᠬᠤ ᠶᠢᠨ ᠠᠩᠬᠠᠨ ᠤ ᠠᠯᠬᠤᠮ ᠢ ᠠᠯᠬᠤᠭᠰᠡᠨ | ᠪᠠᠶᠢᠵᠠᠢ᠃ | 1989 ᠤᠨ ᠤ ᠬᠠᠪᠤᠷ ᠠᠷᠪᠠᠨ ᠲᠤᠯᠤᠭᠠᠨ ᠨᠠᠰᠤᠨ ᠳᠠᠭᠠᠨ ᠠᠩᠬᠠᠨ ᠤ ᠪᠦᠲᠦᠭᠡᠯ ︽ᠨᠠᠶᠢᠷ︾ ᠬᠡᠬᠦ | ᠰᠢᠯᠦᠭ ᠢᠶᠠᠨ ᠤᠯᠠᠭᠠᠨᠴᠡᠪ ᠤᠨ ᠡᠳᠤᠷ ᠤᠨ ᠰᠤᠨᠢᠨ ᠳᠤ ᠨᠡᠶᠢᠲᠡᠯᠡᠭᠦᠯᠵᠦ᠂ ᠬᠦᠯ ᠭᠠᠵᠠᠷ ᠬᠦᠷᠬᠦ ᠦᠭᠡᠢ | ᠪᠠᠶᠠᠷᠯᠠᠭᠰᠡᠨ ᠲᠡᠷᠡ ᠮᠦᠴᠡ ᠠᠴᠠ ᠡᠬᠢᠯᠡᠨ ᠪᠢᠯᠢᠭᠪᠡᠭᠠᠳᠤᠷ ᠮᠠᠨᠢ ᠨᠠᠶᠢᠷᠠᠭ ᠤᠨ ᠵᠢᠯᠤᠭᠤ ᠴᠢᠩᠭᠠᠯᠠᠵᠦ ᠦᠨᠳᠡᠶᠢᠭᠰᠡᠨ | ᠢᠶᠠᠨ 1993 ᠤᠨ ᠤ ᠨᠠᠮᠦᠷ᠂ ︽ᠠᠷᠤᠭ ᠡᠭᠦᠷᠦᠭᠰᠡᠨ ᠠᠪᠤ ᠶᠢᠨ ᠮᠢᠨᠢ ᠪᠠᠷ᠎ᠡ︾ ᠬᠡᠮᠡᠬᠦ ᠰᠢᠯᠦᠭ ᠢᠶᠠᠨ ︽ᠴᠡᠯᠡᠭᠡᠷ | ᠲᠡᠯ᠎ᠡ︾ ᠰᠡᠳᠭᠦᠯ ᠳᠤ ᠲᠠᠯᠪᠢᠵᠦ ᠤᠯᠠᠮ ᠠᠴᠠ ᠤᠷᠮᠠᠰᠢᠨ ᠬᠤᠷᠳᠤᠨ ᠬᠦᠯᠦᠭ ᠤᠨ ᠲᠤᠭᠤᠷᠠᠢ ᠡᠷᠴᠢᠯᠡᠭᠦᠯᠦᠰᠡᠨ | ᠬᠡᠲᠡᠭ᠃ ᠲᠡᠭᠡᠭᠡᠳ ᠯᠡ ᠮᠠᠯᠵᠢᠬᠤ ᠠᠮᠢᠳᠤᠷᠡᠯ ᠤᠨ ᠵᠠᠪ ᠴᠢᠯᠦᠭᠡ ᠪᠠᠷ ᠬᠦᠲᠡᠭᠡ ᠨᠤᠳᠤᠭ ᠤᠨ ᠢᠶᠠᠨ ᠤᠷᠴᠢᠬᠤ | ᠲᠦᠷᠪᠠᠨ ᠤᠯᠠᠷᠢᠯ ᠤᠨ ᠠᠭᠤᠯᠠ ᠤᠰᠤ ᠪᠠᠷ ᠪᠠᠭ᠋ᠠᠳᠤᠵᠦ᠂ ᠤᠯᠠᠨ ᠰᠠᠶᠢᠬᠠᠨ ᠢᠷᠡᠭᠤ ᠨᠠᠶᠢᠷᠠᠭ ᠪᠢᠴᠢᠭᠯᠡᠵᠦ | ᠶᠠᠪᠤᠬᠰᠡᠨ ᠢᠶᠠᠨ 1997 ᠤᠨ ᠪᠤᠯᠬᠤ ᠳᠤ᠂ ︽ᠰᠠᠷᠡᠨ ᠤ ᠬᠡᠷᠡᠯ ᠠᠴᠠ ᠰᠦ ᠬᠠᠩᠬᠤᠯᠤᠨᠡ︾᠂ ︽ᠬᠤᠨᠢᠨ ᠤ | ᠪᠡᠯᠴᠢᠭᠡᠷ ᠲᠤ ᠰᠢᠯᠦᠭ ᠮᠢᠨᠢ ᠲᠦᠷᠦᠲᠡᠭ︾᠂ ︽ᠰᠡᠳᠬᠢᠯ ᠤᠨ ᠶᠡᠭᠡ ᠬᠤᠷᠮᠤᠢ ᠦᠪᠦᠷ ᠮᠤᠩᠭᠤᠯ ᠮᠢᠨᠢ︾ ᠬᠡᠬᠦ ᠮᠠᠲᠦ | ᠶᠢᠨ ᠴᠢᠨᠠᠷᠯᠢᠭ ᠲᠤᠷᠪᠢᠯᠢᠭ ᠪᠦᠲᠦᠭᠡᠯ ᠤᠳ ᠢᠶᠠᠨ ︽ᠦᠨᠢᠷ ᠴᠡᠴᠡᠭ︾ ︽ᠬᠤᠨ ᠭᠠᠯᠠᠭᠤ︾ ︽ᠴᠡᠯᠡᠭᠡᠷ ᠲᠡᠯ᠎ᠡ︾ ᠵᠡᠷᠭᠡ | ᠰᠡᠳᠬᠦᠯ ᠢᠶᠠᠷ ᠨᠠᠶᠢᠳᠠᠯᠡᠭᠦᠯᠵᠦ᠂ ᠤᠰᠤ ᠨᠤᠳᠤᠭ ᠤᠨ ᠢᠶᠠᠨ ᠬᠦᠮᠦᠨ ᠵᠤᠨ ᠳᠤ ᠰᠢᠯᠦᠭ ᠨᠠᠶᠢᠷᠠᠭ ᠢᠶᠠᠷ ᠢᠶᠠᠨ | ᠮᠡᠲᠡᠷᠡᠭᠲᠡᠵᠦ᠂ ᠢᠷᠡᠭᠤ ᠨᠠᠶᠢᠷᠠᠭᠴᠢ ᠪᠤᠯᠬᠤ ᠶᠢᠨ ᠠᠩᠬᠠᠨ ᠤ ᠭᠠᠷᠤᠭ᠎ᠠ ᠪᠠᠨ ᠠᠮᠵᠢᠯᠲᠡ ᠲᠠᠢ ᠮᠦᠷᠲᠡᠭᠡᠨ ᠯᠠᠪᠳᠠᠭᠤᠨ | ᠰᠠᠶᠢᠬᠠᠨ ᠲᠠᠯᠪᠢᠬᠰᠡᠨ ᠪᠠᠶᠢᠨ᠎ᠡ᠃ | ᠢᠷᠡᠭᠤ ᠨᠠᠶᠢᠷᠠᠬᠴᠢ ᠭᠡᠵᠦ ᠡᠭᠡ ᠤᠷᠤᠨ᠂ ᠠᠷᠡᠳ ᠲᠦᠮᠡᠨ ᠤ ᠪᠠᠨ ᠡᠮᠦᠨ᠎ᠡ ᠠᠴᠠ ᠪᠤᠰᠴᠦ ᠵᠤᠬᠰᠤᠭᠰᠡᠨ | ᠬᠦᠮᠦᠨ ᠪᠠᠶᠢᠳᠠᠭ ᠪᠤᠯ᠂ ᠢᠷᠡᠭᠤ ᠨᠠᠶᠢᠷᠠᠬᠴᠢ ᠭᠡᠵᠦ᠂ ᠢᠵᠠᠭᠤᠷ ᠰᠤᠶᠤᠯ᠂ ᠤᠬᠰᠠᠭ᠎ᠠ ᠦᠨᠳᠦᠰᠦᠲᠡᠨ ᠤ ᠪᠠᠨ ᠡᠮᠦᠨ᠎ᠡ | ᠠᠴᠠ ᠦᠭᠦᠨ ᠵᠢᠳᠭᠦᠭᠰᠡᠨ ᠬᠦᠮᠦᠨ ᠪᠠᠶᠢᠳᠠᠭ ᠪᠤᠯ ᠭᠠᠨᠵᠤᠤᠷ ᠤᠨ ᠪᠢᠯᠢᠭᠪᠡᠭᠠᠳᠤᠷ ᠲᠡᠭᠦᠨ ᠤ ᠨᠢᠭᠡᠨ ᠮᠦᠨ ᠭᠡᠲᠡᠭ | ᠢ ᠲᠡᠭᠦᠨ ᠤ ᠤᠶᠢᠭ᠎ᠠ ᠦᠭᠡᠢ ᠴᠢᠷᠮᠠᠶᠢᠯᠭ᠎ᠠ᠂ ᠴᠦᠭᠦᠷᠡᠯ ᠦᠭᠡᠢ ᠪᠡᠶ᠎ᠡ ᠰᠡᠳᠬᠢᠯ ᠤᠨ ᠬᠦᠲᠡᠯᠮᠦᠷᠢ ᠬᠡᠷᠡᠴᠢᠯᠡᠵᠦ ᠪᠤᠢ︕ | ᠲᠡᠷᠡ ︽ᠰᠡᠳᠬᠢᠯ ᠤᠨ ᠶᠡᠭᠡ ᠬᠤᠷᠮᠤᠢ ᠦᠪᠦᠷ ᠮᠤᠩᠭᠤᠯ ᠮᠢᠨᠢ︾ ᠬᠡᠬᠦ ᠰᠢᠯᠦᠭ ᠳᠡᠭᠡᠨ | ᠲᠦᠮᠡᠨ ᠤᠯᠠᠨ ᠤ ᠪᠠᠨ ᠭᠠᠷ ᠰᠡᠳᠬᠢᠯ ᠳᠤ | ᠲᠤᠳᠢ ᠶᠢᠨ ᠬᠡᠯᠡ ᠪᠠᠷ ᠰᠢᠯᠦᠭ ᠪᠢᠴᠢᠨ᠎ᠡ | ᠲᠦᠪᠰᠢᠨ ᠲᠠᠨ ᠤ ᠪᠠᠨ ᠭᠠᠯ ᠢᠲᠡᠭᠡᠯ ᠳᠤ | ᠲᠤᠭᠤᠰᠤᠨ ᠳᠤ ᠪᠤᠯᠠᠬᠳᠠᠬᠤ ᠬᠦᠯᠦᠭ ᠰᠤᠷᠢᠬᠤ ᠦᠭᠡᠢ ᠭᠡᠵᠦ ᠤᠶᠠᠩᠭᠠᠯᠠᠵᠦ᠂ ᠡᠭᠡ ᠤᠷᠤᠨ ᠠᠷᠡᠳ | ᠲᠦᠮᠡᠨ ᠳᠡᠭᠡᠨ ᠲᠠᠩᠭᠠᠷᠢᠬᠯᠠᠭᠰᠡᠨ ᠪᠠᠶᠢᠳᠠᠭ᠃ ᠶᠠᠭ ᠡᠨᠡᠬᠦ ᠠᠨᠳᠠᠭᠠᠢ ᠪᠠᠨ ᠪᠤᠳᠠᠳᠦ ᠤᠶᠢᠯᠠ ᠠᠵᠢᠯᠯᠠᠭ᠎ᠠ ᠪᠠᠷ ᠢᠶᠠᠨ | ᠪᠡᠶᠡᠯᠡᠭᠦᠯᠵᠦ ᠴᠢᠳᠠᠭᠰᠡᠨ ᠲᠡᠷᠡ᠂ ᠶᠡᠷᠦᠳᠡᠭᠡᠨ ᠤᠩᠰᠢᠬᠴᠢ ᠲᠦᠮᠡᠨ ᠳᠡᠭᠡᠨ ᠭᠠᠵᠠᠷᠳᠠᠬᠤ ᠰᠢᠯᠦᠭ ᠲᠤᠰᠢᠶᠠᠵᠦ | ᠦᠩᠭᠡᠷᠡᠭᠡ ᠦᠭᠡᠢ ᠯᠡ ᠬᠦᠮᠦᠨ ᠳ᠋ᠠ︕ | ᠪᠢᠯᠢᠭᠪᠡᠭᠠᠳᠤᠷ 2001 ᠤᠨ ᠳᠤ ᠪᠤᠯᠤᠭᠰᠡᠨ ᠪᠦᠬᠦ ᠤᠯᠤᠰ ᠤᠨ ᠬᠡᠪᠴᠢᠶᠠᠨ ᠤ ᠠᠩᠬᠠᠳᠤᠭᠠᠷ ᠤᠳᠠᠭᠠᠨ | ᠤ ︽ᠮᠦᠩᠭᠡ ᠲᠡᠭᠷᠢ ᠬᠤᠨᠳᠠᠭᠠᠲᠦ︾ ᠢᠷᠡᠭᠤ ᠨᠠᠶᠢᠷᠠᠭ ᠤᠨ ᠨᠠᠭᠠᠳᠤᠮ ᠳᠤ ᠤᠷᠤᠯᠴᠠᠭᠰᠡᠨ ᠠᠴᠠ ᠬᠤᠶᠢᠰᠢ 2004 | ᠤᠨ ᠳᠤ ᠪᠤᠭᠤᠲᠦ ᠬᠤᠲᠡ ᠶᠢᠨ ᠠᠩᠬᠠᠳᠤᠭᠠᠷ ᠤᠳᠠᠭᠠᠨ ᠤ ︽ᠤᠶᠠᠩᠭ᠎ᠠ ᠶᠢᠨ ᠬᠠᠯᠬᠢᠶᠡ︾ ᠲᠧᠯᠸᠢᠰ ᠱᠠᠩᠨᠠᠯᠲᠦ | ᠢᠷᠡᠭᠤ ᠨᠠᠶᠢᠷᠠᠭ ᠤᠨ ᠨᠠᠭᠠᠳᠤᠮ ᠤᠨ ᠭᠤᠷᠪᠠᠳᠤᠭᠠᠷ ᠪᠠᠶᠢᠷᠢ᠂ 2007 ᠤᠨ ᠳᠤ ᠦᠪᠦᠷ ᠮᠤᠩᠭᠤᠯ ᠤᠨ | ᠦᠪᠡᠷᠲᠡᠭᠡᠨ ᠵᠠᠰᠠᠬᠤ ᠤᠷᠤᠨ ᠤ ᠮᠤᠩᠭᠤᠯ ᠭᠡᠯᠡ ᠪᠢᠴᠢᠭ ᠰᠤᠷᠴᠦ ᠬᠡᠷᠡᠭᠯᠡᠬᠦ ᠠᠵᠢᠯ ᠤᠨ ᠭᠤᠷᠪᠠᠳᠤᠭᠠᠷ ᠲᠡᠰ ᠤᠨ | ᠭᠠᠪᠢᠶᠠᠳᠠᠨ᠂ 2016 ᠤᠨ ᠳᠤ ᠲᠡᠯᠡᠭᠡᠢ ᠶᠢᠨ ᠢᠷᠠᠭᠤ ᠨᠠᠶᠢᠷᠠᠭ ᠤᠨ ᠡᠳᠤᠷ ᠢ ᠪᠡᠯᠭᠡᠯᠡᠬᠦ ᠲᠠᠷᠬᠠᠨ ᠮᠤᠤᠮᠢᠩᠭᠠᠨ | ᠬᠤᠯᠪᠤᠭᠠᠲᠦ ᠬᠤᠰᠢᠭᠤᠨ ᠤ ︽ᠴᠡᠩᠭᠡᠷ ᠠᠶᠢᠪᠠᠭ᠎ᠠ︾ ᠢᠷᠡᠭᠤ ᠨᠠᠶᠢᠷᠠᠭ ᠤᠨ ᠨᠠᠭᠠᠳᠤᠮ ᠤᠨ ᠪᠦᠲᠦᠭᠡᠯ ᠤᠨ | ᠤᠷᠤᠯᠳᠤᠭᠠᠨ ᠳᠤ ︽ᠲᠠᠷᠡᠰᠦ ᠱᠤᠤᠬᠢᠵᠦ ᠪᠠᠶᠢᠨ᠎ᠡ︾ ᠬᠡᠬᠦ ᠰᠢᠯᠦᠭ ᠪᠠᠷ ᠢᠶᠠᠨ ᠲᠠᠷᠢᠭᠦᠨ ᠪᠠᠶᠢᠷᠢ ᠳᠤ ᠲᠤᠳᠤᠷᠠᠵᠦ᠂ | 2017 ᠤᠨ ᠳᠤ ᠪᠤᠯᠤᠭᠰᠡᠨ ᠤᠷᠠᠳ ᠤᠨ ᠬᠤᠶᠢᠲᠦ ᠬᠤᠰᠢᠭᠤᠨ ᠤ ᠴᠤᠠᠠᠦ᠋ᠨᠳᠤᠷ ᠪᠠᠯᠭᠠᠰᠤᠨ ᠤ ᠠᠩᠬᠠᠳᠤᠭᠠᠷ | ᠤᠳᠠᠭᠠᠨ ᠤ ︽ᠴᠤᠭ ᠤᠨ ᠴᠤᠤᠷᠢᠶ᠎ᠡ︾ ᠬᠤᠳᠠᠭᠠᠲᠦ ᠢᠷᠡᠭᠤ ᠨᠠᠶᠢᠷᠠᠭ ᠤᠨ ᠨᠠᠭᠠᠳᠤᠮ ᠤᠨ ᠲᠡᠳ᠋ ᠪᠠᠶᠢᠷᠢ᠂ 2017 | ᠤᠨ ᠤ ᠡᠪᠤᠯ᠂ ᠠᠯᠠᠱᠡ ᠪᠠᠷᠠᠭᠤᠨ ᠬᠤᠰᠢᠭᠤᠨ ᠳᠤ ᠪᠤᠯᠤᠭᠰᠡᠨ ᠪᠦᠬᠦ ᠤᠯᠤᠰ ᠤᠨ ᠨᠠᠢᠮᠠᠨ ᠮᠤᠵᠢ ᠤᠷᠤᠨ ᠤ | ᠠᠩᠬᠠᠳᠤᠭᠠᠷ ᠤᠳᠠᠭᠠᠨ ᠤ ︽ᠡᠯᠡᠰᠦᠨ ᠡᠷᠢᠶ᠎ᠡ︾ ᠮᠠᠯᠴᠢᠨ ᠢᠷᠡᠭᠤ ᠨᠠᠶᠢᠷᠠᠬᠴᠢᠳ ᠤᠨ ᠨᠠᠭᠠᠳᠤᠮ ᠳᠤ ︽ᠨᠠᠷᠡᠨ ᠤ | ᠪᠤᠰᠤᠭ᠎ᠠ ᠨᠡᠭᠦᠲᠡᠯ︾ ᠬᠡᠮᠡᠬᠦ ᠰᠢᠯᠦᠭ ᠢᠶᠠᠷ ᠢᠶᠠᠨ ᠲᠡᠷᠢᠭᠦᠨ ᠪᠠᠶᠢᠷᠢᠨ ᠳᠤ ᠲᠤᠳᠤᠷᠡᠵᠦ᠂ ᠠᠳᠠᠨ ᠲᠡᠮᠡᠭᠡ ᠬᠦᠲᠦᠯᠡᠭᠰᠡᠨ | ᠪᠡ 2018 ᠤᠨ ᠤ 5 ᠰᠡᠷ᠎ᠡ ᠳᠤ ᠪᠠᠶᠠᠨᠨᠠᠭᠤᠷ ᠬᠤᠲᠡ ᠶᠢᠨ ︽ᠤᠷᠠᠳ ᠬᠤᠨᠳᠠᠭᠠᠲᠦ︾ ᠤᠷᠠᠨ ᠵᠤᠬᠢᠶᠠᠯ ᠤᠨ | ᠤᠷᠤᠯᠳᠤᠭᠠᠨ ᠳᠤ ︽ᠠᠳᠤᠭᠤᠨ ᠰᠠᠯᠬᠢᠨ ᠤ ᠦᠵᠦᠭᠦᠷ ᠠᠴᠠ ᠠᠯᠳᠠᠨ ᠵᠠᠭᠠᠷ ᠤᠨ ᠦᠨᠦᠷ ᠬᠠᠩᠬᠤᠯᠤᠨᠡ︾ ᠭᠡᠲᠡᠭ | ᠰᠢᠯᠦᠭ ᠢᠶᠠᠷ ᠢᠶᠠᠨ ᠲᠡᠷᠢᠭᠦᠯᠡᠵᠦ᠂ 2018 ᠤᠨ ᠤ 6 ᠰᠡᠷ᠎ᠡ ᠳᠤ ᠪᠤᠯᠤᠭᠰᠡᠨ ᠪᠠᠶᠠᠨᠨᠠᠭᠤᠷ ᠬᠤᠲᠡ ᠶᠢᠨ ︽ᠮᠠᠯᠴᠢᠨ | ᠲᠠᠷᠢᠶᠠᠴᠢᠨ ᠤ ᠤᠷᠠᠨ ᠲᠤᠳᠤ ᠤᠩᠰᠢᠯᠭ᠎ᠠ ᠶᠢᠨ ᠤᠷᠤᠯᠳᠤᠭᠠᠨ︾ ᠳᠤ ︽ᠬᠤᠨᠢᠨ ᠤ ᠪᠡᠯᠴᠢᠭᠡᠷ ᠲᠤ ᠰᠢᠯᠦᠭ ᠮᠢᠨᠢ | ᠲᠦᠷᠦᠲᠡᠭ︾ ᠬᠡᠮᠡᠬᠦ ᠢᠷᠡᠭᠤ ᠨᠠᠶᠢᠷᠠᠭ ᠢᠶᠠᠷ ᠢᠶᠠᠨ ᠲᠡᠷᠢᠭᠦᠨ ᠱᠠᠩ ᠲᠤᠰᠤᠭᠰᠡᠨ ᠵᠡᠷᠭᠡ ᠮᠠᠰᠢ ᠤᠯᠠᠨ ᠢᠷᠡᠭᠤ | ᠠᠯᠳᠠᠷ ᠢᠶᠠᠷ ᠮᠢᠯᠢᠶᠠᠯᠭᠠᠵᠦ ᠶᠠᠪᠤᠭ᠎ᠠ ᠮᠠᠯᠴᠢᠨ ᠢᠷᠡᠭᠤ ᠨᠠᠶᠢᠷᠠᠬᠴᠢ ᠪᠢᠯᠡ ᠡ︕ | ᠤᠩᠰᠢᠬᠴᠢ ᠲᠦᠮᠡᠨ ᠤ ᠪᠠᠨ ᠰᠡᠳᠬᠢᠯ ᠤᠨ ᠬᠠᠷᠢᠭᠤ ᠳᠤ ᠤᠶᠢᠳᠤᠮᠠᠷ ᠦᠭᠡᠢ ᠰᠢᠯᠦᠭ ᠪᠢᠴᠢᠵᠦ | ᠦᠡᠭᠭᠡᠷᠡᠭᠡ ᠦᠭᠡᠢ ᠰᠦᠷᠦᠭ ᠮᠠᠯ ᠤᠨ ᠢᠶᠠᠨ ᠪᠡᠯᠴᠢᠭᠡᠷ ᠲᠤ ᠨᠠᠶᠢᠷᠠᠯᠠᠵᠦ ᠶᠠᠪᠤᠭ᠎ᠠ ᠰᠦᠨ ᠤ ᠦᠨᠦᠷ ᠲᠠᠢ ᠢᠷᠡᠭᠤ | ᠨᠠᠶᠢᠷᠠᠭᠴᠢ ᠭᠠᠨᠵᠤᠤᠷ ᠤᠨ ᠪᠢᠯᠢᠭᠪᠡᠭᠠᠳᠤᠷ ᠤᠨ ᠢᠶᠠᠨ ᠢᠷᠡᠭᠤ ᠨᠠᠶᠢᠷᠠᠭ ᠤᠨ ᠬᠢᠨᠢ ᠤᠩᠭᠤᠳ ᠬᠡᠵᠢᠶᠡᠲᠡ ᠪᠠᠶᠢᠵᠦ | ᠢᠷᠭᠠᠢ ᠲᠡᠯᠭᠡᠷᠡᠭᠰᠡᠨ ᠨᠠᠶᠢᠷᠠᠭ ᠤᠨ ᠵᠠᠮ ᠨᠢ ᠲᠠᠩᠲᠡ ᠰᠠᠷᠠᠭᠤᠯᠬᠠᠨ ᠪᠠᠶᠢᠬᠤ ᠶᠢᠨ ᠰᠠᠶᠢᠬᠠᠨ ᠢᠷᠦᠭᠡᠯ ᠢ ᠡᠷᠭᠦᠶ᠎ᠡ︕ | | ᠨᠠᠶᠢᠷᠠᠭᠤᠯᠤᠭᠴᠢ᠄ ᠤᠶᠠᠬᠠᠨ | ᠬᠦᠢᠴᠡᠳᠭᠡᠭᠴᠢ ᠬᠢᠨᠠᠬᠴᠢ᠄ ᠸᠠᠩ ᠸᠧᠨ ᠶᠢᠩ | ᠶᠡᠷᠦᠩᠭᠡᠢ ᠬᠢᠨᠠᠬᠴᠢ᠄ ᠵᠠᠩ ᠬᠦᠢ ᠵᠧᠨ | ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ |