| | | | | | | | | | 6 ᠰᠡᠷ᠎ᠡ ᠶᠢᠨ 29 ᠤ ᠡᠳᠤᠷ᠂ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠪᠦᠭᠡᠴᠤᠳ᠂ | ᠬᠤᠰᠢᠭᠤᠨ ᠤ ᠤᠯᠠᠮᠵᠢᠯᠠᠯᠲᠦ ᠪᠡᠶ᠎ᠡ ᠲᠠᠮᠢᠷ ᠤᠨ ᠨᠡᠶᠢᠭᠡᠮᠯᠢᠭ ᠪᠡ ᠮᠢᠩᠭᠠᠨ ᠪᠠᠯᠭᠠᠰᠤᠨ ᠤ ᠵᠠᠰᠠᠭ ᠤᠨ ᠤᠷᠳᠤᠨ ᠲᠠᠢ | ᠬᠠᠮᠵᠢᠯᠴᠠᠨ᠂ ᠮᠢᠩᠭᠠᠨ ᠪᠠᠯᠭᠠᠰᠤᠨ ᠤ ᠪᠠᠶᠠᠨᠬᠠᠩᠭᠠᠢ ᠭᠠᠴᠠᠭᠠᠨ ᠳᠠᠬᠢ ᠪᠦᠭᠡ ᠪᠤᠷᠵᠢᠨ ᠤ ᠴᠢᠯᠠᠭᠤ ᠶᠢ ᠶᠤᠰᠤᠴᠢᠯᠠᠨ | ᠲᠠᠬᠢᠭᠰᠡᠨ ᠪᠠᠶᠢᠨ᠎ᠡ᠃ ᠲᠠᠬᠢᠯᠭ᠎ᠠ ᠳᠤ ᠬᠤᠰᠢᠭᠤᠨ ᠤ ᠤᠯᠠᠮᠵᠢᠯᠠᠯᠲᠦ ᠪᠡᠶ᠎ᠡ ᠲᠠᠮᠢᠷ ᠤᠨ ᠨᠡᠶᠢᠭᠡᠮᠯᠢᠭ ᠤᠨ ᠬᠡᠰᠢᠭᠦᠳ᠂ | ᠮᠢᠩᠭᠠᠨ ᠪᠠᠯᠭᠠᠰᠤᠨ ᠤ ᠵᠠᠰᠠᠭ ᠤᠨ ᠤᠷᠳᠤᠨ ᠤ ᠬᠠᠷᠢᠭᠤᠴᠠᠯᠭᠠᠲᠡᠨ ᠵᠢᠴᠢ ᠨᠤᠳᠤᠭ ᠤᠨ ᠮᠠᠯᠴᠢᠳ᠂ ᠬᠤᠰᠢᠭᠤᠨ ᠤ | ᠪᠦᠭᠡᠴᠤᠳ ᠤᠷᠤᠯᠴᠠᠵᠦ᠂ ᠪᠦᠭᠡ ᠶᠢᠨ ᠬᠡᠶᠢᠮᠦᠷᠢ ᠬᠤᠷᠤᠶᠢᠯᠠᠬᠰᠡᠨ᠂ ᠪᠦᠭᠡ ᠪᠤᠷᠵᠢᠨ ᠤ ᠦᠯᠢᠭᠡᠷ ᠲᠤᠮᠤᠭᠲᠦ ᠴᠢᠯᠠᠭᠤ | ᠶᠢ ᠶᠤᠰᠤᠴᠢᠯᠠᠨ ᠲᠠᠬᠢᠵᠠᠢ᠃ | ᠪᠦᠭᠡ ᠪᠤᠷᠵᠢᠨ ᠪᠤᠯ ᠤᠤᠯ ᠤᠨ ᠮᠤᠤᠮᠢᠩᠭᠠᠨ ᠬᠤᠰᠢᠭᠤᠨ ᠤ ᠬᠦᠮᠦᠨ ᠭᠡᠲᠡᠭ᠃ ᠪᠤᠷᠵᠢᠨ ᠬᠠᠷᠠᠬᠠᠨ ᠪᠠᠭ᠎ᠠ | ᠠᠴᠠ ᠪᠠᠨ ᠨᠤᠴᠤᠯᠳᠣᠵᠦ ᠪᠠᠷᠢᠯᠳᠤᠬᠤ ᠲᠤᠷᠠᠳᠠᠢ᠂ ᠬᠦᠴᠦ ᠴᠢᠳᠠᠯ ᠶᠡᠭᠡᠲᠠᠢ᠂ ᠤᠷᠤᠨ ᠨᠤᠳᠤᠭ ᠲᠤ ᠪᠠᠨ ᠰᠠᠶᠢᠨ | ᠪᠠᠷᠢᠯᠳᠤᠳᠠᠭ ᠠᠴᠠ ᠪᠦᠭᠡ ᠪᠤᠷᠵᠢᠨ ᠭᠡᠵᠦ ᠠᠯᠳᠠᠷᠰᠢᠬᠰᠡᠨ ᠪᠠᠶᠢᠨ᠎ᠡ᠃ ᠪᠦᠭᠡ ᠪᠤᠷᠵᠢᠨ ᠮᠢᠩᠭᠠᠨ ᠪᠠᠯᠭᠠᠰᠤᠨ ᠤ | ᠪᠠᠶᠠᠨᠬᠠᠩᠭᠠᠢ ᠭᠠᠴᠠᠭᠠᠨ ᠤ ᠪᠤᠳᠠᠭᠠᠨ ᠭᠤᠤᠯ ᠭᠡᠲᠡᠭ ᠭᠠᠵᠠᠷ ᠲᠤ ᠬᠤᠨᠢᠨ ᠴᠢᠨᠡᠭᠡᠨ ᠭᠤᠷᠪᠠᠨ ᠴᠢᠯᠠᠭᠤ ᠶᠢ | ᠭᠤᠷᠪᠠᠯᠵᠢᠯᠠᠨ ᠲᠤᠯᠭᠠᠭᠤᠷᠢ ᠪᠤᠯᠭᠠᠵᠦ ᠲᠡᠭᠡᠷ᠎ᠡ ᠨᠢ ᠨᠢᠭᠡᠨ ᠪᠦᠲᠦᠭᠦᠨ ᠴᠢᠯᠠᠭᠤ ᠶᠢ ᠪᠤᠰᠬᠠᠵᠦ ᠲᠠᠯᠪᠢᠬᠰᠡᠨ | ᠪᠠᠶᠢᠳᠠᠭ᠃ ᠲᠤᠰ ᠴᠢᠯᠠᠭᠤᠨ ᠤ ᠦᠨᠳᠦᠷ ᠨᠢ ᠪᠠᠷᠤᠭ ᠲᠠᠪᠤᠨ ᠮᠧᠲᠷ᠂ ᠦᠷᠭᠡᠨ ᠨᠢ ᠭᠤᠷᠪᠠᠨ ᠮᠧᠲᠷ᠂ ᠵᠤᠵᠠᠭᠠᠨ ᠨᠢ | ᠨᠢᠭᠡ ᠮᠧᠲᠷ ᠬᠢᠷᠢᠲᠠᠢ᠂ ᠪᠠᠷᠤᠭ ᠬᠤᠶᠠᠷ ᠵᠠᠭᠤᠭᠠᠳ ᠵᠢᠯ ᠤᠨ ᠲᠡᠦᠭᠡ ᠲᠠᠢ ᠴᠢᠯᠠᠭᠤ ᠭᠡᠵᠦ ᠨᠤᠳᠤᠭ ᠤᠨ ᠬᠦᠮᠦᠰ | ᠶᠠᠷᠢᠳᠠᠭ᠃ | | | | | | | | | | | | | | | | | | | | ᠤᠳᠤ ᠲᠠᠷᠬᠠᠨ ᠮᠤᠤᠮᠢᠩᠭᠠᠨ ᠬᠤᠰᠢᠭᠤᠨ ᠤ ᠲᠡᠦᠭᠡ ᠰᠤᠶᠤᠯ᠂ ᠪᠦᠭᠡ ᠳᠡᠭᠡᠨ ᠬᠠᠶᠢᠷᠠᠳᠠᠢ ᠬᠦᠮᠦᠰ ᠤᠨ | ᠤᠷᠤᠯᠳᠤᠯᠭ᠎ᠠ ᠴᠢᠷᠮᠠᠶᠢᠯᠭ᠎ᠠ ᠪᠠᠷ ᠲᠠᠮᠵᠢᠨ᠂ ᠤᠷᠤᠨ ᠨᠤᠳᠤᠭ ᠤᠨ ᠢᠶᠠᠨ ᠲᠡᠦᠭᠡ ᠰᠤᠶᠤᠯ ᠢ ᠠᠪᠤᠷᠠᠨ ᠬᠠᠮᠠᠭᠠᠯᠠᠵᠦ᠂ | ᠲᠤᠮᠤᠭ ᠲᠡᠦᠭᠡ ᠰᠢᠩᠭᠡᠭᠰᠡᠨ ᠲᠤᠮᠤᠭᠲᠦ ᠴᠢᠯᠠᠭᠤ ᠶᠢ ᠶᠤᠰᠤᠴᠢᠯᠠᠨ ᠲᠠᠬᠢᠵᠦ᠂ ᠤᠯᠠᠨ ᠲᠦᠮᠡᠨ ᠳᠡᠭᠡᠨ ᠤᠯᠠᠮᠵᠢᠯᠠᠨ | ᠲᠠᠨᠢᠭᠤᠯᠤᠭᠰᠡᠨ ᠪᠠᠶᠢᠨ᠎ᠡ᠃ | ᠤᠶᠢᠯᠠᠭᠠᠭᠰᠡᠨ ᠢᠶᠠᠷ ᠡᠭᠦᠨ ᠠᠴᠠ ᠬᠤᠶᠢᠰᠢ ᠬᠠᠪᠤᠲᠦ ᠬᠠᠰᠠᠷ ᠤᠨ ᠵᠤᠨ ᠤ ᠲᠠᠬᠢᠯᠭ᠎ᠠ ᠶᠢᠨ ᠡᠳᠤᠷ᠂ ᠲᠠᠷᠤᠢ | ᠵᠢᠯ ᠪᠤᠯᠭᠠᠨ ᠤ ᠪᠢᠯᠢᠭ ᠤᠨ ᠤᠯᠠᠷᠢᠯ ᠤᠨ ᠲᠠᠪᠤᠨ ᠰᠡᠷ᠎ᠡ ᠶᠢᠨ ᠬᠤᠷᠢᠨ ᠲᠤᠯᠤᠭᠠᠨ ᠤ ᠡᠳᠤᠷ᠂ ᠪᠦᠭᠡ ᠪᠤᠷᠵᠢᠨ ᠤ | ᠦᠯᠢᠭᠡᠷ ᠲᠤᠮᠤᠭᠲᠦ ᠴᠢᠯᠠᠭᠤᠨ ᠤ ᠲᠠᠬᠢᠯᠭ᠎ᠠ ᠶᠢ ᠶᠠᠪᠤᠬᠳᠠᠭᠤᠯᠬᠤ ᠪᠠᠷ ᠪᠤᠯᠵᠠᠢ᠃ | | | ᠨᠠᠶᠢᠷᠠᠭᠤᠯᠤᠭᠴᠢ᠄ ᠽᠠᠨᠳᠠᠨᠮᠦ᠋ᠴᠢᠷ ᠬᠦᠢᠴᠳᠭᠡᠭᠴᠢ ᠬᠢᠨᠠᠬᠴᠢ᠄ ᠭᠠᠯᠪᠠᠳᠠᠷᠠᠬᠤ ᠶᠠᠷᠦᠩᠭᠡᠢ ᠬᠢᠨᠠᠬᠴᠢ᠄ | ᠵᠠᠩ ᠬᠦᠢ ᠵᠧᠨ | ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ | | | |