︽ᠱᠠᠭ᠎ᠠ ᠲᠤᠬᠯᠠᠭᠠᠮ ᠢᠶᠠᠷ ᠬᠡᠦᠭᠡᠳ ᠤᠨ ᠬᠦᠭᠵᠢᠯᠲᠡ ᠶᠢ ᠠᠬᠢᠭᠤᠯᠬᠤ ᠰᠤᠳᠤᠯᠭᠠᠨ︾ ᠤ ᠰᠡᠳᠤᠪ ᠲᠡᠭᠦᠰᠭᠦ ᠬᠢᠨᠠᠨ ᠰᠢᠯᠭᠠᠯᠲᠡ ᠶᠢᠨ ᠠᠵᠢᠯᠯᠠᠭ᠎ᠠ ᠶᠠᠪᠤᠭᠲᠡᠯ᠎ᠡ
ᠨᠡᠶᠢᠲᠡᠯᠡᠭᠰᠡᠨ ᠴᠠᠭ᠄
2019-07-08
     ᠱᠠᠭ᠎ᠠ ᠲᠤᠬᠯᠠᠭᠠᠮ ᠪᠤᠯ ᠮᠤᠩᠭᠤᠯ ᠦᠨᠳᠦᠰᠦᠲᠡᠨ ᠤ ᠤᠯᠠᠮᠵᠢᠯᠠᠯᠲᠦ ᠨᠠᠭᠠᠳᠬᠤᠢ ᠶᠢᠨ ᠨᠢᠭᠡᠨ ᠲᠦᠷᠦᠯ ᠵᠦᠢᠯ ᠪᠤᠯᠤᠨ᠎ᠡ᠂ ᠱᠠᠭ᠎ᠠ ᠲᠤᠬᠯᠠᠭᠠᠮ ᠨᠢ ᠨᠡᠭᠦᠲᠡᠯ ᠮᠠᠯ ᠠᠵᠦ ᠠᠬᠤᠢ ᠶᠢᠨ ᠦᠪ ᠰᠤᠶᠤᠯ ᠬᠦᠨ ᠠᠭᠤᠰᠤᠭᠰᠡᠨ ᠤᠯᠠᠨ ᠰᠠᠶᠢᠬᠠᠨ ᠨᠠᠭᠠᠳᠬᠤᠢ ᠶᠢᠨ ᠬᠡᠯᠪᠡᠷᠢ ᠪᠠᠷ ᠬᠡᠦᠭᠡᠳ ᠪᠠᠭᠠᠴᠤᠳ ᠤᠨ ᠤᠶᠤᠨ ᠢ ᠬᠤᠷᠴᠠᠯᠠᠨ ᠤᠬᠠᠭᠠᠨ ᠢ ᠲᠡᠯᠡᠵᠦ ᠪᠠᠶᠢᠳᠠᠭ ᠢᠶᠠᠷ ᠢᠶᠠᠨ ᠮᠤᠩᠭᠤᠯᠴᠤᠳ ᠱᠠᠭ᠎ᠠ ᠶᠢ ᠮᠠᠰᠢᠲᠡ ᠡᠷᠬᠢᠮᠯᠡᠨ ᠲᠡᠭᠡᠳᠤᠯᠡᠲᠡᠭ ᠶᠤᠮ᠃      6 ᠰᠡᠷ᠎ᠡ ᠶᠢᠨ 28 ᠤ ᠡᠳᠤᠷ᠂ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠦᠨᠳᠦᠰᠦᠲᠡᠨ ᠤ ᠬᠡᠦᠭᠡᠳ ᠤᠨ ᠴᠡᠴᠡᠷᠯᠢᠭ ᠨᠢ ︽ᠱᠠᠭ᠎ᠠ ᠲᠤᠬᠯᠠᠭᠠᠮ ᠢᠶᠠᠷ ᠬᠡᠦᠭᠡᠳ ᠤᠨ ᠬᠦᠭᠵᠢᠯᠲᠡ ᠶᠢ ᠠᠬᠢᠭᠤᠯᠬᠤ ᠰᠤᠳᠤᠯᠭᠠᠨ︾  ᠤ ᠰᠡᠳᠦᠪ ᠲᠡᠭᠦᠰᠬᠦ ᠬᠢᠨᠠᠨ ᠰᠢᠯᠭᠠᠯᠲᠡ ᠶᠢᠨ ᠠᠵᠢᠯᠯᠠᠭ᠎ᠠ ᠪᠠᠨ ᠦᠷᠨᠢᠩᠭᠦᠢ ᠡᠷᠬᠢᠯᠡᠨ ᠶᠠᠪᠤᠬᠳᠠᠭᠤᠯᠤᠯ᠎ᠡ᠃ ᠡᠨᠡ ᠬᠦ ᠰᠡᠳᠦᠪ ᠪᠤᠯ ᠬᠤᠰᠢᠭᠤᠨ ᠤ ᠦᠨᠳᠦᠰᠦᠲᠡᠨ ᠤ ᠬᠡᠦᠭᠡᠳ ᠤᠨ ᠴᠡᠴᠡᠷᠯᠢᠭ ᠠᠴᠠ ᠦᠪᠡᠷᠲᠡᠭᠡᠨ ᠵᠠᠰᠠᠬᠤ ᠤᠷᠤᠨ ᠤ ᠵᠦᠪᠰᠢᠶᠡᠷᠡᠯ ᠢᠶᠠᠷ ᠬᠤᠶᠠᠷ ᠵᠢᠯ ᠤᠨ ᠬᠤᠭᠤᠴᠠᠭ᠎ᠠ ᠵᠠᠷᠤᠴᠠᠭᠤᠯᠤᠨ ᠪᠠᠶᠢᠵᠦ ᠭᠤᠤᠯᠯᠠᠨ ᠡᠷᠬᠢᠯᠡᠭᠰᠡᠨ ᠦᠪᠡᠷᠲᠡᠭᠡᠨ ᠵᠠᠰᠠᠬᠤ ᠤᠷᠤᠨ ᠤ ᠰᠤᠷᠭᠠᠨ ᠬᠦᠮᠦᠵᠢᠯ ᠤᠨ ᠡᠷᠲᠡᠮ ᠰᠢᠨᠵᠢᠯᠡᠭᠡᠨ ᠤ ᠠᠷᠪᠠᠨ ᠭᠤᠷᠪᠠᠳᠤᠭᠠᠷ ᠲᠡᠪᠤᠨ ᠵᠢᠯ ᠤᠨ ᠲᠦᠯᠦᠪᠵᠢᠭᠦᠯᠭᠡ ᠶᠢᠨ ᠰᠤᠳᠤᠯᠭᠠᠨ ᠤ ᠰᠡᠳᠦᠪ ᠪᠤᠯᠤᠨ᠎ᠡ᠃ ᠲᠤᠰ ᠰᠤᠳᠤᠯᠭᠠᠨ ᠤ ᠲᠤᠷᠰᠢᠯᠲᠡ ᠶᠢᠨ ᠠᠩᠬᠢ ᠳᠤ ᠬᠤᠰᠢᠭᠤᠨ ᠤ ᠦᠨᠳᠦᠰᠦᠲᠡᠨ ᠤ ᠬᠡᠦᠭᠡᠳ ᠤᠨ ᠴᠡᠴᠡᠷᠯᠢᠭ ᠤᠨ ᠭᠤᠷᠪᠠᠨ ᠮᠤᠩᠭᠤᠯ ᠠᠩᠬᠢ ᠶᠢᠨ 95 ᠬᠡᠦᠭᠡᠳ᠂ ᠬᠤᠶᠠᠷ ᠬᠢᠲᠡᠳ ᠠᠩᠬᠢ ᠶᠢᠨ 51 ᠬᠡᠦᠭᠡᠳ ᠤᠷᠤᠯᠴᠠᠵᠠᠢ᠃ ᠰᠤᠳᠤᠯᠭᠠᠨ ᠤ ᠬᠤᠭᠤᠴᠠᠭᠠᠨ ᠳᠤ ᠬᠡᠦᠭᠡᠳ ᠤᠳ ᠤᠨ ᠨᠠᠰᠤᠨ ᠤ ᠤᠨᠴᠠᠯᠢᠭ ᠲᠤ ᠲᠤᠬᠢᠷᠠᠭᠤᠯᠤᠨ ᠱᠠᠭ᠎ᠠ ᠶᠢᠨ ᠤᠯᠠᠨ ᠵᠦᠢᠯ ᠤᠨ ᠲᠤᠬᠯᠠᠭᠠᠮ᠂ ᠤᠨᠢᠰᠤᠭ᠎ᠠ᠂ ᠴᠡᠭᠡᠷ ᠶᠤᠰᠤ᠂ ᠰᠢᠯᠦᠭ ᠲᠠᠭᠤᠤ᠂ ᠢᠷᠦᠭᠡᠯ ᠮᠠᠬᠳᠠᠭᠠᠯ᠂ ᠪᠦᠵᠢᠭ ᠵᠡᠷᠭᠡ ᠠᠭᠤᠯᠭ᠎ᠠ ᠶᠢ ᠲᠦᠯᠦᠪᠯᠡᠭᠡ ᠲᠠᠢ ᠵᠢᠭᠠᠭᠰᠡᠨ ᠪᠠᠶᠢᠨ᠎ᠡ᠃      

     ᠱᠠᠭ᠎ᠠ ᠲᠤᠬᠯᠠᠭᠠᠮ ᠤᠨ ᠰᠤᠳᠤᠯᠭᠠᠨ ᠪᠤᠯᠤᠨ ᠦᠢᠯᠡᠳᠤᠯᠭᠡ ᠶᠢᠨ ᠬᠢᠴᠢᠶᠡᠯᠯᠡᠭᠡ ᠳᠤ ᠪᠡᠶᠡᠴᠢᠯᠡᠨ ᠤᠷᠤᠯᠴᠠᠬᠤ

 ᠪᠠᠷ ᠲᠠᠮᠵᠢᠭᠠᠳ ᠴᠡᠴᠡᠷᠯᠢᠭ ᠤᠨ ᠬᠡᠦᠭᠡᠳ ᠤᠨ ᠶᠠᠷᠢᠵᠦ ᠢᠯᠡᠳᠭᠡᠬᠦ ᠴᠢᠳᠠᠪᠦᠷᠢ ᠶᠢ ᠨᠢ ᠲᠡᠭᠡᠭᠰᠢᠯᠡᠭᠦᠯᠤᠨ ᠦᠭᠡᠰ

 ᠤᠨ ᠰᠠᠩ ᠢ ᠨᠢ ᠪᠠᠶᠠᠯᠢᠬᠵᠢᠭᠤᠯᠵᠦ᠂ ᠰᠡᠳᠬᠢᠭᠦᠢ ᠶᠢᠨ ᠬᠦᠭᠵᠢᠯᠲᠡ ᠶᠢ ᠠᠬᠢᠭᠤᠯᠤᠨ ᠪᠡᠶ᠎ᠡ ᠮᠠᠬᠠᠪᠤᠳ ᠢ ᠨᠢ

ᠪᠤᠯᠪᠠᠰᠤᠷᠠᠭᠤᠯᠵᠦ᠂ ᠪᠡᠶ᠎ᠡ ᠳᠡᠭᠡᠨ ᠢᠲᠡᠭᠡᠯ ᠲᠠᠢ᠂ ᠬᠦᠯᠢᠴᠡᠩᠭᠦᠢ᠂ ᠪᠦᠯᠭᠦᠮᠲᠡᠯ ᠲᠠᠢ᠂ ᠪᠤᠳᠤᠯ ᠰᠠᠨᠠᠯ ᠲᠠᠢ ᠴᠢᠯᠦᠭᠡᠲᠠᠢ

ᠰᠤᠯᠢᠯᠴᠠᠳᠠᠭ ᠵᠢᠩᠭᠢᠨᠢ ᠮᠤᠩᠭᠤᠯ ᠭᠡᠦᠭᠡᠳ ᠪᠤᠯᠤᠨ ᠦᠰᠭᠦ ᠳᠤᠨᠢ ᠬᠦᠳᠦᠴᠢ ᠪᠤᠯᠤᠭᠰᠡᠨ ᠢᠶᠠᠷ ᠪᠠᠷᠠᠬᠤ ᠦᠭᠡᠢ ᠡᠯ᠎ᠡ

ᠮᠤᠩᠭᠤᠯ ᠡᠭᠡᠴᠢ ᠲᠡᠭᠦᠦ ᠴᠡᠴᠡᠷᠯᠢᠭ ᠤᠨ ᠪᠠᠭᠰᠢᠨᠠᠷ ᠤᠨ ᠬᠠᠷᠢᠯᠴᠠᠨ ᠰᠤᠷᠤᠯᠴᠠᠨ ᠲᠤᠷᠰᠢᠯᠭ᠎ᠠ ᠪᠠᠨ ᠰᠤᠯᠢᠯᠴᠠᠵᠦ

ᠬᠠᠮᠲᠦᠪᠡᠷ ᠤᠯᠠᠮᠵᠢᠯᠠᠯᠲᠦ ᠮᠤᠩᠭᠤᠯ ᠰᠤᠶᠤᠯ ᠢᠶᠠᠨ ᠤᠯᠠᠮᠵᠢᠯᠠᠨ ᠲᠡᠯᠭᠡᠷᠡᠭᠦᠯᠬᠦ ᠳᠤ ᠦᠨᠳᠦᠰᠦᠲᠡᠨ ᠤ ᠵᠢᠭᠠᠨ

ᠰᠤᠷᠭᠠᠯᠲᠡ ᠶᠢᠨ ᠰᠢᠨᠡᠯᠢᠭ ᠠᠷᠭ᠎ᠠ ᠵᠠᠮ ᠪᠤᠯᠤᠭᠰᠡᠨ ᠪᠠᠶᠢᠨ᠎ᠡ᠃

     

     ᠰᠡᠳᠤᠪ ᠲᠡᠭᠦᠰᠬᠦ ᠬᠢᠨᠠᠨ ᠰᠢᠯᠭᠠᠯᠲᠡ ᠶᠢᠨ ᠠᠵᠢᠯᠯᠠᠭ᠎ᠠ ᠳᠤ ᠴᠡᠴᠡᠷᠯᠢᠭ ᠤᠨ ᠬᠡᠦᠭᠡᠳ ᠤᠳ ᠮᠠᠨᠢ

ᠰᠤᠷᠤᠭᠰᠡᠨ ᠮᠡᠲᠡᠭᠰᠡᠨ ᠵᠦᠢᠯᠡᠰ ᠢᠶᠠᠨ ᠤᠷᠠᠨ ᠰᠠᠶᠢᠬᠠᠨ ᠤ ᠲᠤᠬᠯᠠᠯᠲᠡ ᠪᠤᠯᠤᠨ ᠨᠠᠭᠠᠳᠤᠮ ᠤᠨ ᠬᠡᠯᠪᠡᠷᠢ ᠪᠠᠷ

ᠪᠠᠭᠰᠢ᠂ ᠭᠡᠷ ᠤᠨ ᠠᠬᠠᠮᠠᠳ ᠨᠠᠷ ᠲᠤ ᠪᠠᠨ ᠡᠷᠭᠦᠨ ᠪᠠᠷᠢᠵᠦ᠂ ᠲᠤᠰᠬᠠᠢ ᠰᠡᠳᠦᠪᠲᠦ ᠰᠤᠳᠤᠯᠭᠠᠨ ᠤ ᠬᠢᠨᠠᠨ ᠰᠢᠯᠭᠠᠬᠤ

ᠲᠤᠭᠤᠶᠢᠯᠠᠩ ᠤᠨ ᠬᠢᠨ ᠲᠤᠷᠰᠢᠯᠲᠡ ᠶᠢᠨ ᠠᠩᠬᠢ ᠪᠠᠷ ᠲᠤᠭᠤᠷᠢᠨ ᠦᠵᠡᠵᠦ᠂ ᠰᠤᠳᠤᠯᠭᠠᠨ ᠤ ᠠᠵᠢᠯ ᠤᠨ ᠪᠦᠲᠦᠮᠵᠢ

 ᠶᠢ ᠦᠨᠳᠦᠷ ᠦᠨᠡᠯᠡᠵᠦ ᠦᠨᠡᠲᠠᠢ ᠰᠠᠶᠢᠬᠠᠨ ᠰᠠᠨᠠᠯ ᠵᠦᠪᠯᠡᠮᠵᠢ ᠪᠠᠨ ᠬᠠᠶᠢᠷᠠᠯᠠᠯ᠎ᠡ᠃ ᠠᠵᠢᠯᠯᠠᠭ᠎ᠠ ᠳᠤ ᠪᠠᠰᠡ

ᠬᠦᠬᠡᠬᠤᠲᠡ᠂ ᠤᠷᠳᠤᠰ᠂ ᠪᠠᠶᠠᠠᠨᠠᠭᠤᠷ᠂ ᠰᠢᠯᠢ ᠶᠢᠨ ᠭᠤᠤᠯ᠂ ᠪᠤᠭᠤᠲᠦ ᠬᠤᠲᠡ ᠵᠡᠷᠭᠡ ᠡᠯ᠎ᠡ ᠠᠶᠢᠮᠠᠭ ᠬᠤᠲᠡ ᠶᠢᠨ

ᠴᠡᠴᠡᠷᠯᠢᠭᠴᠢ ᠪᠠᠭᠰᠢᠨᠠᠷ ᠴᠦ ᠬᠦᠷᠦᠯᠴᠠᠨ ᠢᠷᠡᠵᠦ ᠤᠷᠤᠯᠴᠠᠭᠰᠡᠨ ᠪᠠᠶᠢᠨ᠎ᠡ᠃

   

 

     ᠨᠠᠶᠢᠷᠠᠭᠤᠯᠤᠭᠴᠢ᠄ ᠲᠠᠭᠤᠯᠠ᠂ ᠦᠨᠢᠪᠠᠳᠠᠷᠡ    ᠬᠢᠨᠠᠬᠴᠢ᠄ ᠰᠠᠷᠡᠨ    ᠶᠡᠷᠦᠩᠬᠡᠢ ᠬᠢᠨᠠᠬᠴᠢ᠄ ᠠᠯᠳᠠᠨᠬᠤᠸᠠᠷ

 
ᠢᠷᠡᠯᠲᠡ᠄ ᠪᠤᠭᠤᠲᠦ ᠶᠢᠨ ᠮᠤᠩᠭᠤᠯ ᠲᠧᠯᠸᠢᠰ ᠤᠨ ᠵᠢᠷᠬᠢᠶ᠎ᠡ ᠶᠢᠨ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号