| ᠤᠶᠢᠷ᠎ᠡ ᠳᠤ᠂ ᠠᠯᠳᠠᠷᠲᠦ ᠲᠠᠭᠤᠴᠢᠨ ᠲᠡᠳᠮᠡ ᠶᠢᠨ ᠨᠠᠶᠢᠷᠠᠭᠤᠯᠤᠨ ᠤᠳᠤᠷᠢᠳᠤᠭᠰᠡᠨ ︽ᠬᠠᠶᠢᠷ᠎ᠡ ᠰᠢᠩᠭᠡᠭᠰᠡᠨ | ᠲᠤᠤᠷᠠᠢ︾ ᠲᠠᠭᠤᠯᠠᠯᠲᠦ ᠵᠦᠴᠦᠭᠡ ᠶᠢᠨ ᠲᠤᠬᠯᠠᠯᠲᠡ ᠮᠠᠨ ᠤ ᠬᠤᠰᠢᠭᠤᠨ ᠳᠤ ᠶᠠᠪᠤᠬᠳᠠᠪᠡ᠃ | ︽ᠬᠠᠶᠢᠷ᠎ᠡ ᠰᠢᠩᠭᠡᠭᠰᠡᠨ ᠲᠤᠤᠷᠠᠢ︾ ᠲᠠᠭᠤᠯᠠᠯᠲᠦ ᠵᠦᠴᠦᠭᠡ ᠪᠤᠯ ᠣᠣᠯ ᠤᠨ ᠠᠯᠠᠱᠠ ᠠᠶᠢᠮᠠᠭ ᠤᠨ ᠤᠯᠤᠰ | ᠲᠦᠷᠦ ᠶᠢᠨ ᠵᠦᠪᠯᠡᠯᠭᠡᠨ ᠤ ᠲᠡᠷᠢᠭᠦᠯᠡᠭᠴᠢ ᠰᠦᠭᠡ ᠶᠢᠨ ᠤᠶᠢᠯᠠ ᠠᠵᠢᠯᠯᠠᠭ᠎ᠠ ᠶᠢ ᠲᠡᠮᠲᠡᠭᠯᠡᠭᠰᠡᠨ ᠵᠦᠴᠦᠭᠡ ᠶᠤᠮ᠃ | ᠰᠦᠭᠡ 2004 ᠤᠨ ᠳᠤ ᠠᠵᠢᠯ ᠠᠴᠠ ᠪᠠᠨ ᠠᠮᠠᠷᠠᠭᠰᠡᠨ ᠤ ᠲᠠᠷᠠᠭ᠎ᠠ ᠡᠵᠡᠨ᠎ᠡ ᠬᠤᠰᠢᠭᠤᠨ ᠳᠠᠭᠠᠨ ᠬᠠᠷᠢᠵᠦ᠂ | ᠬᠦᠨᠲᠦ ᠨᠤᠴᠢᠲᠠᠢ ᠡᠯᠡᠰᠦᠷᠭᠡᠭᠵᠢᠭᠰᠡᠨ ᠬᠠᠷ᠎ᠡ ᠬᠤᠲᠡ ᠶᠢᠨ ᠬᠠᠪᠢ ᠪᠠᠷ ᠰᠠᠭᠤᠷᠢᠰᠢᠨ᠂ ᠮᠤᠲᠦ ᠲᠠᠷᠢᠵᠦ ᠡᠯᠡᠰᠦ ᠶᠢ | ᠲᠤᠬᠳᠠᠪᠦᠷᠢᠵᠢᠭᠤᠯᠵᠦ᠂ ᠠᠮᠢ ᠠᠬᠤᠢ ᠶᠢ ᠰᠠᠶᠢᠵᠢᠷᠠᠭᠤᠯᠤᠭᠰᠡᠨ ᠠᠴᠠ 2014 ᠤᠨ ᠳᠤ ᠲᠦᠪ ᠬᠤᠷᠢᠶᠠᠨ ᠤ | ᠤᠬᠠᠭᠤᠯᠬᠤ ᠬᠡᠯᠲᠡᠰ ᠠᠴᠠ ᠰᠦᠭᠡ ᠳᠤ ︽ᠴᠠᠭ ᠡᠷᠡᠨ ᠤ ᠵᠢᠱᠢᠶᠡᠴᠢ︾ ᠬᠡᠮᠡᠬᠦ ᠢᠷᠡᠭᠤ ᠠᠯᠳᠠᠷ ᠢ ᠬᠦᠷᠲᠡᠭᠰᠡᠨ | ᠪᠠᠶᠢᠨ᠎ᠡ᠃ ᠲᠤᠰ ᠵᠦᠴᠦᠭᠡ ᠨᠢ ᠰᠦᠭᠡ ᠶᠢᠨ ᠲᠡᠷᠢᠭᠦᠨ ᠤ ᠦᠢᠯᠡ ᠠᠵᠢᠯᠯᠠᠭ᠎ᠠ ᠶᠢ ᠵᠦᠴᠦᠭᠡᠯᠡᠨ ᠲᠠᠭᠤᠯᠠᠵᠦ᠂ ᠤᠯᠠᠨ | ᠲᠦᠮᠡᠨ ᠢ ᠠᠮᠢ ᠠᠬᠤᠢ ᠪᠠᠨ ᠬᠠᠶᠢᠷᠠᠯᠠᠨ ᠬᠠᠮᠠᠭᠠᠯᠠᠵᠦ᠂ ᠡᠵᠡᠨ ᠬᠦᠮᠦᠨ ᠤ ᠬᠠᠷᠢᠭᠤᠴᠠᠯᠭᠠᠲᠦ ᠰᠡᠳᠬᠢᠯᠭᠡ ᠪᠠᠷ ᠡᠭᠡ | ᠪᠠᠶᠢᠭᠠᠯᠢ ᠲᠠᠢ ᠪᠠᠨ ᠵᠦᠪ ᠬᠠᠷᠢᠴᠠᠬᠤ ᠦᠵᠡᠯ ᠤᠬᠠᠮᠰᠠᠷ ᠢ ᠤᠷᠢᠶᠠᠯᠠᠭᠰᠡᠨ ᠪᠠᠶᠢᠨ᠎ᠡ᠃ | ︽ᠬᠠᠶᠢᠷ᠎ᠡ ᠰᠢᠩᠭᠡᠭᠰᠡᠨ ᠲᠤᠤᠷᠠᠢ︾ ᠲᠠᠭᠤᠯᠠᠯᠲᠦ ᠵᠦᠴᠦᠭᠡ ᠶᠢᠨ ᠭᠤᠤᠯ ᠲᠦᠷᠢ ᠶᠢ ᠮᠠᠨ ᠤ ᠬᠤᠰᠢᠭᠤ ᠪᠠᠷ | ᠨᠤᠳᠤᠬᠲᠠᠢ ᠲᠡᠳᠮᠡ ᠤᠷᠠᠯᠢᠭ ᠤᠨ ᠰᠤᠷᠭᠠᠭᠤᠯᠢ ᠶᠢᠨ ᠪᠠᠭᠰᠢ ᠦ᠋ ᠴᠢᠩ ᠮᠢᠩ ᠲᠤᠬᠯᠠᠵᠦ᠂ ᠪᠤᠰᠤᠳ ᠲᠦᠷᠢ ᠶᠢ | ᠲᠡᠳᠮᠡ ᠤᠷᠠᠯᠢᠭ ᠤᠨ ᠰᠤᠷᠭᠠᠭᠤᠯᠢ ᠶᠢᠨ ᠪᠠᠭᠰᠢ ᠰᠤᠷᠤᠭᠴᠢᠳ ᠲᠤᠬᠯᠠᠨ᠂ ᠮᠠᠨ ᠤ ᠬᠤᠰᠢᠭᠤᠨ ᠳᠤ | ᠲᠤᠬᠯᠠᠭᠳᠠᠭᠰᠡᠨ ᠬᠤᠶᠠᠷ ᠤᠷᠤᠢ ᠶᠢᠨ ᠲᠤᠷᠰᠢ ᠪᠠᠷᠤᠭ ᠬᠤᠶᠠᠷ ᠮᠢᠩᠭᠠᠭᠠᠳ ᠦᠵᠡᠭᠴᠢᠳ ᠤᠯᠠᠨ ᠤ ᠦᠨᠡᠨ | ᠰᠡᠳᠬᠢᠯ ᠤᠨ ᠬᠦᠷᠢᠶᠡᠯᠡᠯ ᠬᠦᠨᠳᠦᠳᠭᠡᠯ ᠢ ᠬᠦᠷᠲᠡᠭᠰᠡᠨ ᠪᠠᠶᠢᠨ᠎ᠡ᠃ | | | | | | | | | | | | | | | | | | | | | ᠨᠠᠶᠢᠷᠠᠭᠤᠯᠤᠭᠴᠢ᠄ ᠽᠠᠨᠳᠠᠨᠮᠦ᠋ᠴᠢᠷ᠂ ᠬᠦᠢᠴᠡᠳᠭᠡᠭᠴᠢ ᠬᠢᠨᠠᠬᠴᠢ᠄ ᠭᠠᠯᠪᠠᠳᠠᠷᠠᠬᠤ᠂ ᠶᠠᠷᠦᠩᠬᠡᠢ ᠬᠢᠨᠠᠬᠴᠢ᠄ ᠵᠠᠩ | ᠬᠦᠢ ᠵᠧᠨ | ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠨᠠᠶᠢᠷᠠᠭᠤᠯᠤᠨ ᠪᠠᠭᠤᠯᠭᠠᠪᠡ | | |