| ᠠᠯᠳᠠᠷᠳᠦ ᠰᠡᠳᠬᠢᠴᠡ ᠶᠢᠨ ᠣᠬᠠᠭᠠᠨᠳᠠᠨ ᠭᠧᠷᠳᠢ᠄ ︽ᠠᠪᠤ ᠬᠦᠮᠦᠨ ᠪᠣᠯ ᠨᠢᠭᠡᠨ ᠣᠨᠴᠠᠭᠠᠢ ᠣᠷᠣᠰᠢᠬᠤᠢ᠂ | ᠬᠡᠣᠬᠡᠳ ᠬᠦᠮᠦᠵᠢᠬᠦᠯᠬᠦ ᠳᠤ ᠣᠨᠴᠠᠭᠠᠢ ᠨᠢᠭᠡ ᠵᠦᠢᠯ ᠤᠨ ᠬᠦᠴᠦᠨ ᠲᠠᠢ ᠶᠤᠮ︾ ᠬᠡᠵᠦ ᠬᠡᠯᠡᠵᠦ ᠦᠩᠬᠡᠷᠡᠭᠰᠡᠨ ᠪᠢᠯᠡ᠃ | ᠠᠪᠤ ᠰᠠᠭᠤᠭᠰᠠᠨ ᠲᠡᠷᠡ ᠡᠳᠦᠷ ᠠᠴᠠ ᠡᠬᠢᠯᠡᠨ ᠲᠠ ᠨᠢᠭᠡᠨ ︽ᠠᠪᠤ︾ ᠬᠡᠬᠦ ᠨᠠᠰᠣᠨ ᠳᠣᠷᠰᠢᠳᠠ ᠶᠢᠨ ᠠᠵᠢᠯ ᠲᠠᠢ | ᠪᠣᠯᠬᠤ ᠪᠣᠯᠣᠯ᠎ᠠ ᠬᠡᠰᠡᠨ ᠦᠭᠡ᠃ ᠨᠢᠭᠡᠨ ᠰᠠᠶᠢᠨ ᠠᠪᠤ ᠪᠣᠯᠬᠤ ᠶᠢᠨ ᠬᠤᠪᠢ ᠳᠤ ᠬᠡᠣᠬᠡᠳ ᠢᠶᠠᠨ ᠶᠠᠭᠠᠬᠢᠵᠦ | ᠰᠣᠷᠭᠠᠬᠤ ᠶᠢ ᠰᠣᠷᠣᠭᠰᠠᠨ ᠪᠠᠶᠢᠬᠤ ᠶᠣᠰᠣᠳᠠᠢ᠂ ᠶᠠᠭᠠᠬᠢᠵᠦ ᠬᠡᠣᠬᠡᠳ ᠢᠶᠠᠨ ᠬᠠᠶᠢᠷᠠᠯᠠᠬᠤ ᠶᠢ ᠰᠣᠷᠣᠭᠰᠠᠨ ᠪᠠᠶᠢᠬᠤ | ᠶᠣᠰᠣᠳᠠᠢ᠂ ᠠᠪᠤ ᠬᠦᠮᠦᠨ ᠤ ᠬᠦᠨ ᠵᠣᠵᠠᠭᠠᠨ ᠬᠠᠶᠢᠷ᠎ᠠ ᠪᠠᠷ ᠬᠡᠣᠬᠡᠳ ᠲᠡᠭᠡᠨ ᠦᠮᠦᠭ ᠳᠦᠰᠢᠭ ᠪᠣᠯᠵᠦ᠂ | ᠬᠡᠣᠬᠡᠳ ᠤᠨ ᠢᠶᠠᠨ ᠰᠠᠶᠢᠨ ᠰᠠᠶᠢᠬᠠᠨ ᠠᠮᠢᠳᠣᠷᠠᠬᠤ ᠶᠢᠨ ᠬᠢᠨᠢ ᠰᠠᠭᠤᠷᠢ ᠱᠠᠳᠦ ᠨᠢ ᠪᠣᠯᠬᠤ ᠶᠣᠰᠣᠳᠠᠢ᠃ | ᠠᠪᠤ ᠪᠣᠯᠣᠭᠰᠠᠨ ᠤ ᠬᠤᠪᠢ ᠳᠤ ᠬᠡᠣᠬᠡᠳ ᠤᠨ ᠢᠶᠠᠨ ᠠᠩᠬᠠᠨ ᠤ ᠣᠬᠢᠯᠠᠬᠤ ᠳᠠᠭᠤ ᠶᠢ ᠣᠯᠵᠦ ᠰᠣᠨᠣᠰᠪᠠ | ᠦᠦ︖ ᠠᠩᠬᠠᠨ ᠤ ᠢᠨᠢᠶᠡᠳᠦ ᠶᠢ ᠨᠢ ᠣᠯᠵᠦ ᠬᠠᠷᠠᠪᠠ ᠦᠦ︖ ᠠᠩᠬ᠎ᠠ ᠡᠬᠢᠯᠡᠵᠦ ᠠᠯᠬᠤᠬᠤ ᠦᠶ᠎ᠡ ᠳᠤ | ᠬᠠᠵᠠᠭᠤ ᠳᠤ ᠨᠢ ᠪᠠᠶᠢᠪᠠ ᠦᠦ︖ ︽ᠶᠠᠭᠠᠬᠢᠭᠠᠳ ᠶᠠᠭᠠᠬᠢᠭᠠᠳ︖︾ ᠬᠡᠵᠦ ᠬᠡᠣᠬᠡᠳ ᠴᠢᠨᠢ ᠡᠬᠢ ᠠᠳᠠᠭ ᠦᠭᠡᠢ | ᠣᠯᠠᠨ ᠠᠰᠠᠭᠤᠯᠳᠠ ᠠᠰᠠᠭᠤᠬᠤ ᠪᠠᠷ ᠨᠢ ᠲᠠ ᠳᠡᠰᠪᠣᠷᠢᠳᠠᠢ ᠪᠠᠷ ᠬᠡᠣᠬᠡᠳ ᠲᠡᠭᠡᠨ ᠬᠠᠨᠳᠣᠵᠦ ᠳᠠᠶᠢᠯᠪᠣᠷᠢ ᠬᠢᠵᠦ | ᠦᠭᠴᠦ ᠪᠠᠶᠢᠪᠠ ᠦᠦ︖ ᠬᠡᠣᠬᠡᠳ ᠲᠠᠨ ᠢ ᠰᠠᠨᠠᠨ ᠮᠦᠷᠦᠬᠡᠳᠴᠦ ᠪᠠᠶᠢᠬᠤ ᠦᠶ᠎ᠡ ᠳᠤ ᠲᠠ ᠦᠬᠦᠬᠡᠷᠳᠡᠨ ᠳᠡᠪᠡᠷᠢᠵᠦ | ᠦᠨᠦᠰᠦᠨ ᠬᠠᠶᠢᠷᠠᠯᠠᠵᠦ ᠪᠠᠶᠢᠪᠠ ᠦᠦ︖ | ᠠᠪᠤ ᠬᠦᠮᠦᠨ ᠬᠡᠣᠬᠡᠳ ᠢ ᠨᠦᠯᠦᠬᠡᠯᠡᠬᠦ ᠵᠢᠷᠭᠤᠭᠠᠨ ᠳᠠᠯ᠎ᠠ᠄ | 1. ᠬᠡᠣᠬᠡᠳ ᠤᠨ ᠣᠶᠣᠨ ᠤ ᠪᠤᠶᠢᠵᠢᠯᠳᠠ ᠶᠢ ᠠᠬᠢᠭᠤᠯᠣᠨ᠎ᠠ᠃ | 2. ᠬᠡᠣᠬᠡᠳ ᠤᠨ ᠪᠡᠶ᠎ᠡ ᠰᠡᠳᠬᠢᠴᠡ ᠳᠤ ᠨᠦᠯᠦᠭᠡ ᠦᠵᠡᠬᠦᠯᠦᠨ᠎ᠡ᠃ | 3. ᠬᠡᠣᠬᠡᠳ ᠤᠨ ᠬᠠᠮᠳᠦ ᠳᠣᠭᠯᠠᠬᠤ ᠰᠠᠶᠢᠨ ᠨᠠᠶᠢᠵᠠ᠃ | 4. ᠬᠡᠣᠬᠡᠳ ᠲᠤ ᠠᠮᠵᠢᠯᠳᠠ ᠶᠢ ᠮᠡᠳᠡᠷᠡᠬᠦᠯᠳᠡᠭ᠃ | 5. ᠬᠦᠦ ᠬᠦᠮᠦᠨ ᠠᠪᠤ ᠪᠠᠷ ᠢᠶᠠᠨ ᠳᠠᠭᠤᠷᠢᠶᠠᠯ ᠪᠣᠯᠭᠠᠳᠠᠭ᠃ | 6. ᠠᠪᠤ ᠬᠦᠮᠦᠨ ᠪᠣᠯ ᠦᠬᠢᠨ ᠤ ᠪᠠᠨ ᠳᠦᠰᠢᠭ ᠨᠦᠮᠦᠷᠢ᠃ | |