ᠤᠩᠰᠢᠯᠭ᠎ᠠ ᠪᠤᠯ ᠬᠡᠯᠡ ᠪᠢᠴᠢᠭ ᠢ ᠰᠠᠶᠢᠨ ᠰᠤᠷᠬᠤ ᠬᠠᠮᠤᠭ ᠤᠨ ᠲᠦᠲᠡ ᠵᠠᠮ
ᠨᠡᠶᠢᠲᠡᠯᠡᠭᠰᠡᠨ ᠴᠠᠭ᠄
2019-06-06
       ᠲᠤᠮᠳᠠᠲᠦ ᠰᠤᠷᠭᠠᠭᠤᠯᠢ ᠶᠢᠨ ᠬᠡᠯᠡ ᠪᠢᠴᠢᠭ ᠤᠨ ᠬᠢᠴᠢᠶᠠᠯ ᠤᠨ ᠲᠠᠩᠭᠢᠮ ᠤᠨ ᠵᠢᠭᠠᠨ ᠰᠤᠷᠭᠠᠯᠲᠡ ᠶᠢᠨ ᠦᠭᠡᠷᠡᠴᠢᠯᠡᠯᠲᠡ ᠶᠢᠨ ᠶᠠᠰᠦ ᠴᠢᠨᠠᠷ ᠢ ᠦᠨᠡᠨ ᠭᠦ ᠲᠡᠭᠡᠭᠰᠢᠯᠡᠭᠦᠯᠵᠦ᠂ ᠲᠤᠮᠳᠠᠲᠦ ᠰᠤᠷᠭᠠᠭᠤᠯᠢ ᠶᠢᠨ ᠬᠡᠯᠡ ᠪᠢᠴᠢᠭ  ᠤᠨ ᠵᠢᠭᠠᠨ ᠰᠤᠷᠭᠠᠯᠲᠡ ᠶᠢᠨ ᠰᠢᠨ᠎ᠡ ᠦᠢᠯᠠᠭᠠᠬᠳᠠᠬᠤᠨ᠂ ᠰᠢᠨ᠎ᠡ ᠰᠡᠳᠬᠢᠭᠦᠢ ᠬᠢᠭᠡᠳ ᠰᠢᠨ᠎ᠡ ᠲᠤᠷᠰᠢᠯᠭ᠎ᠠ ᠶᠢ ᠰᠤᠳᠤᠯᠤᠨ ᠶᠠᠷᠢᠯᠴᠠᠬᠤ ᠪᠠᠷ 5 ᠰᠡᠷ᠎ᠡ ᠶᠢᠨ 11 ᠤ ᠡᠳᠤᠷ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ  ᠶᠢᠨ ᠱᠧᠩ ᠯᠢ ᠰᠤᠷᠭᠠᠭᠤᠯᠢ ᠶᠢᠨ ᠲᠤᠭᠤᠷᠢᠭ ᠲᠤ ᠪᠦᠬᠦ ᠤᠯᠤᠰ ᠤᠨ ᠨᠠᠢᠮᠠᠨ ᠮᠤᠵᠢ ᠤᠷᠤᠨ ᠵᠢᠴᠢ ᠮᠠᠨ ᠤ ᠤᠷᠤᠨ ᠤ ᠡᠯ᠎ᠡ ᠠᠶᠢᠮᠠᠭ᠂ ᠬᠤᠲᠡ᠂ ᠬᠤᠰᠢᠭᠤᠨ ᠤ ᠰᠤᠷᠭᠠᠨ ᠬᠦᠮᠦᠵᠢᠯ ᠤᠨ ᠲᠤᠪᠴᠢᠶᠠᠨ ᠤ ᠵᠢᠭᠠᠬᠤ ᠶᠢ ᠰᠤᠳᠤᠯᠬᠤ ᠭᠡᠷ ᠤᠨ ᠬᠡᠯᠡ ᠪᠢᠴᠢᠭ ᠤᠨ ᠵᠢᠭᠠᠬᠤ ᠶᠢ ᠰᠤᠳᠤᠯᠤᠬᠴᠢ᠂ ᠲᠤᠮᠳᠠᠲᠦ ᠰᠤᠷᠭᠠᠭᠤᠯᠢ ᠶᠢᠨ ᠬᠡᠯᠡ ᠪᠢᠴᠢᠭ  ᠤᠨ ᠬᠢᠴᠢᠶᠡᠯ ᠲᠦᠷᠦᠯ ᠤᠨ ᠲᠠᠭᠠᠭᠤᠯᠤᠬᠴᠢ᠂ ᠵᠢᠭᠠᠨ ᠰᠤᠷᠭᠠᠬᠤ ᠴᠢᠳᠠᠪᠦᠷᠢᠲᠡᠨ ᠵᠢᠴᠢ ᠶᠡᠭᠡ ᠲᠡᠭᠡᠲᠦ ᠰᠤᠷᠭᠠᠭᠤᠯᠢ  ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠲᠤᠰᠬᠠᠢ ᠮᠡᠷᠭᠡᠵᠢᠯ ᠤᠨ ᠪᠠᠭᠰᠢ ᠨᠠᠷ ᠬᠠᠮᠲᠦ ᠳᠠᠭᠠᠨ ᠴᠤᠬᠯᠠᠷᠠᠵᠦ᠂ ᠤᠳᠤᠬᠠᠨ ᠤ ᠲᠤᠮᠳᠠᠲᠦ ᠰᠤᠷᠭᠠᠭᠤᠯᠢ ᠶᠢᠨ ᠬᠡᠯᠡ ᠪᠢᠴᠢᠭ ᠤᠨ ᠵᠢᠭᠠᠨ ᠰᠤᠷᠭᠠᠯᠲᠡ ᠳᠤ ᠲᠤᠯᠭᠠᠷᠠᠵᠦ ᠪᠠᠶᠢᠭ᠎ᠠ ᠰᠢᠨ᠎ᠡ ᠠᠰᠠᠭᠤᠳᠡᠯ᠂ ᠰᠢᠨ᠎ᠡ ᠦᠵᠡᠭᠲᠡᠯ᠂ ᠰᠢᠨ᠎ᠡ ᠬᠠᠨᠳᠤᠰᠢ ᠪᠤᠯᠤᠨ ᠤᠯᠤᠰ ᠤᠨ ᠰᠢᠨ᠎ᠡ ᠬᠢᠴᠢᠶᠡᠯ ᠤᠨ ᠦᠭᠡᠷᠡᠴᠢᠯᠡᠯᠲᠡ ᠵᠡᠷᠭᠡ ᠠᠭᠤᠯᠭ᠎ᠠ ᠶᠢᠨ ᠲᠤᠭᠤᠷᠢᠨ ᠳᠤ ᠤᠯᠠᠨ ᠬᠠᠷᠠᠭᠠᠰᠦ ᠠᠴᠠ ᠴᠢᠯᠦᠭᠡᠲᠠᠢ ᠶᠠᠷᠢᠯᠴᠠᠵᠦ᠂ ᠲᠤᠷᠰᠢᠯᠭ᠎ᠠ ᠪᠠᠨ ᠳ᠋ᠦᠩᠨᠡᠵᠦ ᠦᠵᠡᠯ ᠪᠤᠳᠤᠯ ᠢᠶᠠᠨ ᠰᠤᠯᠢᠯᠴᠠᠯ᠎ᠡ᠃ ᠲᠤᠤᠷ᠎ᠡ ᠪᠢᠲᠡ ᠪᠠᠭᠰᠢ ᠨᠠᠷ ᠤᠨ ᠦᠵᠡᠯᠲᠡ ᠲᠠᠨᠢᠯᠲᠡ᠂ ᠲᠤᠷᠰᠢᠯᠭ᠎ᠠ ᠤᠷᠤᠯᠳᠤᠯᠭ᠎ᠠ ᠠᠴᠠ ᠬᠤᠪᠢᠶᠠᠯᠴᠠᠶ᠎ᠡ︕      ᠮᠤᠩᠭᠤᠯ ᠬᠡᠯᠡᠨ ᠤ ᠵᠢᠭᠠᠨ ᠰᠤᠷᠭᠠᠯᠲᠡ ᠳᠤ ᠲᠤᠯᠭᠠᠷᠠᠵᠦ ᠪᠠᠶᠢᠭ᠎ᠠ ᠠᠰᠠᠭᠤᠳᠡᠯ      ᠮᠤᠩᠭᠤᠯ ᠦᠰᠦᠭ ᠪᠢᠴᠢᠯᠭᠡ ᠪᠡ ᠮᠤᠩᠭᠤᠯ ᠬᠡᠯᠡᠨ ᠤ ᠤᠩᠰᠢᠯᠭ᠎ᠠ ᠶᠢᠨ ᠲᠦᠷᠢᠮᠵᠢᠯ ᠬᠦᠨᠲᠦ ᠨᠤᠴᠢᠲᠠᠢ ᠠᠰᠠᠭᠤᠳᠡᠯ ᠪᠤᠯᠵᠦ ᠪᠤᠢ᠃ ᠵᠠᠷᠢᠮ ᠦᠭᠡᠰ ᠢ ᠨᠢᠭᠡᠳᠤᠯᠵᠢᠭᠦᠯᠦᠭᠰᠡᠨ ᠤ ᠤᠴᠢᠷ ᠨᠢ ᠬᠡᠯᠡ ᠰᠤᠷᠬᠤ ᠪᠡ ᠬᠡᠯᠡ ᠵᠢᠭᠠᠬᠤ  ᠳᠤ ᠶᠡᠭᠡᠭᠡᠨ ᠶᠠᠷᠰᠢᠭ ᠲᠦᠪᠡᠭ ᠠᠪᠴᠢᠷᠠᠵᠠᠢ᠃ᠮᠤᠩᠭᠤᠯ ᠰᠤᠷᠭᠠᠭᠤᠯᠢ ᠶᠢᠨ ᠰᠤᠷᠤᠭᠴᠢᠳ ᠤᠨ ᠮᠤᠩᠭᠤᠯ ᠬᠡᠯᠡ ᠪᠢᠴᠢᠭ ᠤᠨ ᠬᠢᠷᠢ ᠬᠡᠮᠵᠢᠶ᠎ᠡ ᠨᠡᠶᠢᠲᠡᠮ ᠳᠡᠭᠡᠨ ᠲᠤᠷᠤᠭᠰᠢᠯᠠᠬᠰᠡᠨ ᠪᠠᠶᠢᠨ᠎ᠡ᠃      ᠬᠡᠯᠡ ᠪᠢᠴᠢᠭ ᠤᠨ ᠵᠢᠭᠠᠨ ᠰᠤᠷᠭᠠᠯᠲᠡ ᠲᠦᠭᠡᠷᠢᠭᠲᠡᠯ ᠳᠤ ᠤᠷᠤᠰᠢᠵᠦ ᠪᠤᠢ᠃ ᠬᠡᠯᠡ ᠪᠢᠴᠢᠭ ᠤᠨ ᠵᠢᠭᠠᠨ ᠰᠤᠷᠭᠠᠯᠲᠡ ᠶᠢᠨ ᠲᠤᠬᠠᠢ ᠲᠤᠷᠰᠢᠯᠭ᠎ᠠ ᠪᠠᠨ ᠰᠤᠯᠢᠯᠴᠠᠬᠤ ᠲᠠᠪᠴᠠᠩ ᠲᠤᠳᠠᠬᠳᠠᠵᠦ ᠪᠠᠶᠢᠨ᠎ᠡ᠃      ᠰᠤᠷᠤᠬᠴᠢᠳ ᠢ ᠬᠡᠯᠡᠨ ᠤ ᠮᠡᠲᠡᠷᠡᠮᠵᠢ ᠲᠠᠢ ᠪᠤᠯᠭᠠᠬᠤ ᠳᠤ ᠬᠦᠴᠢᠷᠲᠠᠢ ᠪᠠᠶᠢᠭ᠎ᠠ᠂ ᠬᠡᠯᠡ ᠪᠢᠴᠢᠭ ᠤᠨ ᠵᠢᠭᠠᠨ ᠰᠤᠷᠭᠠᠯᠲᠡ ᠶᠢᠨ ᠰᠤᠳᠤᠯᠭᠠᠨ ᠤ ᠲᠡᠯ᠎ᠡ ᠳᠤ ᠠᠰᠠᠭᠤᠳᠡᠯ ᠤᠷᠤᠰᠢᠵᠦ ᠪᠠᠶᠢᠨ᠎ᠡ᠃      ᠤᠯᠤᠰ ᠤᠨ ᠰᠢᠨ᠎ᠡ ᠬᠢᠴᠢᠶᠡᠯ ᠤᠨ ᠦᠭᠡᠷᠡᠴᠢᠯᠡᠯᠲᠡ᠂ ᠰᠤᠷᠭᠠᠨ ᠬᠦᠮᠦᠵᠢᠯ ᠤᠨ ᠦᠭᠡᠷᠡᠴᠢᠯᠡᠯᠲᠡ ᠶᠢᠨ ᠱᠠᠭᠠᠷᠳᠠᠯᠭ᠎ᠠ ᠪᠠᠷ ᠮᠠᠨ ᠤ ᠮᠤᠩᠭᠤᠯ ᠢᠶᠠᠷ ᠬᠢᠴᠢᠶᠠᠯᠯᠠᠵᠦ ᠪᠠᠶᠢᠭ᠎ᠠ ᠰᠤᠷᠭᠠᠭᠤᠯᠢ ᠤᠳ ᠬᠢᠴᠢᠶᠡᠯ ᠤᠨ ᠦᠭᠡᠷᠡᠴᠢᠯᠡᠯᠲᠡ ᠬᠢᠵᠦ ᠪᠠᠶᠢᠭ᠎ᠠ ᠶᠤᠮ᠃ ᠰᠢᠨ᠎ᠡ ᠬᠢᠴᠢᠶᠡᠯ ᠤᠨ ᠦᠭᠡᠷᠡᠴᠢᠯᠡᠯᠲᠡ ᠳᠤ ᠮᠠᠰᠢ ᠤᠯᠠᠨ ᠠᠰᠠᠭᠤᠳᠡᠯ ᠲᠤᠯᠭᠠᠷᠠᠵᠦ ᠪᠠᠶᠢᠨ᠎ᠡ᠃      ᠮᠤᠩᠭᠤᠯ ᠬᠡᠯᠡᠨ ᠤ ᠵᠢᠭᠠᠨ ᠰᠤᠷᠭᠠᠯᠲᠡ ᠶᠢᠨ ᠰᠢᠨ᠎ᠡ ᠬᠠᠨᠳᠤᠰᠢ — ᠤᠩᠰᠢᠯᠭ᠎ᠠ ᠶᠢ ᠴᠢᠬᠤᠯᠠᠴᠢᠯᠠᠬᠤ ᠪᠤᠯᠤᠯ᠎ᠡ      ᠰᠤᠷᠳᠠᠯᠲᠦ ︵ᠬᠠᠶᠢᠯᠠᠷ ᠲᠠᠬᠢ ᠨᠢᠭᠡᠳᠤᠭᠡᠷ ᠲᠤᠮᠳᠠᠲᠦ ᠰᠤᠷᠭᠠᠭᠤᠯᠢ ᠶᠢᠨ ᠪᠠᠭᠰᠢ︶᠄      ᠤᠩᠰᠢᠯᠭ᠎ᠠ ᠪᠤᠯ ᠬᠡᠯᠡ ᠪᠢᠴᠢᠭ ᠤᠨ ᠵᠢᠭᠠᠨ ᠰᠤᠷᠭᠠᠯᠲᠡ ᠶᠢᠨ ᠠᠮᠢᠨ ᠰᠦᠨᠡᠰᠦ ᠮᠦᠨ᠃ ᠤᠯᠤᠰ ᠤᠨ ᠨᠢᠭᠡᠳᠤᠯᠲᠠᠢ ᠰᠢᠯᠭᠠᠯᠲᠡ ᠳᠤ᠂ ᠪᠤᠳᠠᠲᠦ ᠬᠡᠷᠡᠭᠯᠡᠭᠡᠨ ᠤ ᠵᠤᠬᠢᠶᠠᠯ ᠤᠨ ᠤᠩᠰᠢᠯᠭ᠎ᠠ᠂ ᠬᠡᠷᠡᠭᠯᠡᠭᠡᠨ ᠤ ᠵᠤᠬᠢᠶᠠᠯ ᠤᠨ ᠤᠩᠰᠢᠯᠭ᠎ᠠ᠂ ᠤᠷᠠᠨ ᠵᠤᠬᠢᠶᠠᠯ ᠤᠨ ᠤᠩᠰᠢᠯᠭ᠎ᠠ᠂ ᠡᠷᠲᠡᠨ ᠤ ᠬᠡᠯᠡᠨ ᠤ ᠵᠤᠬᠢᠶᠠᠯ ᠤᠨ ᠤᠩᠰᠢᠯᠭ᠎ᠠ ᠭᠡᠵᠦ ︽ᠤᠩᠰᠢᠯᠭ᠎ᠠ︾ ᠶᠢ ᠴᠢᠬᠤᠯᠠᠴᠢᠯᠠᠵᠦ ᠪᠠᠶᠢᠬᠤ ᠲᠤᠭ ᠲᠡᠮᠲᠡᠭ ᠮᠠᠰᠢ ᠲᠤᠳᠤᠷᠬᠠᠢ ᠪᠤᠯᠤᠭᠰᠡᠨ ᠪᠠᠶᠢᠨ᠎ᠡ᠃ ᠤᠯᠤᠰ ᠤᠨ ᠰᠢᠯᠭᠠᠯᠲᠡ ᠤᠩᠰᠢᠯᠭ᠎ᠠ ᠵᠦᠭ ᠬᠠᠨᠳᠤᠯ᠎ᠡ᠃ ᠬᠡᠭᠦ ᠳᠤ᠂ ᠮᠠᠨ ᠤ ᠰᠤᠷᠭᠠᠭᠤᠯᠢ ᠶᠢᠨ ᠦᠨᠳᠦᠷ ᠲᠤᠮᠳᠠᠲᠦ ᠶᠢᠨ ᠠᠩᠬᠢ ᠶᠢᠨ ᠭᠤᠷᠪᠠᠨ ᠤ ᠨᠢᠭᠡ ᠶᠢᠨ ᠰᠤᠷᠤᠭᠴᠢ ᠬᠢᠴᠢᠶᠡᠯ ᠤᠩᠰᠢᠬᠤ ᠳᠠᠭᠠᠨ ᠲᠤᠷᠴᠦ ᠲᠡᠭᠡᠭᠯᠡᠵᠦ᠂ ᠤᠷᠤᠰᠤᠮ᠎ᠡ ᠰᠠᠶᠢᠬᠠᠨ ᠤᠩᠰᠢᠵᠦ ᠴᠢᠳᠠᠬᠤ ᠦᠭᠡᠢ ᠦᠵᠡᠭᠲᠡᠯ ᠪᠤᠢ᠃ ᠡᠶᠢᠮᠦ ᠠᠴᠠ᠂ ᠬᠡᠯᠡ ᠪᠢᠴᠢᠭ ᠤᠨ ᠤᠩᠰᠢᠯᠭ᠎ᠠ ᠶᠢᠨ ᠠᠰᠠᠭᠤᠳᠡᠯ ᠢ ᠪᠦᠬᠦᠯᠢ ᠪᠦᠲᠦᠨ ᠰᠢᠰᠲ᠋ᠧᠮ ᠠᠴᠠ ᠦᠵᠡᠬᠦ ᠭᠡᠷᠡᠭᠲᠠᠢ᠃ ᠲᠤᠮᠳᠠᠲᠦ ᠰᠤᠷᠭᠠᠭᠤᠯᠢ ᠶᠢᠨ ᠪᠠᠭᠰᠢ ᠨᠠᠷ ᠤᠩᠰᠢᠯᠭ᠎ᠠ ᠶᠢᠨ ᠴᠢᠬᠤᠯᠡ ᠴᠢᠨᠠᠷ ᠢ ᠲᠠᠨᠢᠵᠦ ᠡᠬᠢᠯᠡᠯ᠎ᠡ᠃      ᠤᠩᠰᠢᠯᠭ᠎ᠠ ᠶᠢ ᠲᠠᠷᠢᠭᠦᠨ ᠳᠤ ᠲᠠᠯᠪᠢᠬᠤ ᠶᠢ ᠪᠦᠬᠦ ᠪᠠᠭᠰᠢ ᠨᠠᠷ ᠲᠤ ᠲᠠᠨᠢᠭᠤᠯᠬᠤ ᠴᠢᠬᠤᠯᠠ ᠲᠠᠢ᠃ ᠪᠢᠲᠡ ᠲᠡᠭᠡᠲᠦ ᠲᠤᠮᠳᠠᠲᠦ ᠶᠢᠨ ᠨᠢᠭᠡ ᠬᠤᠶᠠᠳᠤᠭᠠᠷ ᠤᠨ ᠳᠤ ᠤᠩᠰᠢᠯᠭ᠎ᠠ ᠶᠢ 20% ᠪᠠᠷ ᠤᠷᠤᠭᠤᠯᠵᠦ ᠰᠢᠯᠭᠠᠵᠦ ᠪᠤᠢ᠃ ᠪᠠᠭ᠎ᠠ ᠰᠤᠷᠭᠠᠭᠤᠯᠢ ᠪᠤᠶᠦ ᠠᠩᠬ᠎ᠠ ᠲᠤᠮᠳᠠᠲᠦ ᠶᠢᠨ ᠰᠢᠯᠭᠠᠯᠲᠡ ᠳᠤ ᠤᠩᠰᠢᠯᠭ᠎ᠠ ᠶᠢ ᠨᠠᠮᠠᠨ ᠤᠷᠤᠭᠤᠯᠵᠦ ᠪᠤᠯᠤᠨ᠎ᠡ᠃      ᠤᠩᠰᠢᠯᠭ᠎ᠠ ᠶᠢᠨ ᠴᠢᠬᠤᠯᠠᠴᠢᠯᠠᠯ ᠠᠴᠠ ᠪᠤᠯᠤᠭᠰᠡᠨ ᠠᠮᠵᠢᠯᠲᠡ ᠶᠢᠨ ᠵᠢᠱᠢᠶ᠎ᠡ      ᠸᠠᠩ ᠵᠢᠨᠬᠤᠸᠠᠷ ︵ᠬᠤᠷᠴᠢᠨ ᠵᠠᠭᠦᠨ ᠭᠠᠷᠤᠨ ᠬᠤᠶᠢᠲᠦ ᠬᠤᠰᠢᠭᠤᠨ ᠤ ᠮᠤᠩᠭᠤᠯ ᠦᠨᠳᠦᠰᠦᠲᠡᠨ ᠤ ᠲᠤᠷᠰᠢᠯᠲᠡ ᠶᠢᠨ ᠲᠤᠮᠳᠠᠲᠦ ᠰᠤᠷᠭᠠᠭᠤᠯᠢ︶᠄      ᠠᠩᠬ᠎ᠠ ᠲᠤᠮᠳᠠᠲᠦ ᠶᠢᠨ ᠰᠢᠯᠭᠠᠯᠲᠡ ᠳᠤ᠂ ᠵᠤᠬᠢᠶᠠᠯ 50 ᠬᠤᠪᠢ᠂ ᠤᠩᠰᠢᠯᠭ᠎ᠠ 40 ᠬᠤᠪᠢ᠂ ᠦᠨᠳᠦᠰᠦᠨ ᠪᠤᠯᠪᠠᠰᠤᠷᠡᠯ 30 ᠬᠤᠪᠢ ᠶᠢ ᠡᠵᠡᠯᠡᠵᠦ ᠪᠤᠢ᠃      ᠰᠤᠷᠤᠭᠴᠢᠳ ᠲᠠᠭᠠᠨ ︽ᠤᠩᠰᠢᠯᠭ᠎ᠠ ᠪᠠᠷ ᠲᠠᠮᠵᠢᠨ ᠮᠤᠩᠭᠤᠯ ᠬᠡᠯᠡᠨ ᠤ ᠴᠢᠳᠠᠪᠦᠷᠢ ᠶᠢ ᠲᠡᠭᠡᠭᠰᠢᠯᠡᠭᠦᠯᠬᠦ︾ ᠵᠢᠭᠠᠨ ᠰᠤᠷᠭᠠᠬᠤ ᠲᠤᠷᠰᠢᠯᠲᠡ ᠬᠢᠬᠦ ᠪᠠᠷ ᠲᠠᠮᠵᠢᠨ᠂ ᠰᠤᠷᠤᠭᠴᠢᠳ ᠤᠨ ᠢᠶᠠᠨ ᠵᠦᠪ ᠤᠩᠰᠢᠯᠭ᠎ᠠ᠂ ᠵᠦᠪ ᠪᠢᠴᠢᠯᠭᠡ᠂ ᠵᠤᠬᠢᠶᠠᠨ ᠪᠢᠴᠢᠯᠭᠡ ᠶᠢᠨ ᠬᠢᠷᠢ ᠬᠡᠮᠵᠢᠶ᠎ᠡ ᠶᠢ ᠪᠦᠲᠦᠮᠵᠢᠲᠠᠢ ᠲᠡᠭᠡᠭᠰᠢᠯᠡᠭᠦᠯᠪᠡ᠃      ᠮᠤᠩᠭᠤᠯ ᠬᠡᠯᠡᠨ ᠤ ᠬᠢᠴᠢᠶᠠᠯᠯᠡᠭᠡ ᠳᠡᠭᠡᠨ᠂ ᠲᠠᠪᠤᠨ ᠴᠠᠭ ᠲᠤ ᠵᠢᠭᠠᠬᠤ ᠠᠭᠤᠯᠭ᠎ᠠ ᠶᠢ ᠭᠤᠷᠪᠠᠨ ᠴᠠᠭ ᠲᠤ ᠲᠠᠭᠤᠰᠬᠠᠵᠦ᠂ ᠦᠯᠡᠲᠡᠭᠰᠡᠨ ᠬᠤᠶᠠᠷ ᠴᠠᠭ ᠤᠨ ᠮᠤᠩᠭᠤᠯ ᠬᠡᠯᠡᠨ ᠤ ᠬᠢᠴᠢᠶᠡᠯ ᠢᠶᠠᠨ ᠤᠩᠰᠢᠯᠭ᠎ᠠ ᠶᠢᠨ ᠦᠷᠦᠭᠡᠨ ᠳᠤ ᠤᠷᠤᠬᠤ︔      ᠰᠤᠷᠤᠭᠴᠢᠳ ᠢᠶᠠᠨ ᠨᠤᠮ ᠦᠵᠡᠭᠦᠯᠬᠦ ᠲᠤᠷ᠎ᠡ ᠪᠠᠬ᠎ᠠ ᠳᠤ ᠤᠷᠤᠭᠤᠯᠬᠤ ᠳᠠᠭᠠᠨ ᠵᠢᠷᠤᠬᠲᠦ ᠨᠤᠮ ᠦᠵᠡᠭᠦᠯᠬᠦ᠂ ᠦᠯᠢᠭᠡᠷᠲᠦ ᠨᠤᠮ ᠦᠵᠡᠭᠦᠯᠬᠦ ᠠᠴᠠ ᠭᠠᠷᠳᠠᠵᠦ᠂ ᠦᠯᠢᠭᠡᠷ ᠶᠠᠷᠢᠭᠤᠯᠵᠦ ᠨᠤᠮ ᠤᠩᠰᠢᠭᠰᠡᠨ ᠲᠠᠮᠲᠡᠭᠯᠡᠯ ᠬᠢᠵᠦ ᠪᠠᠶᠢᠬᠰᠡᠨ ᠢᠶᠠᠨ ᠠᠭᠠᠵᠢᠮ ᠢᠶᠠᠨ ᠤᠬᠤᠷ ᠦᠭᠦᠯᠡᠯᠭᠡ ᠷᠤᠮᠠᠨ ᠤᠩᠰᠢᠭᠤᠯᠬᠤ ᠮᠡᠲᠦ ᠪᠠᠷ ᠨᠤᠮ ᠤᠨ ᠠᠭᠤᠯᠭ᠎ᠠ ᠶᠢ ᠠᠭᠠᠵᠢᠮ ᠢᠶᠠᠷ ᠬᠦᠨᠵᠡᠭᠡᠶᠢᠷᠡᠭᠦᠯᠵᠦ᠂ ᠰᠤᠷᠤᠭᠴᠢᠳ ᠢᠶᠠᠨ ᠨᠤᠮ ᠳᠤ ᠪᠠᠭ᠋ᠠᠲᠠᠢ ᠪᠤᠯᠭᠠᠯ᠎ᠡ︔      2 ᠵᠢᠯ ᠤᠨ ᠲᠤᠷᠰᠢ ᠤᠩᠰᠢᠯᠭ᠎ᠠ ᠶᠢ ᠴᠢᠬᠤᠯᠠᠴᠢᠯᠠᠵᠦ ᠠᠳᠬᠤᠭᠰᠡᠨ ᠠᠴᠠ ᠤᠨ ᠨᠢᠭᠡᠴᠢ ᠳᠡᠭᠡᠨ ᠬᠤᠶᠢᠨ᠎ᠡ  ᠠᠴᠠ ᠲᠡᠮᠲᠡᠷᠢᠵᠦ᠂ ᠲᠡᠭᠰᠢᠳᠭᠡᠯ ᠬᠤᠪᠢ ᠪᠠᠷ ᠲᠠᠷᠢᠭᠦᠨ ᠤ ᠠᠩᠭᠢ ᠠᠴᠠ ᠪᠠᠨ 10 ᠰᠢᠬᠠᠮ ᠬᠤᠪᠢ ᠬᠤᠴᠤᠷᠴᠦ ᠪᠠᠶᠢᠬᠰᠡᠨ ᠬᠤᠶᠠᠷ ᠠᠩᠬᠢ ᠨᠢ ᠤᠳᠤ ᠤᠨ ᠨᠢᠭᠡᠴᠢ ᠳᠡᠭᠡᠨ ᠲᠡᠷᠢᠭᠦᠯᠡᠬᠦ ᠪᠤᠯᠵᠦ᠂ ᠬᠤᠶᠠᠳᠤᠭᠠᠷ ᠨᠠᠷᠡᠰ ᠢᠶᠠᠨ ᠲᠡᠭᠰᠢᠳᠭᠡᠭᠡᠳ 5 ᠬᠤᠪᠢ ᠬᠠᠶᠠᠵᠦ ᠪᠠᠶᠢᠨ᠎ᠡ᠃      ᠬᠡᠯᠡ ᠪᠢᠴᠢᠭ ᠤᠨ ᠬᠢᠴᠢᠶᠡᠯ ᠤᠨ ᠵᠢᠭᠠᠨ ᠰᠤᠷᠭᠠᠯᠲᠡ ᠳᠤ ᠠᠪᠴᠦ ᠪᠠᠶᠢᠭ᠎ᠠ ᠠᠷᠭ᠎ᠠ ᠲᠤᠷᠰᠢᠯᠭ᠎ᠠ      ᠶᠢᠨ ᠴᠢᠶᠠᠨ ︵ᠬᠢᠩᠭᠠᠨ ᠠᠶᠢᠮᠠᠭ ᠤᠨ ᠢᠨᠲᠡᠷ ᠵᠢᠷᠭᠤᠳᠤᠭᠠᠷ ᠲᠤᠮᠳᠠᠲᠦ ᠰᠤᠷᠭᠠᠭᠤᠯᠢ ᠶᠢᠨ ᠵᠠᠬᠢᠷᠤᠯ︶᠄      ᠤᠩᠰᠢᠯᠭ᠎ᠠ ᠶᠢ ᠬᠤᠭᠤᠴᠠᠭᠠᠨ ᠲᠤᠮᠲᠡ ᠪᠡ ᠬᠤᠭᠤᠴᠠᠭᠠᠨ ᠰᠡᠭᠦᠯ ᠤᠨ ᠰᠢᠯᠭᠠᠯᠲᠡ ᠶᠢᠨ ᠬᠤᠪᠢ ᠳᠤ ᠤᠷᠤᠭᠤᠯᠤᠨ᠎ᠡ᠃ ᠬᠡᠯᠡ ᠪᠢᠴᠢᠭ ᠤᠨ ᠬᠢᠴᠢᠶᠡᠯ ᠢ ᠦᠲᠡ ᠶᠢᠨ ᠡᠮᠦᠨ᠎ᠡ ᠲᠤᠬᠢᠷᠠᠭᠤᠯᠵᠦ᠂ ᠪᠠᠰᠡ ᠲᠤᠰᠬᠠᠢ ᠤᠩᠰᠢᠯᠭ᠎ᠠ  ᠶᠢᠨ ᠬᠢᠴᠢᠶᠡᠯ ᠲᠤᠬᠢᠷᠠᠭᠤᠯᠵᠠᠢ᠃ ᠬᠡᠯᠡ ᠪᠢᠴᠢᠭ ᠤᠨ ᠵᠢᠭᠠᠨ ᠰᠤᠷᠭᠠᠯᠲᠡ ᠶᠢ ᠴᠢᠬᠤᠯᠠᠴᠢᠯᠡᠵᠦ ᠪᠠᠶᠢᠪᠡᠴᠦ ᠦᠷ᠎ᠡ ᠪᠦᠲᠦᠮᠵᠢ ᠲᠠᠶᠢᠮᠦ ᠰᠠᠶᠢᠨ ᠪᠢᠰᠢ᠃      ᠪᠠᠭᠰᠢ ᠶᠢᠨ ᠡᠩᠨᠡᠭᠡ ᠶᠢᠨ ᠪᠠᠶᠢᠭᠤᠯᠤᠯᠲᠡ ᠪᠠᠨ ᠴᠢᠩᠭᠠᠳᠬᠠᠵᠦ᠂ ᠪᠠᠭ᠎ᠠ ᠰᠤᠷᠭᠠᠭᠤᠯᠢ᠂ ᠠᠩᠬ᠎ᠠ ᠲᠤᠮᠳᠠᠲᠦ᠂ ᠲᠡᠭᠡᠲᠦ ᠲᠤᠮᠳᠠᠲᠦ ᠰᠤᠷᠭᠠᠭᠤᠯᠢ ᠶᠢᠨ ᠵᠢᠭᠠᠨ ᠰᠤᠷᠭᠠᠯᠲᠡ ᠶᠢᠨ ᠠᠷᠭ᠎ᠠ ᠬᠡᠯᠪᠡᠷᠢ ᠶᠢᠨ ᠲᠤᠬᠠᠢ ᠬᠤᠭᠤᠷᠤᠨᠲᠦ ᠪᠠᠨ ᠤᠶᠢᠯᠠᠭᠠᠯᠴᠠᠬᠤ ᠦᠭᠡᠢ ᠪᠠᠶᠢᠲᠡᠯ ᠳᠤ ᠴᠢᠭᠯᠡᠭᠦᠯᠦᠨ᠂ ᠬᠤᠭᠤᠷᠤᠨᠳᠤᠬᠢ ᠤᠶᠢᠯᠠᠭᠠᠯᠴᠠᠭ᠎ᠠ ᠶᠢ ᠴᠢᠩᠭᠠᠳᠬᠠᠨ᠂ ᠵᠢᠭᠠᠨ ᠰᠤᠷᠭᠠᠯᠲᠡ ᠶᠢᠨ ᠦᠷ᠎ᠡ ᠪᠦᠲᠦᠮᠵᠢ ᠶᠢ ᠲᠡᠭᠡᠭᠰᠢᠯᠡᠭᠦᠯᠬᠦ ᠪᠠᠷ ᠴᠢᠷᠮᠠᠶᠢᠨ᠎ᠡ᠃      ᠬᠡᠦᠭᠡᠳ ᠤᠨ ᠬᠡᠯᠡᠨ ᠤ ᠤᠷᠴᠢᠨ ᠢ ᠰᠠᠶᠢᠵᠢᠷᠠᠭᠤᠯᠵᠦ᠂ ᠮᠤᠩᠭᠤᠯ ᠨᠤᠮ ᠤᠩᠰᠢᠯᠭ᠎ᠠ ᠶᠢ ᠴᠢᠩᠭᠠᠳᠬᠠᠬᠤ ᠲᠡᠯ᠎ᠡ ᠪᠠᠷ ᠪᠤᠰᠤᠳ ᠭᠠᠵᠠᠷ ᠤᠨ ᠰᠠᠶᠢᠨ ᠲᠤᠷᠰᠢᠯᠭ᠎ᠠ ᠶᠢ ᠰᠤᠷᠤᠯᠴᠠᠬᠤ ᠪᠠᠷ ᠵᠤᠷᠢᠵᠦ ᠢᠷᠡᠯ᠎ᠡ᠃      ᠡᠷᠳᠡᠨᠢᠪᠠᠶᠠᠷ ︵ᠳ᠋ᠠᠪᠠᠨ ᠳᠠᠬᠢ ᠮᠤᠩᠭᠤᠯ ᠦᠨᠳᠦᠰᠦᠲᠡᠨ ᠤ ᠲᠤᠮᠳᠠᠲᠦ ᠰᠤᠷᠭᠠᠭᠤᠯᠢ ᠶᠢᠨ ᠪᠠᠭᠰᠢ︶᠄      — ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠳᠠᠬᠢ ᠮᠤᠩᠭᠤᠯ ᠦᠨᠳᠦᠰᠦᠲᠡᠨ ᠤ ᠲᠤᠮᠲᠠᠲᠦ ᠰᠤᠷᠭᠠᠭᠤᠯᠢ ᠶᠢᠨ ᠪᠠᠭᠰᠢᠨᠠᠷ ᠵᠢᠭᠠᠬᠤ ᠮᠠᠲ᠋ᠧᠷᠢᠶᠡᠯ ᠤᠨ ᠡᠬᠢ ᠪᠠᠶᠠᠯᠢᠭ ᠢ ᠨᠡᠭᠡᠭᠡᠨ ᠠᠰᠢᠬᠯᠠᠬᠤ ᠳᠤ ᠵᠤᠷᠢᠬᠲᠠᠢ ᠬᠠᠶᠢᠯᠲᠡ ᠡᠷᠢᠯᠲᠡ ᠬᠢᠵᠦ ᠪᠤᠢ᠃ ᠲᠤᠰ ᠰᠤᠷᠭᠠᠭᠤᠯᠢ ᠶᠢᠨ ᠮᠤᠩᠭᠤᠯ ᠬᠡᠯᠡᠨ ᠤ ᠪᠠᠭᠰᠢ ᠨᠠᠷ ᠭᠠᠷᠠᠭ ᠤᠨ ᠴᠢᠯᠦᠭᠡ᠂ ᠰᠡᠷ᠎ᠡ ᠶᠢᠨ ᠠᠮᠠᠷᠠᠯᠲᠡ᠂ ᠡᠪᠤᠯ ᠵᠤᠨ ᠤ ᠠᠮᠠᠷᠠᠯᠲᠡ ᠳᠤ ︽ᠤᠳᠬ᠎ᠠ ᠶᠢᠨ ᠴᠢᠮᠡᠭ︾᠂ ︽ᠪᠤᠯᠤᠷ ᠴᠤᠮᠤ︾᠂ ︽ᠲᠡᠭᠷᠢ ᠶᠢᠨ ᠪᠤᠲᠤᠭᠤ︾᠂ ︽ᠲᠢᠲᠢᠮ ᠦᠭᠡ︾ ᠵᠡᠷᠭᠡ ᠲᠡᠭᠦᠪᠦᠷᠢ ᠪᠤᠶᠦ ᠮᠤᠩᠭᠤᠯ ᠰᠦᠯᠵᠢᠶ᠎ᠡ᠂ ᠨᠤᠮ ᠰᠡᠳᠬᠦᠯ ᠠᠴᠠ ᠵᠤᠬᠢᠶᠠᠯ ᠰᠢᠯᠢᠨ ᠲᠠᠷᠤᠮᠠᠯᠯᠠᠵᠦ᠂ ︽ᠤᠷᠮᠠᠰᠢᠨ ᠤᠩᠰᠢᠬᠤᠢ︾᠂ ︽ᠠᠮᠳᠠᠷᠬᠠᠨ ᠤᠩᠰᠢᠬᠤᠢ︾ ᠭᠡᠮᠡᠬᠦ ᠰᠤᠷᠤᠭᠴᠢᠳ ᠤᠨ ᠤᠩᠰᠢᠯᠭ᠎ᠠ ᠶᠢᠨ ᠮᠠᠲ᠋ᠧᠷᠢᠶᠡᠯ ᠪᠤᠯᠭᠠᠵᠦ ᠪᠠᠶᠢᠬᠤ ᠨᠢ ᠨᠡᠯᠢᠶᠠᠳ ᠦᠷ᠎ᠡ ᠪᠦᠲᠦᠮᠵᠢ ᠤᠯᠵᠦ ᠪᠤᠢ᠃       — ᠡᠭᠡ ᠬᠡᠯᠡᠨ ᠤ ᠬᠦᠮᠦᠵᠢᠯ ᠦᠢᠯᠡᠳᠤᠯᠭᠡ ᠶᠢᠨ ᠬᠢᠴᠢᠶᠡᠯ ᠢ ᠬᠦᠨᠳᠦᠳᠭᠡᠨ ᠦᠵᠡᠬᠦᠡᠭᠡ ᠬᠡᠯᠡᠨ ᠤ ︽ᠠᠩᠬᠠᠨ ᠤ ᠬᠢᠴᠢᠶᠡᠯ︾ ᠤᠷᠤᠬᠤ᠃ ᠡᠨᠡ ᠨᠢ ᠰᠤᠷᠤᠭᠴᠢᠳ ᠲᠤ ᠰᠡᠳᠬᠢᠯᠭᠡ ᠶᠢᠨ ᠤᠷᠴᠢᠨ ᠢ ᠪᠦᠲᠦᠭᠡᠵᠦ᠂ ᠬᠡᠯᠡ ᠰᠤᠷᠬᠤ ᠲᠠᠨᠢᠯᠲᠡ ᠤᠬᠠᠮᠰᠠᠷ ᠢ ᠲᠡᠭᠡᠭᠰᠢᠯᠡᠭᠦᠯᠬᠦ᠂ ᠢᠲᠡᠭᠡᠯ ᠢ ᠨᠢ ᠲᠠᠶᠢᠴᠢᠯᠠᠬᠤ᠂ ᠠᠷᠭ᠎ᠠ ᠲᠡᠮ ᠢ ᠪᠦᠷᠢᠯᠳᠤᠭᠦᠯᠬᠦ᠂ ᠬᠦᠰᠡᠯ ᠢ ᠨᠢ ᠬᠦᠪᠦᠷᠡᠭᠦᠯᠬᠦ᠂ ᠪᠦᠲᠦᠭᠡᠯᠴᠢ ᠰᠡᠳᠬᠢᠭᠦᠢ ᠶᠢ ᠨᠢ ᠲᠠᠶᠢᠴᠢᠯᠠᠬᠤ ᠠᠴᠢ ᠬᠤᠯᠪᠤᠬᠳᠠᠯ  ᠲᠠᠢ᠃       — ᠳ᠋ᠠᠪᠠᠨ ᠳᠠᠬᠢ ᠮᠤᠩᠭᠤᠯ ᠦᠨᠳᠦᠰᠦᠲᠡᠨ ᠤ ᠲᠤᠮᠳᠠᠲᠦ ᠰᠤᠷᠭᠠᠭᠤᠯᠢ ︽ᠤᠩᠭᠤᠨ ᠴᠤᠤᠷᠠᠢ︾ ᠢᠷᠡᠭᠤ ᠤᠩᠰᠢᠯᠭ᠎ᠠ ᠶᠢᠨ ᠤᠷᠤᠯᠳᠤᠭᠠᠨ᠂ ︽ᠬᠦᠮᠦᠨ ᠪᠤᠯᠬᠤ ᠪᠠᠭ᠎ᠠ ᠠᠴᠠ ᠪᠠᠨ᠂ ᠬᠦᠯᠦᠭ ᠪᠤᠯᠬᠤ ᠤᠬᠠᠭᠠᠨ ᠠᠴᠠ ᠪᠠᠨ︾ ᠭᠡᠭᠦ ᠭᠤᠤᠯ ᠰᠡᠳᠤᠪᠲᠦ ᠶᠠᠷᠢᠶ᠎ᠡ ᠢᠯᠡᠳᠭᠡᠯ ᠤᠨ ᠤᠷᠤᠯᠳᠤᠭᠠᠨ᠂ ︽ᠪᠤᠯᠤᠷ ᠡᠷᠢᠭᠡ︾ ᠮᠡᠲᠡᠯᠭᠡ ᠶᠢᠨ ᠤᠷᠤᠯᠳᠤᠭᠠᠨ᠂ ︽ᠵᠦᠪ ᠪᠢᠴᠢᠯᠭᠡ ᠶᠢᠨ ᠰᠤᠨᠤᠰᠤᠨ ᠪᠢᠴᠢᠯᠭᠡ︾ ᠶᠢᠨ ᠤᠷᠤᠯᠳᠤᠭᠠᠨ᠂ ︽ᠨᠠᠢᠮᠠᠨ ᠰᠢᠷᠭ᠎ᠠ︾ ᠵᠤᠬᠢᠶᠠᠨ ᠪᠢᠴᠢᠯᠭᠡ ᠶᠢᠨ ᠤᠷᠤᠯᠳᠤᠭᠠᠨ᠂ ︽ᠨᠤᠮ ᠡᠷᠲᠡᠨᠢ︾ ᠮᠤᠩᠭᠤᠯ ᠨᠤᠮ ᠤᠨ ᠲᠡᠯᠭᠡᠨ ᠦᠵᠡᠭᠦᠯᠭᠡ᠂ ︽ᠮᠤᠩᠭᠤᠯ ᠰᠤᠶᠤᠯ ᠤᠨ ᠡᠳᠦᠷᠯᠢᠭ︾᠂ ︽ᠪᠢᠴᠢᠮᠡᠯ ᠰᠤᠨᠢᠨ︾᠂ ︽ᠬᠠᠨ᠎ᠡ ᠶᠢᠨ ᠰᠤᠨᠢᠨ︾ ᠮᠡᠲᠦ ᠶᠢᠨ ᠤᠯᠠᠨ ᠠᠵᠢᠯᠯᠠᠭ᠎ᠠ ᠪᠠᠷ ᠲᠠᠮᠵᠢᠨ ᠡᠭᠡ ᠬᠡᠯᠡ ᠪᠠᠨ ᠦᠢᠯᠡᠳᠤᠯᠭᠡ ᠲᠤᠮᠲᠡ ᠠᠴᠠ ᠡᠵᠡᠮᠰᠢᠭᠦᠯᠬᠦ ᠶᠢ ᠴᠢᠬᠤᠯᠠᠴᠢᠯᠠᠵᠦ ᠪᠠᠶᠢᠨ᠎ᠡ᠃      ᠮᠤᠩᠭᠤᠯ ᠬᠡᠯᠡᠨ ᠤ ᠵᠢᠭᠠᠨ ᠰᠤᠷᠭᠠᠯᠲᠡ ᠳᠤ ᠤᠷᠤᠰᠢᠵᠦ ᠪᠠᠶᠢᠭ᠎ᠠ ᠠᠰᠠᠭᠤᠳᠡᠯ ᠢ ᠬᠡᠷᠬᠢᠨ ᠰᠢᠢᠳᠪᠦᠷᠢᠯᠡᠬᠦ ᠪᠤᠢ︖      ᠨᠡᠶᠢᠭᠡᠮ ᠤᠨ ᠬᠦᠭᠵᠢᠯᠲᠡ ᠲᠠᠪᠰᠢᠯᠲᠡ ᠶᠢ ᠲᠠᠭᠠᠯᠳᠤᠨ ᠮᠤᠩᠭᠤᠯ ᠬᠡᠯᠡ ᠪᠢᠴᠢᠭ ᠤᠨ ᠵᠢᠭᠠᠨ ᠰᠤᠷᠭᠠᠯᠲᠡ  ᠳᠤ ᠬᠦᠴᠢᠷᠲᠠᠢ ᠠᠰᠠᠭᠤᠳᠡᠯ ᠲᠤᠯᠭᠠᠷᠠᠵᠦ ᠪᠠᠶᠢᠭ᠎ᠠ ᠶᠤᠮ᠃ ᠬᠤᠲᠡ ᠶᠢᠨ ᠬᠡᠦᠭᠡᠳ ᠤᠨ ᠬᠠᠮᠤᠭ ᠤᠨ ᠰᠤᠷᠬᠤ ᠲᠤᠷ᠎ᠡ ᠦᠭᠡᠢ ᠬᠢᠴᠢᠶᠡᠯ ᠨᠢ ᠮᠤᠩᠭᠤᠯ ᠬᠡᠯᠡ ᠪᠤᠯᠵᠦ᠂ ᠰᠤᠷᠬᠤ ᠳᠤ ᠬᠠᠮᠤᠭ ᠤᠨ ᠬᠦᠴᠢᠷ ᠬᠢᠴᠢᠶᠡᠯ ᠨᠢ ᠮᠦᠨ ᠴᠦ ᠮᠤᠩᠭᠤᠯ ᠬᠡᠯᠡ ᠪᠤᠯᠵᠦ᠂ ᠮᠤᠩᠭᠤᠯ ᠬᠡᠯᠡᠨ ᠤ ᠪᠠᠭᠰᠢᠨᠠᠷ ᠤᠨ ᠲᠤᠯᠤᠭᠠᠢ ᠡᠪᠡᠳᠤᠮᠠᠷ ᠶᠠᠪᠤᠳᠠᠯ ᠪᠤᠯᠵᠦ ᠪᠤᠢ᠃ ᠡᠨᠡ ᠨᠢ ᠬᠡᠯᠡᠨ ᠤ ᠤᠷᠴᠢᠨ ᠢᠪᠴᠤᠷᠠᠭᠰᠡᠨ ᠲᠠᠢ ᠰᠢᠭᠤᠳ ᠬᠤᠯᠪᠤᠭ᠎ᠠ ᠲᠠᠢ ᠪᠠᠶᠢᠬᠤ ᠶᠢ ᠬᠦᠮᠦᠰ ᠪᠦᠷ ᠮᠡᠲᠡᠷᠡᠵᠦ ᠪᠤᠢ᠃ ᠲᠡᠭᠡᠪᠡᠯ ᠡᠨᠡ ᠬᠦ ᠪᠤᠳᠠᠲᠦ ᠠᠬᠤᠢ ᠶᠢᠨ ᠡᠮᠦᠨ᠎ᠡ᠂ ᠲᠦᠷᠦᠯᠬᠢ ᠬᠡᠯᠡ ᠶᠢ ᠨᠢ ᠬᠡᠦᠭᠡᠳ ᠲᠤ ᠰᠠᠶᠢᠨ ᠡᠵᠡᠮᠰᠢᠭᠦᠯᠬᠦ ᠨᠢ ᠮᠠᠨ ᠤ ᠪᠠᠭᠰᠢ ᠨᠠᠷ ᠪᠤᠯᠤᠨ ᠬᠡᠷ ᠤᠨ ᠠᠬᠠᠮᠠᠳ ᠤᠨ ᠡᠮᠦᠨ᠎ᠡ ᠲᠠᠯᠪᠢᠬᠳᠠᠵᠦ ᠪᠠᠶᠢᠭ᠎ᠠ ᠴᠢᠬᠤᠯᠠ ᠠᠰᠠᠭᠤᠳᠡᠯ ᠪᠤᠯᠬᠤ ᠶᠤᠮ᠃      ᠲᠡᠭᠡᠪᠡᠯ᠂ ᠬᠡᠯᠡ ᠪᠢᠴᠢᠭ ᠤᠨ ᠵᠢᠭᠠᠨ ᠰᠤᠷᠭᠠᠯᠲᠡ ᠶᠢᠨ ᠲᠤᠬᠠᠢ ︽ᠬᠡᠯᠡ ᠪᠢᠴᠢᠭ ᠤᠨ ᠬᠢᠴᠢᠶᠡᠯ ᠤᠨ ᠪᠠᠷᠢᠮᠵᠢᠶ᠎ᠡ︾ ᠳᠤ᠄ ︽ᠬᠡᠯᠡ ᠪᠢᠴᠢᠭ ᠤᠨ ᠬᠢᠴᠢᠶᠡᠯ ᠪᠤᠯ ᠰᠤᠷᠤᠭᠴᠢᠳ ᠢ ᠵᠤᠬᠢᠶᠠᠨ ᠪᠠᠶᠢᠭᠤᠯᠵᠦ᠂ ᠲᠦᠷᠦᠯᠬᠢ ᠬᠡᠯᠡ ᠤᠩᠰᠢᠬᠤ᠂ ᠪᠢᠴᠢᠬᠦ᠂ ᠶᠠᠷᠢᠬᠤ᠂ ᠰᠤᠨᠤᠰᠬᠤ ᠦᠢᠯᠡᠳᠤᠯᠭᠡ ᠳᠤ ᠦᠷᠭᠡᠨ ᠲᠡᠯᠭᠡᠷ ᠤᠷᠤᠯᠴᠠᠭᠤᠯᠬᠤ ᠪᠠᠷ ᠲᠠᠮᠵᠢᠵᠦ᠂ ᠬᠡᠯᠡ ᠵᠤᠬᠢᠶᠠᠯ ᠤᠨ ᠦᠨᠳᠦᠰᠦᠨ ᠮᠡᠲᠡᠯᠭᠡ ᠴᠢᠳᠠᠪᠦᠷᠢ ᠶᠢ ᠡᠵᠡᠮᠰᠢᠭᠦᠯᠦᠨ᠂ ᠬᠡᠯᠡᠨ ᠤ ᠮᠡᠲᠡᠷᠡᠮᠵᠢ ᠶᠢ ᠨᠢ ᠲᠠᠰᠤᠷᠠᠯᠲᠡ ᠦᠭᠡᠢ ᠲᠡᠭᠡᠭᠰᠢᠯᠡᠭᠦᠯᠵᠦ᠂ ᠬᠡᠯᠡ ᠰᠤᠶᠤᠯ ᠤᠨ ᠶᠡᠷᠦᠩᠬᠡᠢ ᠬᠡᠪ ᠪᠤᠯᠪᠠᠰᠤᠷᠡᠯ ᠢ ᠨᠢ ᠪᠦᠬᠦ ᠲᠡᠯ᠎ᠡ ᠪᠠᠷ ᠬᠦᠮᠦᠵᠢᠭᠦᠯᠬᠦ ᠵᠢᠭᠠᠨ ᠰᠤᠷᠭᠠᠯᠲᠡ ᠶᠢᠨ ᠶᠠᠪᠤᠴᠡ ᠮᠦᠨ︾ ᠭᠡᠵᠦ ᠲᠤᠷᠠᠳᠤᠬᠰᠡᠨ ᠪᠠᠶᠢᠳᠠᠭ᠃ ᠡᠭᠦᠨ ᠠᠴᠠ ᠦᠵᠡᠬᠦ ᠳᠤ᠂ ᠬᠡᠯᠡ ᠪᠢᠴᠢᠭ ᠤᠨ ᠬᠢᠴᠢᠶᠡᠯ ᠨᠢ ᠰᠤᠷᠤᠭᠴᠢᠳ ᠤᠨ ᠲᠦᠷᠦᠯᠬᠢ ᠬᠡᠯᠡᠨ ᠤ ᠤᠩᠰᠢᠬᠤ᠂ ᠪᠢᠴᠢᠬᠦ᠂ ᠶᠠᠷᠢᠬᠤ᠂ ᠰᠤᠨᠤᠰᠬᠤ᠂ ᠦᠨᠳᠦᠰᠦᠨ ᠮᠡᠲᠡᠯᠭᠡ ᠴᠢᠳᠠᠪᠦᠷᠢ ᠶᠢ ᠬᠦᠮᠦᠵᠢᠭᠦᠯᠬᠦ ᠪᠠᠷ ᠪᠠᠷᠠᠬᠤ ᠦᠭᠡᠢ ᠪᠠᠰᠡ ᠬᠡᠯᠡᠨ ᠤ ᠮᠡᠲᠡᠷᠡᠮᠵᠢ ᠶᠢ ᠲᠡᠭᠡᠭᠰᠢᠯᠡᠭᠦᠯᠦᠨ ᠬᠡᠯᠡ ᠰᠤᠶᠤᠯ ᠤᠨ ᠶᠡᠷᠦᠩᠭᠡᠢ ᠬᠡᠪ ᠪᠤᠯᠪᠠᠰᠤᠷᠡᠯ ᠢ ᠬᠦᠮᠦᠵᠢᠭᠦᠯᠬᠦ ᠡᠭᠦᠷᠭᠡ ᠲᠠᠢ ᠶᠤᠮ᠃      ᠪᠢᠯᠢᠭᠦᠠᠭᠡᠷᠡᠯ ︵ᠦᠪᠡᠷᠲᠡᠭᠡᠨ ᠵᠠᠰᠠᠬᠤ ᠤᠷᠤᠨ ᠤ ᠵᠢᠭᠠᠬᠤ ᠶᠢ ᠰᠤᠳᠤᠯᠬᠤ ᠭᠡᠷ ᠤᠨ ᠬᠡᠯᠡ ᠪᠢᠴᠢᠭ ᠤᠨ ᠵᠢᠭᠠᠬᠤ ᠶᠢ ᠰᠤᠳᠤᠯᠤᠬᠴᠢ︶᠄      ᠰᠤᠷᠭᠠᠨ ᠬᠦᠮᠦᠵᠢᠯ ᠭᠡᠭᠴᠢ ᠮᠠᠰᠢ ᠰᠢᠰᠲ᠋ᠧᠮ ᠲᠠᠢ ᠠᠵᠢᠯ᠂ ᠰᠤᠷᠤᠭᠴᠢ ᠶᠢᠨ ᠬᠡᠯᠡᠨ ᠤ ᠮᠡᠲᠡᠷᠡᠮᠵᠢ ᠮᠠᠭᠤ ᠪᠠᠶᠢᠬᠤ ᠨᠢ ᠭᠡᠦᠭᠡᠳ ᠤᠨ ᠬᠡᠯᠡ ᠳᠤ ᠤᠷᠤᠬᠤ ᠳᠤ ᠠᠯᠳᠠᠬᠳᠠᠯ ᠤᠷᠤᠰᠢᠵᠦ ᠪᠤᠢ᠃ ᠬᠡᠦᠭᠡᠳ ᠬᠡᠯᠡ ᠳᠤ ᠤᠷᠤᠬᠤ  ᠳᠤ ᠬᠢᠲᠡᠳ ᠢᠶᠠᠷ ᠬᠡᠯᠡ ᠳᠤ ᠤᠷᠤᠬᠤ ᠦᠵᠡᠭᠲᠡᠯ ᠵᠦᠩᠳᠡᠭᠡᠨ ᠪᠤᠢ᠃ ᠡᠨᠡ ᠦᠶ᠎ᠡ ᠳᠤ ᠬᠡᠦᠭᠡᠳ ᠲᠤ ᠬᠢᠲᠡᠳ ᠰᠡᠳᠬᠢᠭᠦᠢ ᠪᠦᠷᠢᠯᠳᠤᠵᠦ᠂ ᠬᠢᠲᠡᠳ ᠬᠡᠯᠡᠨ ᠳᠡᠭᠡᠨ ᠲᠦᠲᠡ ᠪᠤᠯᠵᠦ᠂ ᠮᠤᠩᠭᠤᠯ ᠢᠶᠠᠷ ᠶᠠᠷᠢᠬᠤ ᠨᠢ ᠪᠠᠭᠠᠰᠬᠤ ᠲᠤᠳᠤᠮ  ᠢᠶᠠᠨ ᠮᠤᠩᠭᠤᠯ ᠰᠡᠳᠬᠢᠭᠦᠢ ᠨᠢ ᠬᠠᠭᠠᠬᠳᠠᠨ᠎ᠡ᠃ ᠰᠡᠳᠬᠢᠭᠦᠢ ᠨᠢ ᠬᠠᠭᠠᠬᠳᠠᠪᠡᠯ ᠬᠡᠯᠡᠵᠦ ᠢᠯᠡᠳᠭᠡᠬᠦ ᠴᠢᠳᠠᠪᠦᠷᠢ ᠨᠢ ᠲᠤᠷᠤᠶᠢᠳᠠᠵᠦ᠂ ᠰᠤᠷᠬᠤ ᠪᠠᠬ᠎ᠠ ᠦᠭᠡᠢ ᠪᠤᠯᠤᠨ᠎ᠡ᠂ ᠰᠤᠷᠬᠤ ᠪᠠᠬ᠎ᠠ ᠦᠭᠡᠢ ᠪᠤᠯ ᠰᠤᠷᠬᠤ ᠳᠤ ᠤᠯᠠᠮ ᠬᠦᠴᠢᠷᠲᠡᠬᠦ ᠪᠤᠯᠤᠨ᠎ᠡ᠂ ᠡᠨᠡ ᠦᠶ᠎ᠡ ᠳᠤ ᠵᠢᠭᠠᠨ ᠰᠤᠷᠭᠠᠯᠲᠡ ᠶᠢᠨ ᠲᠡᠯ᠎ᠡ ᠳᠤ ᠶᠠᠮᠠᠷ ᠰᠠᠶᠢᠬᠠᠨ ᠦᠭᠡᠷᠡᠴᠢᠯᠡᠯᠲᠡ ᠬᠢᠭᠰᠡᠨ ᠴᠦ ᠰᠠᠶᠢᠨ ᠦᠷ᠎ᠡ ᠪᠦᠲᠦᠮᠵᠢ ᠤᠯᠵᠦ ᠴᠢᠳᠠᠬᠤ ᠦᠭᠡᠢ᠃ ᠤᠯᠠᠨ ᠤ ᠮᠡᠲᠡᠭᠡᠵᠢ᠂ ᠬᠡᠯᠡ ᠰᠤᠷᠬᠤ ᠵᠢᠮ᠎ᠡ ᠶᠤᠰᠤ ᠶᠢ ᠦᠨᠳᠦᠰᠦᠯᠡᠪᠡᠯ ᠨᠢᠭᠡ ᠬᠡᠯᠡ ᠶᠢ ᠰᠠᠶᠢᠨ ᠡᠵᠡᠮᠰᠢᠬᠦ ᠳᠤ ᠬᠡᠯᠡᠨ ᠤ ᠤᠷᠴᠢᠨ ᠮᠠᠰᠢ ᠴᠢᠬᠤᠯᠠ ᠪᠠᠶᠢᠳᠠᠭ᠃ ᠡᠶᠢᠮᠦ ᠠᠴᠠ᠂ ᠬᠡᠦᠭᠡᠳ ᠤᠨ ᠬᠡᠯᠡ ᠰᠤᠷᠬᠤ ᠨᠢ ᠬᠡᠷ ᠪᠦᠯᠢ ᠳᠤ ᠰᠠᠭᠤᠷᠢᠯᠠᠳᠠᠭ᠂ ᠰᠤᠷᠤᠭᠴᠢᠳ ᠤᠨ ᠬᠡᠯᠡ ᠪᠢᠴᠢᠭ ᠰᠤᠷᠬᠤ ᠳᠤ ᠬᠦᠴᠢᠷᠲᠡᠵᠦ ᠪᠠᠶᠢᠬᠤ ᠨᠢ ᠰᠤᠷᠤᠭᠴᠢᠳ ᠤᠨ ᠬᠡᠯᠡ ᠳᠤ ᠤᠷᠤᠬᠤ ᠦᠶ᠎ᠡ ᠶᠢᠨ ᠬᠡᠯᠡᠨ ᠤ ᠤᠷᠴᠢᠨ ᠪᠡ ᠶᠡᠷᠦ ᠶᠢᠨ ᠴᠠᠭ ᠦᠶ᠎ᠡ ᠶᠢᠨ ᠬᠡᠯᠡᠵᠦ ᠶᠠᠷᠢᠬᠤ ᠲᠠᠢ ᠰᠢᠭᠤᠳ ᠬᠤᠯᠪᠤᠭ᠎ᠠ ᠲᠠᠢ ᠪᠠᠶᠢᠳᠠᠭ᠃ ᠡᠶᠢᠮᠦ ᠠᠴᠠ ᠬᠡᠷ ᠤᠨ ᠠᠬᠠᠮᠠᠳ ᠤᠨ ᠡᠭᠡ ᠬᠡᠯᠡᠨ ᠤ ᠤᠬᠠᠮᠰᠠᠷ ᠢ ᠲᠡᠭᠡᠭᠰᠢᠯᠡᠭᠦᠯᠬᠦ ᠨᠢ ᠴᠢᠬᠤᠯᠡ ᠶᠤᠮ᠃ ᠴᠡᠴᠡᠷᠯᠢᠭ ᠪᠡ ᠪᠠᠭ᠎ᠠ ᠰᠤᠷᠭᠠᠭᠤᠯᠢ ᠶᠢᠨ ᠱᠠᠳᠤᠨ  ᠳᠤ ᠦᠭᠡ ᠬᠡᠯᠡᠨ ᠤ ᠪᠤᠯᠪᠠᠰᠤᠷᠡᠯ ᠤᠨ ᠲᠠᠳᠤᠯᠭ᠎ᠠ ᠶᠢ ᠴᠢᠩᠭᠠᠳᠬᠠᠵᠦ᠂ ᠲᠤᠮᠳᠠᠲᠦ ᠰᠤᠷᠭᠠᠭᠤᠯᠢ ᠶᠢᠨ ᠰᠤᠷᠤᠭᠴᠢᠳ  ᠤᠨ ᠡᠭᠡ ᠬᠡᠯᠡ ᠪᠠᠨ ᠰᠤᠷᠴᠦ ᠬᠡᠷᠡᠭᠯᠡᠬᠦ ᠪᠤᠯᠤᠮᠵᠢ ᠶᠢ ᠦᠷᠭᠡᠳᠭᠡᠵᠦ᠂ ᠰᠢᠨ᠎ᠡ ᠵᠠᠭᠤᠴᠢᠯᠠᠭᠤᠷ ᠢ ᠮᠤᠩᠭᠤᠯ ᠢᠶᠠᠷ ᠠᠰᠢᠬᠯᠠᠵᠦ ᠬᠡᠷᠡᠭᠯᠡᠬᠦ ᠲᠠᠶᠢᠰᠢ ᠬᠦᠲᠦᠯᠦᠨ ᠵᠢᠯᠤᠭᠤᠳᠴᠦ ᠪᠤᠯᠤᠯ᠎ᠡ ᠬᠡᠯ᠎ᠡ᠃
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号