ᠵᠢᠷᠤᠬᠯᠠᠭᠠᠴᠢ ᠬᠠᠰ ᠬᠢᠭᠡᠳ ᠲᠡᠭᠦᠨ ᠤ ᠬᠡᠷᠡᠯ ᠵᠢᠷᠤᠭ ᠤᠳ
ᠨᠡᠶᠢᠲᠡᠯᠡᠭᠰᠡᠨ ᠴᠠᠭ᠄
2019-06-24
                                                  ᠰᠤᠷᠪᠤᠯᠵᠢᠯᠠᠬᠴᠢ᠄ ᠽᠠᠨᠳᠠᠨᠮᠦ᠋ᠴᠢᠷ   ᠤᠶᠠᠬᠠᠨ    

 

     ︽ᠪᠢ ᠵᠠᠷᠢᠮ ᠳᠠᠭᠠᠨ ᠨᠢᠭᠡ ᠰᠠᠶᠢᠬᠠᠨ ᠵᠢᠷᠤᠭ ᠰᠡᠭᠦᠳᠡᠷ ᠲᠠᠳᠠᠬᠤ ᠶᠢᠨ ᠲᠦᠯᠦᠭᠡ ᠬᠡᠳᠤᠨ ᠡᠳᠤᠷ ᠢᠶᠠᠷ

ᠨᠤᠶᠢᠷ ᠬᠤᠭᠤᠯᠠ ᠦᠭᠡᠢ ᠶᠠᠪᠤᠳᠠᠭ︾

     ︽ᠨᠦᠬᠦᠷ ᠮᠢᠨᠢ ᠰᠡᠭᠦᠲᠡᠷ ᠲᠠᠳᠠᠭᠠᠳ ᠲᠤᠩ ᠶᠠᠭᠠᠷᠡᠦ ᠪᠠᠶᠢᠳᠠᠭ ᠤᠴᠢᠷ ᠠᠴᠠ ᠮᠢᠨᠦ ᠬᠤᠪᠢ ᠳᠤ ᠪᠤᠯ

ᠬᠤᠭᠤᠯᠠ ᠬᠤᠰᠢ᠂ ᠬᠤᠪᠴᠠᠰᠦ ᠬᠤᠨᠠᠷ ᠭᠡᠳ ᠯᠡ ᠠᠷᠦ ᠲᠡᠯ᠎ᠡ ᠶᠢᠨ ᠪᠦᠬᠦ ᠠᠵᠢᠯ ᠳᠤ ᠨᠢ ᠲᠦᠭᠦᠮ ᠦᠵᠡᠭᠦᠯᠬᠦ ᠶᠢ

ᠢᠯᠡᠭᠦᠦ ᠪᠤᠳᠤᠳᠠᠭ︾

     ᠵᠠᠯᠠᠭᠤ ᠭᠡᠷᠡᠯ ᠵᠢᠷᠤᠬᠴᠢᠨ ᠬᠠᠰ ᠬᠡᠷᠭᠡᠢ ᠰᠠᠷᠡᠨ᠎ᠡ ᠲᠠᠢ ᠪᠠᠨ ᠪᠢᠲᠡᠨ ᠳᠤ ᠢᠩᠭᠢᠵᠦ ᠢᠨᠢᠶᠡᠮᠰᠦᠭᠯᠡᠨ ᠶᠠᠷᠢᠨ᠎ᠡ᠃

ᠬᠠᠰ ᠰᠠᠷᠡᠨ᠎ᠡ ᠬᠤᠶᠠᠭᠤᠯᠠ ᠪᠠᠨ ᠮᠤᠩᠭᠤᠯ ᠦᠨᠳᠦᠰᠦᠲᠡᠨ ᠤ ᠵᠠᠩ ᠦᠢᠯᠡ᠂ ᠠᠬᠤᠢ ᠠᠮᠢᠳᠤᠷᠡᠯ᠂ ᠤᠯᠠᠮᠵᠢᠯᠠᠯᠲᠦ

ᠰᠤᠶᠤᠯ ᠤᠨ ᠤᠨᠴᠠᠯᠢᠬᠲᠦ ︽ᠠᠵᠢᠨᠠᠢ︾ ᠬᠡᠷᠡᠯ ᠵᠢᠷᠤᠭ ᠤᠨ ᠦᠷᠦᠭᠡ ᠪᠠᠨ ᠨᠡᠭᠡᠭᠡᠨ᠂ ᠲᠤᠷᠠᠳᠠᠢ ᠦᠢᠯᠡᠰ ᠢᠶᠠᠨ

ᠪᠤᠰᠬᠠᠵᠦ᠂ ᠠᠳᠠᠯ ᠠᠮᠢᠳᠤᠷᠡᠯ ᠢᠶᠠᠨ ᠦᠭᠡᠲᠡ ᠨᠢ ᠲᠠᠳᠠᠵᠦ ᠶᠠᠪᠤᠨ᠎ᠡ᠃

     ᠬᠠᠰ ᠮᠠᠯ ᠲᠡᠭᠡᠷ᠎ᠡ ᠪᠠᠨ ᠨᠢᠭᠡ ᠦᠶ᠎ᠡ ᠪᠠᠶᠢᠬᠰᠡᠨ ᠢᠶᠠᠨ 2010 ᠤᠨ ᠳᠤ ᠬᠤᠰᠢᠭᠤᠨ ᠲᠦᠪ ᠲᠤ ᠢᠷᠡᠵᠦ

ᠲᠦᠷᠢᠶᠠᠰᠦᠨ ᠲᠡᠷᠭᠡ ᠵᠢᠯᠤᠭᠤᠳᠴᠦ ᠰᠡᠭᠦᠯᠡᠷ ᠨᠢ ᠵᠠᠬ᠎ᠠ ᠲᠡᠯᠭᠡᠭᠦᠷ ᠤᠨ ᠬᠠᠨᠳᠤᠰᠢ᠂ ᠦᠪᠡᠷ ᠤᠨ ᠲᠤᠷ᠎ᠡ ᠪᠠᠬ᠎ᠠ

 ᠳᠠᠭᠠᠨ ᠬᠦᠲᠦᠯᠦᠭᠲᠡᠨ ᠬᠡᠷᠡᠯ ᠵᠢᠷᠤᠭ ᠲᠠᠳᠠᠬᠤ ᠲᠤᠰᠬᠠᠢ ᠮᠡᠷᠭᠡᠵᠢᠯ ᠢ ᠰᠤᠷᠴᠦ ᠡᠬᠢᠯᠡᠵᠠᠢ᠃ 2017 ᠤᠨ ᠳᠤ

︽ᠠᠵᠢᠨᠠᠢ︾ ᠬᠡᠷᠡᠯ ᠵᠢᠷᠤᠭ ᠤᠨ ᠦᠷᠦᠭᠡ ᠪᠠᠨ ᠨᠡᠭᠡᠭᠡᠵᠦ ᠡᠬᠢᠯᠡᠭᠰᠡᠨ ᠤᠬᠤᠷᠬᠠᠨ ᠬᠤᠶᠠᠷ ᠵᠢᠯ ᠤᠨ ᠬᠤᠭᠤᠴᠠᠭᠠᠨ

 ᠳᠤ ᠡᠯ᠎ᠡ ᠲᠦᠷᠦᠯ ᠤᠨ ᠮᠠᠰᠢᠨ ᠲᠤᠨᠤᠭ ᠭᠡᠳ ᠬᠤᠷᠢᠭᠠᠳ ᠲᠦᠮᠡᠨ ᠲᠦᠭᠦᠷᠢᠭ ᠤᠨ ᠪᠡᠯᠡ ᠤᠷᠤᠭᠤᠯᠤᠭᠰᠡᠨ ᠤ

ᠬᠠᠮᠲᠦ ᠮᠦᠨ ᠤᠯᠠᠨ ᠭᠠᠵᠠᠷ ᠢᠶᠠᠷ ᠬᠦᠷᠴᠦ ᠲᠤᠬᠠᠶᠢᠯᠠᠭᠰᠡᠨ ᠮᠡᠷᠭᠡᠵᠢᠯ ᠪᠤᠯᠪᠠᠰᠤᠷᠡᠯ ᠢᠶᠠᠨ ᠲᠡᠭᠡᠭᠰᠢᠯᠡᠭᠦᠯᠦᠭᠰᠡᠭᠡᠷ

ᠢᠷᠡᠵᠠᠢ᠃ ᠲᠡᠯᠭᠡᠭᠦᠷ ᠨᠢ ᠤᠳᠤᠬᠠᠨ ᠭᠤᠤᠯᠳᠠᠭᠤ ᠮᠤᠩᠭᠤᠯ ᠤᠨᠴᠠᠯᠢᠬᠲᠦ ᠬᠤᠷᠢᠮ ᠤᠨ ᠰᠡᠭᠦᠳᠡᠷ᠂ ᠨᠠᠰᠤᠨ ᠪᠠᠶᠠᠷ᠂

ᠬᠡᠦᠭᠡᠳ ᠤᠨ ᠨᠠᠶᠢᠷ ᠵᠡᠷᠭᠡ ᠲᠡᠯ᠎ᠡ ᠶᠢᠨ ᠰᠡᠭᠦᠲᠡᠷ ᠲᠠᠳᠠᠬᠤ ᠶᠢᠨ ᠲᠠᠭᠠᠦ ᠲᠦᠷᠰᠦ ᠰᠢᠩᠭᠡᠭᠡᠯᠲᠡ ᠬᠢᠬᠦ᠂ ᠮᠤᠩᠭᠤᠯ

ᠬᠤᠪᠴᠠᠰᠦ ᠵᠠᠰᠠᠯ ᠲᠦᠷᠢᠶᠡᠰᠦᠯᠡᠬᠦ ᠬᠡᠭᠦᠴᠢᠯᠡᠨ ᠬᠡᠷᠡᠯ ᠵᠢᠷᠤᠭ᠂ ᠲᠦᠷᠰᠦ ᠰᠢᠩᠭᠡᠭᠡᠯᠲᠡ ᠶᠢᠨ ᠠᠵᠢᠯ ᠢ ᠬᠦᠢᠴᠡᠳᠭᠡᠨ

ᠬᠢᠵᠦ ᠪᠤᠢ᠃

     ︽ᠬᠡᠷᠡᠯ ᠵᠢᠷᠤᠭ ᠲᠠᠳᠠᠬᠤ ᠪᠤᠯ ᠬᠤᠷᠤᠮ ᠵᠠᠢ ᠳᠤ ᠦᠨᠢ ᠮᠦᠩᠭᠡ ᠶᠢ ᠵᠢᠷᠤᠬᠯᠠᠨ ᠦᠯᠡᠲᠡᠭᠡᠲᠡᠭ ᠤᠷᠠᠯᠢᠭ

ᠶᠤᠮ︾

     ᠬᠠᠰ ᠬᠡᠷᠡᠯ ᠵᠢᠷᠤᠭ ᠲᠠᠳᠠᠬᠤ ᠠᠵᠢᠯ ᠢᠶᠠᠨ ᠢᠩᠭᠢᠵᠦ ᠯᠡ ᠤᠴᠢᠷᠯᠠᠨ᠂ ᠲᠤᠬᠠᠶᠢᠯᠠᠭᠰᠡᠨ ᠠᠵᠢᠯ ᠢᠶᠠᠨ ᠰᠠᠶᠢᠨ

ᠬᠢᠬᠦ ᠶᠢᠨ ᠬᠠᠮᠲᠦ ᠨᠢᠭᠡᠨ ᠬᠢᠷᠢ ᠲᠡᠩᠴᠡᠭᠰᠡᠨ ᠰᠢᠯᠢᠲᠡᠭ ᠭᠡᠷᠡᠯ ᠵᠢᠷᠤᠬᠴᠢᠨ ᠪᠤᠯᠬᠤ ᠪᠠᠷ ᠲᠠᠰᠤᠷᠡᠯᠲᠡ ᠦᠭᠡᠢ ᠰᠢᠨ᠎ᠡ

 ᠶᠢ ᠡᠷᠢᠯᠬᠢᠯᠡᠵᠦ᠂ ᠲᠤᠷᠰᠢᠯᠭ᠎ᠠ ᠪᠤᠯᠪᠠᠰᠤᠷᠡᠯ ᠢᠶᠠᠨ ᠲᠡᠭᠡᠭᠰᠢᠯᠡᠭᠦᠯᠦᠨ᠎ᠡ᠃ ᠬᠠᠰ ᠤᠳᠤ ᠦᠪᠦᠷ ᠮᠤᠩᠭᠤᠯ ᠤᠨ ᠬᠡᠷᠡᠯ

ᠵᠢᠷᠤᠭᠴᠢᠳ ᠤᠨ ᠨᠡᠶᠢᠭᠡᠮᠯᠢᠭ ᠤᠨ ᠬᠡᠰᠢᠭᠦᠨ ᠪᠤᠯᠤᠭᠰᠡᠨ ᠢᠶᠠᠷ ᠪᠠᠷᠠᠬᠤ ᠦᠭᠡᠢ ᠤᠷᠤᠨ ᠤ ᠲᠤᠳᠤᠨ᠎ᠡ ᠭᠠᠳᠠᠨᠠᠬᠢ

ᠬᠡᠷᠡᠯ ᠵᠢᠷᠤᠭ ᠤᠨ ᠤᠷᠤᠯᠳᠤᠭᠠᠨ ᠳᠤ ᠤᠷᠤᠯᠴᠠᠵᠦ ᠱᠠᠩᠨᠠᠯ ᠬᠦᠬᠢᠭᠦᠯᠦᠯ ᠲᠤᠰᠴᠦ ᠪᠠᠶᠢᠬᠰᠡᠨ ᠤᠳᠠᠭ᠎ᠠ ᠲᠠᠢ᠃

ᠬᠡᠷᠭᠡᠢ ᠰᠡᠷᠡᠨ᠎ᠡ ᠨᠢ ᠴᠦ ᠨᠦᠬᠦᠷ ᠲᠡᠭᠡᠨ ᠪᠠᠭ᠎ᠠ ᠴᠦ ᠬᠡᠰᠡᠨ ᠲᠤᠰᠠ ᠲᠠᠮ ᠪᠤᠯᠤᠶ᠎ᠡ ᠭᠡᠰᠡᠨ ᠪᠤᠳᠤᠯ ᠠᠴᠠ ᠪᠠᠨ

ᠮᠤᠩᠭᠤᠯ ᠤᠯᠤᠰ ᠤᠨ ᠵᠢᠰᠦ ᠭᠤᠶᠤᠯᠠᠬᠤ ᠪᠠᠭᠰᠢ ᠠᠴᠠ ᠵᠢᠰᠦ ᠭᠤᠶᠤᠯᠠᠬᠤ ᠮᠡᠷᠭᠡᠵᠢᠯ ᠰᠤᠷᠴᠦ᠂ ᠲᠡᠯᠭᠡᠭᠦᠷ ᠲᠡᠭᠡᠨ

ᠰᠡᠭᠦᠲᠡᠷ ᠲᠠᠳᠠᠬᠤ ᠬᠦᠮᠦᠰ ᠲᠤ ᠵᠢᠰᠦ ᠭᠤᠶᠤᠯᠠᠬᠤ ᠠᠵᠢᠯ ᠢ ᠬᠦᠢᠴᠡᠳᠭᠡᠵᠦ ᠬᠢᠲᠡᠭ ᠪᠤᠯᠵᠠᠢ᠃

     ᠬᠤᠲᠡ ᠤᠷᠤᠭᠰᠠᠨ ᠮᠠᠯᠴᠢᠨ ᠬᠦᠮᠦᠨ᠂ ᠤᠬᠠᠭᠠᠨ ᠲᠠᠮᠢᠷ ᠬᠤᠤᠰᠯᠠᠭᠤᠯᠤᠨ ᠦᠢᠯᠡᠰ ᠤᠨ ᠢᠶᠠᠨ ᠲᠦᠷᠦᠭᠡᠨ

 ᠳᠤ ᠢᠳᠡᠷᠡᠭᠦᠨ ᠠᠯᠬᠤᠨ᠎ᠡ᠃

     ᠬᠢᠵᠦ ᠪᠦᠲᠦᠭᠡᠬᠦ ᠶᠢ ᠵᠤᠷᠢᠭᠰᠡᠨ ᠵᠠᠯᠠᠭᠤ ᠬᠤᠤᠰ᠂ ᠵᠤᠤᠵᠠᠢ ᠬᠠᠷᠰᠢᠭᠤᠯᠤᠨ ︽ᠠᠵᠢᠨᠠᠢ︾ ᠭᠦᠯᠦᠭ ᠤᠨ ᠢᠶᠠᠨ

ᠵᠢᠯᠤᠭᠤ ᠶᠢ ᠴᠢᠩᠭᠠᠯᠡᠨ᠎ᠡ᠃

     ︽ᠬᠦᠲᠡᠭᠡ ᠶᠢᠨ ᠠᠮᠢᠳᠤᠷᠡᠯ ᠠᠬᠤᠢ ᠶᠢᠨ ᠪᠤᠷᠦ ᠵᠢᠷᠤᠭ᠂ ᠨᠡᠭᠦᠲᠡᠯ ᠰᠤᠶᠤᠯ ᠤᠨ ᠵᠢᠩᠭᠢᠨᠢ ᠵᠢᠷᠤᠭ ᠪᠢᠲᠡᠨ

 ᠠᠴᠠ ᠡᠳᠤᠷ ᠠᠴᠠ ᠡᠳᠤᠷ ᠬᠤᠯᠠᠳᠠᠬᠰᠠᠭᠠᠷ ᠪᠠᠶᠢᠨ᠎ᠡ᠂ ᠪᠢ ᠡᠭᠦᠨ ᠢ ᠦᠨᠡᠨ ᠮᠦᠨ ᠢᠶᠠᠷ ᠨᠢ ᠵᠢᠷᠤᠬᠯᠠᠵᠦ ᠦᠯᠡᠳᠡᠭᠡᠬᠦ

ᠤᠴᠢᠷᠲᠠᠢ︾

     ︽ᠠᠮᠢᠳᠤᠷᠡᠯ ᠰᠠᠶᠢᠨ ᠰᠠᠶᠢᠬᠠᠨ ᠪᠠᠶᠢᠪᠡᠯ ᠪᠤᠯᠴᠢᠬᠠᠨ᠎ᠡ᠂ ᠬᠦᠮᠦᠨ ᠠᠴᠠ ᠲᠡᠭᠡᠭᠦᠷ ᠲᠤᠤᠭᠤᠷ ᠬᠡᠵᠦ ᠪᠤᠳᠤᠬᠤ

ᠦᠭᠡᠢ᠂ ᠠᠵᠢᠯ ᠢᠶᠠᠨ ᠰᠠᠶᠢᠨ ᠬᠢᠨ᠎ᠡ︾᠂ ᠵᠠᠯᠠᠭᠤ ᠭᠡᠷᠡᠯ ᠵᠢᠷᠤᠬᠴᠢᠨ ᠬᠠᠰ ᠬᠡᠷᠭᠡᠢ ᠰᠠᠷᠡᠨ᠎ᠡ ᠲᠠᠢ ᠪᠠᠨ ᠰᠠᠨᠠᠭ᠎ᠠ

ᠰᠡᠳᠬᠢᠯ ᠨᠢᠭᠡᠳᠤᠨ ᠵᠤᠷᠢᠬᠰᠡᠨ ᠦᠢᠯᠡᠰ ᠵᠦᠭ ᠢᠶᠠᠨ ᠮᠠᠷᠡᠶᠢᠨ᠎ᠡ᠃

 

                                             

         ᠨᠠᠶᠢᠷᠠᠭᠤᠯᠤᠭᠴᠢ᠄ ᠽᠠᠨᠳᠠᠨᠮᠦ᠋ᠴᠢᠷ   ᠬᠦᠢᠴᠡᠳᠭᠡᠭᠴᠢ ᠬᠢᠨᠠᠬᠴᠢ᠄ ᠸᠠᠩ ᠸᠧᠨ ᠶᠢᠩ   ᠶᠡᠷᠦᠩᠬᠡᠢ

ᠬᠢᠨᠠᠬᠴᠢ᠄ ᠵᠠᠩ ᠬᠦᠢ ᠵᠧᠨ

                 ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ

 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号