| ᠰᠠᠶᠢᠨ ᠰᠠᠨᠠᠭᠠᠨ ᠤ ᠦᠵᠦᠬᠦᠷ ᠰᠦ ᠪᠠᠶᠢᠳᠠᠭ ᠤᠨ ᠣᠴᠢᠷ | ᠮᠣᠩᠭᠤᠯ ᠠᠷᠠᠳ ᠤᠨ ᠳᠣᠮᠤᠭ ᠦᠯᠢᠬᠡᠷ ᠪᠣᠶᠣ ᠪᠠᠭᠠᠳᠣᠷᠯᠢᠭ ᠳᠣᠣᠯᠢ ᠳᠤ ᠶᠠᠮᠠᠷ ᠨᠢᠬᠡᠨ ᠦᠴᠦᠬᠡᠨ | ᠶᠠᠪᠣᠳᠠᠯ ᠳᠤ ᠳᠣᠰᠠ ᠪᠣᠯᠣᠭᠰᠠᠨ ᠤ ᠠᠴᠢ ᠪᠠᠷ ᠳᠠᠶᠢᠨ ᠪᠠᠶᠢᠯᠳᠣᠭᠠᠨ ᠤ ᠳᠣᠮᠳᠠ ᠬᠦᠴᠢᠷ ᠳᠦᠪᠡᠭ ᠣᠴᠠᠷᠠᠬᠤ | ᠦᠶ᠎ᠡ ᠳᠤ ᠳᠣᠰᠠᠯᠠᠬᠤ ᠬᠦᠮᠦᠨ ᠭᠠᠷᠣᠭᠠᠳ ᠢᠷᠡᠳᠡᠭ ᠶᠠᠪᠣᠳᠠᠯ ᠣᠯᠠᠨᠳᠠ ᠳᠠᠪᠳᠠᠭᠳᠠᠨ ᠶᠠᠷᠢᠭᠳᠠᠵᠣ ᠪᠠᠶᠢᠳᠠᠭ᠃ | ᠡᠬᠦᠪᠡᠷ ᠳᠠᠮᠵᠢᠭᠤᠯᠵᠣ ᠮᠤᠩᠭᠤᠯᠴᠤᠳ ︽ᠰᠠᠶᠢᠨ ᠰᠠᠨᠠᠭᠠᠨ ᠤ ᠦᠵᠦᠬᠦᠷ ᠰᠦ᠂ ᠮᠠᠭᠤ ᠰᠠᠨᠠᠭᠠᠨ ᠤ ᠦᠵᠦᠬᠦᠷ ᠬᠦ᠋︾ | ᠭᠡᠳᠡᠭ ᠶᠣᠰᠣ ᠣᠴᠢᠷ ᠢ ᠬᠡᠦᠬᠡᠳ ᠠᠴᠢᠨᠠᠷ ᠲᠠᠭᠠᠨ ᠦᠶ᠎ᠡ ᠳᠠᠮᠵᠢᠨ ᠰᠣᠷᠳᠠᠯᠴᠢᠯᠠᠵᠣ ᠪᠠᠶᠢᠭᠰᠠᠨ ᠪᠠᠶᠢᠨ᠎ᠠ᠃ | ᠳᠡᠭᠡᠭᠡᠳ ︽ᠳᠣᠰᠠ ᠲᠠᠢ ᠰᠠᠶᠢᠨ ᠶᠠᠪᠣᠳᠠᠯ ᠢ ᠨᠠᠰᠣᠳᠠ ᠬᠢᠴᠢᠶᠡ᠂ ᠳᠣᠰᠠ ᠲᠠᠢ ᠰᠠᠶᠢᠨ ᠬᠦᠮᠦᠨ ᠣᠰᠣ ᠮᠡᠳᠦ | ᠡᠶᠡᠯᠳᠡᠭ᠂ ᠳᠣᠩ ᠮᠠᠭᠤ ᠬᠦᠮᠦᠨ ᠮᠣᠳᠣ ᠮᠡᠳᠦ ᠬᠦᠰᠢᠬᠦᠨ︾ ᠭᠡᠵᠦ ᠰᠣᠷᠭᠠᠮᠵᠢᠯᠠᠨ ᠵᠠᠬᠢᠵᠣ ᠪᠠᠶᠢᠭᠰᠠᠨ ᠶᠣᠮ᠃ | ᠡᠬᠦᠨ ᠲᠠᠢ ᠡᠰᠡᠷᠬᠦ ᠪᠠᠷ ︽ᠰᠠᠶᠢᠨ ᠰᠠᠨᠠᠭ᠎ᠠ ᠳᠠᠯ᠎ᠠ ᠶᠢ ᠳᠣᠭᠤᠷᠢᠨᠠ ᠮᠠᠭᠤ ᠰᠠᠨᠠᠭ᠎ᠠ ᠪᠡᠶ᠎ᠡ ᠶᠢ ᠳᠣᠭᠤᠷᠢᠨᠠ︾ ᠭᠡᠵᠦ | ᠮᠠᠭᠤ ᠰᠠᠨᠠᠭ᠎ᠠ ᠭᠠᠵᠢᠭᠤ ᠪᠣᠳᠣᠯ ᠲᠠᠢ ᠶᠠᠪᠣᠬᠤ ᠶᠢ ᠰᠣᠷᠭᠠᠨ ᠴᠡᠭᠡᠷᠯᠡᠬᠦᠯᠵᠦ ᠪᠠᠶᠢᠭᠰᠠᠨ ᠶᠣᠮ᠃ ︽ᠰᠠᠨᠠᠭ᠎ᠠ ᠮᠠᠭᠤᠳᠣ | ᠶᠠᠪᠣᠨ ᠭᠤᠳᠣᠨᠠ᠂ ᠰᠠᠷᠢᠰᠦᠨ ᠪᠠᠭᠪᠠᠭᠠᠢ ᠨᠠᠷᠠᠨ ᠳᠤ ᠬᠠᠳᠠᠨ᠎ᠠ︾᠂ ︽ᠰᠠᠨᠠᠭᠠᠨ ᠤ ᠮᠠᠭᠤ ᠪᠠᠷ ᠵᠠᠶᠠᠭ᠎ᠠ ᠪᠠᠨ ᠪᠠᠷᠠᠨ᠎ᠠ᠂ | ᠰᠠᠪᠠᠨ ᠤ ᠮᠠᠭᠤ ᠪᠠᠷ ᠪᠣᠳᠠᠭ᠎ᠠ ᠪᠠᠨ ᠪᠠᠷᠠᠨ᠎ᠠ︾ ᠭᠡᠬᠦ ᠮᠡᠳᠦ᠂ ᠳᠡᠭᠡᠪᠡᠯ ᠮᠣᠩᠭᠤᠯᠴᠣᠳ ᠤᠨ ᠬᠡᠦᠬᠡᠳ ᠲᠡᠭᠡᠨ ᠵᠠᠬᠢᠵᠦ | ᠡᠷᠬᠢᠮᠯᠡᠳᠡᠭ ᠰᠠᠶᠢᠨ ᠰᠠᠨᠠᠭ᠎ᠠ ᠭᠡᠳᠡᠭ ᠨᠢ ᠶᠠᠮᠠᠷ ᠪᠣᠢ ᠭᠡᠪᠡᠯ᠂ ᠡᠩ ᠳᠡᠷᠢᠬᠦᠨ ᠳᠤ ︽ᠵᠣᠪᠠᠯᠠᠩᠳᠠᠨ ᠢ ᠡᠨᠡᠷᠢᠬᠦ︾ ᠳᠤ | ᠢᠯᠡᠷᠡᠵᠦ ᠪᠠᠶᠢᠳᠠᠭ᠃ ᠶᠢᠷᠳᠢᠨᠴᠦ ᠶᠢᠨ ᠬᠦᠮᠦᠨ ᠳᠤ ︽ᠡᠪᠡᠳᠬᠦ ᠶᠢᠨ ᠵᠣᠪᠠᠯᠠᠩ᠂ ᠦᠳᠡᠯᠬᠦ ᠶᠢᠨ ᠵᠣᠪᠠᠯᠠᠩ᠂ | ᠦᠬᠡᠶᠢᠷᠡᠬᠦ ᠶᠢᠨ ᠵᠣᠪᠠᠯᠠᠩ︾ ᠪᠣᠢ ᠭᠡᠵᠦ ᠦᠵᠡᠳᠡᠭ᠂ ᠡᠪᠡᠳᠴᠢᠨ ᠡᠮᠬᠡᠭ ᠣᠯᠣᠭᠰᠠᠨ ᠬᠦᠮᠦᠨ ᠳᠤ ᠳᠣᠰᠠ ᠳᠡᠮ | ᠪᠣᠯᠵᠣ ᠡᠷᠡᠬᠦᠯ ᠰᠠᠷᠠᠭᠤᠯ ᠪᠣᠯᠬᠤ ᠳᠤᠨᠢ ᠳᠣᠰᠠᠯᠠᠬᠤ ᠶᠢ ︽ᠠᠷᠪᠠᠨ ᠴᠠᠭᠠᠨ ᠪᠣᠶᠠᠨ ᠤ ᠨᠢᠬᠡ︾ ᠭᠡᠵᠦ ᠦᠵᠡᠳᠡᠭ ᠶᠣᠮ᠃ | ︽ᠳᠠᠪᠣᠨ ᠳᠠᠷᠢᠶ᠎ᠠ ᠢᠳᠡᠭᠰᠡᠨ ᠬᠦᠮᠦᠨ ᠡᠪᠡᠳᠴᠢᠨ ᠢ ᠬᠡᠨ ᠡᠰᠡ ᠣᠯᠣᠨ᠎ᠠ︾ ᠭᠡᠵᠦ ᠡᠪᠡᠳᠴᠢᠯᠡᠭᠰᠡᠳ ᠢ ᠪᠣᠯᠭᠤᠭᠠᠨ | ᠦᠵᠡᠵᠦ ᠰᠡᠳᠬᠢᠯ ᠤᠨ ᠳᠠᠶᠢᠳᠬᠤᠷᠠᠭᠤᠯᠣᠯ ᠣᠯᠭᠤᠬᠤ᠂ ᠡᠳ᠋ ᠮᠦᠩᠬᠦ ᠪᠠᠷ ᠳᠣᠰᠠᠯᠠᠬᠤ ᠵᠡᠷᠭᠡᠪᠠᠷ ᠳᠡᠮ ᠳᠣᠰᠠ | ᠦᠭᠳᠡᠭ ᠶᠣᠮ᠃ ᠦᠳᠡᠯᠵᠦ ᠬᠦᠭᠰᠢᠷᠡᠭᠰᠡᠳ ᠬᠦᠯ ᠭᠠᠷ ᠪᠢᠳᠠᠭᠤ ᠪᠣᠯᠵᠣ ᠦᠬᠦᠯᠡᠵᠦ ᠶᠠᠷᠢᠬᠤ ᠠᠴᠠ ᠡᠬᠢᠯᠡᠨ | ᠰᠠᠭᠤᠵᠣ ᠪᠠᠷᠢᠬᠤ ᠳᠦᠬᠦᠮ ᠦᠬᠡᠢ ᠪᠣᠯᠬᠤ ᠦᠶᠡᠰ ᠳᠦᠰᠢᠵᠦ ᠳᠣᠯᠵᠣ ᠳᠡᠮ ᠳᠣᠰᠠ ᠪᠣᠯᠵᠣ ᠪᠠᠶᠢᠳᠠᠭ᠃ ᠶᠠᠳᠠᠭᠤ | ᠵᠦᠳᠡᠬᠦᠦ ᠠᠮᠢᠳᠣᠷᠠᠭᠰᠠᠳ ᠪᠠ ᠵᠦᠳᠡᠵᠦ ᠪᠠᠶᠢᠭ᠎ᠠ ᠬᠦᠮᠦᠰ ᠲᠤ ᠬᠤᠭᠤᠯᠨ ᠣᠮᠳᠠ ᠬᠠᠩᠭᠠᠬᠤ ᠠᠴᠠ ᠪᠣᠴᠠᠳᠠᠭ | ᠦᠬᠡᠢ᠂ ᠣᠶᠢᠷᠠᠬᠠᠨ ᠪᠣᠯᠳᠠᠯ᠎ᠠ ᠠᠶᠠᠨ ᠵᠠᠮ ᠤᠨ ᠬᠦᠮᠦᠨ ︽ᠬᠤᠨᠤᠭ ᠭᠤᠶᠣᠬᠤ︾ ᠳᠤ ᠪᠣᠯᠬᠤ ᠦᠬᠡᠢ ᠭᠡᠵᠦ | ᠶᠠᠷᠰᠢᠭᠯᠠᠳᠠᠭ ᠠᠶᠢᠯ ᠬᠤᠪᠣᠷ ᠶᠣᠮ᠃ ᠭᠡᠷ ᠢᠶᠠᠨ ᠡᠬᠦᠷᠴᠦ ᠶᠠᠪᠣᠭᠰᠠᠨ ᠬᠦᠮᠦᠨ ᠪᠠᠶᠢᠨ᠎ᠠ ᠤᠤ ᠭᠡᠳ ᠠᠯᠢ | ᠪᠠᠶᠢᠭᠰᠠᠨ ᠢᠶᠠᠨ ᠳᠡᠮᠳᠡᠷᠢᠵᠦ ᠠᠮᠳᠠ ᠰᠢᠮᠳᠡ ᠲᠠᠢ ᠬᠤᠭᠤᠯᠨ ᠪᠣᠳᠠᠭ᠎ᠠ ᠪᠠᠷ ᠵᠣᠴᠢᠯᠠᠵᠣ ᠮᠣᠷᠳᠠᠭᠤᠯᠳᠠᠭ ᠶᠣᠮ᠃ | ︽ᠵᠠᠮ ᠳᠡᠭᠡᠷ᠎ᠡ ᠠᠭᠤᠯᠵᠠᠭᠰᠠᠨ ᠬᠦᠮᠦᠨ ᠵᠢᠷᠨ ᠬᠤᠨᠤᠭ ᠤᠨ ᠢᠷᠦᠬᠡᠯ ᠲᠠᠢ︾ ᠭᠡᠳᠡᠭ᠃ ᠨᠡᠩ ᠦᠬᠡᠶᠢᠬᠦᠦ | ᠶᠠᠳᠠᠭᠤ ᠬᠦᠮᠦᠨ ᠳᠤ ᠪᠠᠭ᠎ᠠ ᠴᠦ ᠭᠡᠰᠡᠨ ᠳᠣᠰᠠᠯᠠᠮᠵᠢ ᠪᠣᠯᠵᠣ ᠪᠠᠶᠢᠬᠤ ᠶᠢ ᠬᠢᠴᠢᠶᠡᠵᠦ ︽ᠳᠣᠰᠣᠯ ᠢ ᠬᠤᠷᠢᠶᠠᠪᠠᠯ | ᠳᠠᠯᠠᠢ ᠪᠣᠯᠣᠨ᠎ᠠ᠂ ᠳᠣᠭᠤᠯᠣᠭᠰᠠᠨ ᠢ ᠬᠤᠷᠢᠶᠠᠪᠠᠯ ᠡᠷᠳᠡᠮ ᠪᠣᠯᠣᠨ᠎ᠠ︾ ᠭᠡᠳᠡᠭ᠃ ︽ᠳᠡᠩᠬᠡᠷᠡᠵᠦ ᠪᠠᠶᠢᠬᠤ ᠦᠶ᠎ᠡ ᠳᠤ | ᠳᠡᠮᠡᠭᠡ ᠪᠠᠷ ᠳᠣᠰᠠᠯᠠᠬᠤ ᠪᠠᠷ ᠳᠡᠪᠳᠡᠵᠦ ᠪᠠᠶᠢᠬᠤ ᠦᠶ᠎ᠡ ᠳᠤ ᠳᠡᠪᠡᠨᠡ ᠪᠠᠷ ᠳᠣᠰᠠᠯᠠ︾ ᠭᠡᠰᠡᠨ ᠮᠡᠷᠭᠡᠨ ᠦᠬᠡ ᠪᠠᠶᠢᠳᠠᠭ | ᠶᠣᠮ᠃ ︽ᠡᠪᠡᠳᠴᠦ ᠵᠣᠪᠠᠭᠰᠠᠨ ᠢ ᠡᠨᠡᠷᠢᠪᠡᠯ ᠨᠢᠬᠡ ᠪᠣᠶᠠᠨ᠂ ᠦᠨᠦᠴᠢᠨ ᠪᠡᠯᠪᠡᠰᠦᠨ ᠢ ᠳᠡᠳᠬᠦᠪᠡᠯ ᠨᠢᠬᠡ ᠪᠣᠶᠠᠨ᠂ | ᠦᠬᠡᠶᠢᠬᠦᠦ ᠶᠠᠳᠠᠭᠤ ᠶᠢ ᠳᠣᠰᠠᠯᠠᠪᠠᠯ ᠨᠢᠬᠡ ᠪᠣᠶᠠᠨ︾ ᠭᠡᠵᠦ ︽ᠭᠤᠷᠪᠠᠨ ᠪᠣᠶᠠᠨ︾ ᠤ ᠦᠷ᠎ᠡ ᠰᠠᠳᠣ ᠭᠡᠮᠡᠨ | ᠮᠣᠩᠭᠤᠯᠴᠣᠳ ᠪᠡᠯᠭᠡᠰᠢᠶᠡᠳᠡᠭ ᠶᠣᠮ᠃ ᠨᠢᠬᠡ ᠨᠢ ᠬᠦᠴᠢᠷᠳᠡᠪᠡᠯ ᠨᠡᠶᠢᠳᠡ ᠪᠠᠷ ᠳᠣᠰᠠᠯᠠᠳᠠᠭ ᠵᠠᠩ ᠵᠢᠷᠣᠮ | ᠮᠣᠩᠭᠤᠯᠴᠣᠳ ᠤᠨ ᠳᠣᠮᠳᠠ ᠬᠦᠯᠵᠢᠨ ᠳᠣᠭᠳᠠᠵᠣ ︽ᠳᠣᠷᠣᠨᠠᠰᠢ ᠪᠣᠴᠠᠭᠰᠠᠨ ᠳᠣᠷᠭᠤᠳᠴᠣᠳ︾ ᠤᠨ ᠬᠠᠳᠠᠭᠤ | ᠪᠡᠷᠬᠡ ᠣᠷᠳᠣ ᠶᠢᠨ ᠠᠶᠠᠨ ᠢ ᠬᠠᠮᠳᠣ ᠪᠠᠷ ᠳᠣᠭᠤᠯᠵᠣ ᠢᠷᠡᠭᠰᠡᠨ ᠳᠡᠯᠡᠬᠡᠢ ᠳᠤ ᠬᠤᠣᠰ ᠦᠬᠡᠢ ᠨᠣᠳᠤᠭ ᠪᠣᠴᠠᠬᠤ | ᠠᠶᠠᠯᠠᠯ ᠨᠢ ᠰᠠᠶᠢᠨ ᠰᠠᠨᠠᠭᠠᠨ ᠤ ᠦᠵᠦᠬᠦᠷ ᠰᠦ ᠪᠠᠶᠢᠳᠠᠭ ᠶᠣᠰᠦ ᠣᠴᠢᠷ ᠢ ᠨᠡᠩ ᠳᠣᠳᠣᠷᠬᠠᠢ ᠭᠡᠷᠡᠴᠢᠯᠡᠭᠰᠡᠨ ᠶᠣᠮ᠃ | | ᠳᠡᠦᠬᠡᠨ ᠳᠡᠭᠡᠷ᠎ᠡ ᠳᠡᠮᠦᠵᠢᠨ ᠰᠢᠷᠭ᠎ᠠ ᠠᠭᠳᠠ ᠪᠦᠬᠦᠢ ᠨᠠᠢᠮᠠᠨ ᠮᠣᠷᠢ ᠪᠠᠨ ᠠᠯᠳᠠᠵᠣ ᠡᠷᠢᠯ ᠪᠣᠯᠵᠣ ᠵᠦᠳᠡᠵᠦ | ᠪᠠᠶᠢᠬᠤ ᠳᠤ ᠬᠡᠬᠦᠦ ᠰᠠᠭᠠᠵᠣ ᠪᠠᠶᠢᠭᠰᠠᠨ ᠪᠣᠭᠤᠷᠴᠦ ᠳᠠᠭᠠᠷᠠᠯᠳᠣᠵᠣ ︽ᠡᠷ᠎ᠡ ᠶᠢᠨ ᠮᠣᠩ ᠠᠳᠠᠯᠢᠬᠠᠨ ᠪᠢᠰᠢᠦ︾ ᠭᠡᠵᠦ | ᠰᠠᠭᠠᠯᠢ ᠶᠢᠨ ᠰᠠᠭᠤᠯᠠᠭ᠎ᠠ ᠪᠠᠨ ᠬᠡᠬᠡᠷ᠎ᠡ ᠬᠠᠶᠠᠵᠣ ᠳᠡᠮᠦᠵᠢᠨ ᠢ ᠬᠠᠪᠰᠣᠷᠣᠨ ᠡᠷᠢᠯ ᠳᠤ ᠶᠠᠪᠣᠭᠰᠠᠠ ᠰᠠᠶᠢᠬᠠᠨ ᠦᠯᠢᠬᠡᠷ | ᠪᠠᠶᠢᠳᠠᠭ᠂ ᠡᠨᠡ ᠪᠣᠯ ᠳᠠᠷᠣᠢ ︽ᠳᠡᠮᠦᠵᠢᠨ ᠪᠣᠭᠤᠷᠴᠦ ᠶᠢᠨ ᠨᠦᠬᠦᠷᠯᠡᠭᠰᠡᠨ︾ ᠳᠡᠦᠬᠡᠨ ᠦᠯᠢᠬᠡᠷ ᠪᠣᠯᠣᠨ᠎ᠠ᠃ ︽ᠳᠡᠮ | ᠳᠡᠮ ᠢᠶᠠᠷ ᠢᠶᠠᠨ ᠳᠡᠭᠡᠰᠦ ᠡᠷᠴᠢᠮ ᠢᠶᠠᠷ ᠢᠶᠠᠨ︾ ᠭᠡᠳᠡᠭ ᠢᠶᠠᠷ ᠪᠣᠰᠣᠳ ᠢ ᠬᠠᠪᠰᠣᠷᠴᠦ ᠳᠡᠮᠵᠢᠬᠦ᠂ ᠨᠢᠭᠡᠨ ᠳᠡᠭᠡᠨ | ᠳᠣᠰᠠ ᠳᠡᠮ ᠪᠣᠯᠬᠤ ᠪᠣᠯ ᠮᠣᠩᠭᠤᠯ ᠤᠨ ᠰᠠᠶᠢᠬᠠᠨ ᠵᠠᠩ ᠶᠣᠮ᠃ ᠵᠠᠯᠠᠭᠤᠴᠣᠳ ᠪᠠᠭᠠᠴᠣᠳ ᠡᠨᠡᠬᠦ ᠦᠭᠬᠢᠶᠡᠮᠦᠷᠴᠢ | ᠰᠠᠶᠢᠬᠠᠨ ᠵᠠᠩ ᠢᠶᠠᠨ ᠵᠠᠯᠭᠠᠮᠵᠢᠯᠠᠨ ᠬᠠᠳᠠᠭᠠᠯᠠᠵᠣ ᠶᠠᠪᠣᠬᠤ ᠨᠢ ᠵᠦᠢᠳᠡᠢ᠃ | ᠪᠡᠶ᠎ᠡ ᠪᠦᠬᠡ ᠠᠴᠠ ᠰᠡᠳᠬᠢᠯ ᠪᠦᠬᠡ ᠪᠠᠶᠢᠬᠤ ᠶᠢᠨ ᠣᠴᠢᠷ | ᠳᠦᠷᠪᠡᠨ ᠦᠩᠬᠡ ᠳᠠᠪᠣᠨ ᠬᠠᠷᠢ ᠶᠢᠰᠦᠨ ᠬᠡᠯᠡᠳᠡᠨ ᠣᠯᠣᠰ ᠢ ᠨᠢᠬᠡ ᠵᠢᠯᠣᠭᠤᠨ ᠳᠣᠣᠷ᠎ᠠ ᠡᠪᠬᠡᠭᠰᠡᠨ | ᠮᠣᠩᠭᠤᠯᠴᠣᠳ ᠤᠨ ᠠᠷᠪᠠᠨ ᠭᠤᠷᠪᠠᠳᠣᠭᠠᠷ ᠵᠠᠭᠤᠨ ᠤ ᠳᠡᠦᠬᠡ ᠶᠢ ᠪᠠᠷᠠᠯᠠᠬᠤ ᠳᠤ ᠡᠷᠡᠮᠡᠬᠡᠢ ᠶᠢᠨ ᠬᠦᠴᠦᠨ ᠳᠤ | ᠳᠡᠭᠷᠢ ᠶᠢᠨ ᠳᠣᠣᠷᠠᠬᠢ ᠶᠢ ᠡᠵᠡᠯᠡᠭᠰᠡᠨ ᠪᠣᠰᠣ ᠡᠷᠳᠡᠮ ᠤᠨ ᠬᠦᠴᠦᠨ ᠳᠤ ᠡᠵᠡᠯᠡᠭᠰᠡᠨ ᠭᠡᠳᠡᠭ ᠢ ᠳᠣᠳᠣ ᠣᠯᠵᠣ | ᠬᠠᠷᠠᠨ᠎ᠠ᠃ ᠴᠢᠩᠬᠢᠰ ᠬᠠᠭᠠᠨ ᠪᠠᠷᠠᠭᠤᠨᠰᠢ ᠵᠣᠯᠠᠷᠠᠭᠰᠠᠨ ᠳᠠᠶᠢᠨ ᠤ ᠵᠣᠷᠢᠯᠭ᠎ᠠ ᠶᠢᠨ ᠳᠣᠬᠠᠢ ︽ᠬᠤᠳᠠᠯᠳᠣᠭᠠᠴᠢᠨ ᠪᠠ | ᠡᠯᠴᠢ ᠠᠯᠠᠭᠰᠠᠨ ᠶᠠᠯ᠎ᠠ ᠶᠢ ᠠᠰᠠᠭᠤᠵᠣ ᠦᠰ ᠢ ᠦᠰᠯᠡᠨ ᠬᠢᠰᠠ ᠶᠢ ᠬᠢᠰᠠᠯᠠᠵᠣ︾᠂ ︽ᠬᠠᠷᠭᠠᠮᠠ ᠰᠠᠶᠢᠳᠦ ᠠᠭᠳᠠ ᠪᠠ | ᠬᠠᠴᠠᠷ ᠭᠤᠸ᠎ᠠ ᠦᠬᠢᠳ ᠢ ᠨᠢ ᠣᠯᠵᠠᠯᠠᠬᠤ︾ ᠪᠠᠷ ᠬᠢᠭᠰᠡᠨ ᠭᠡᠵᠦ ᠶᠠᠷᠢᠪᠠᠯ ᠳᠠᠶᠢᠨ ᠪᠠᠶᠢᠯᠳᠣᠭᠠᠨ ᠪᠣᠯᠬᠤ ᠳᠤ ᠬᠦᠮᠦᠨ | ᠦᠬᠦᠵᠦ ᠰᠢᠷᠬᠠᠳᠣᠬᠤ ᠨᠢ ᠯᠠᠪᠳᠠᠢ᠂ ᠳᠡᠭᠡᠬᠦ ᠳᠤ ᠠᠯᠠᠵᠣ ᠨᠢᠳᠦᠯᠬᠦ ᠶᠢ ᠭᠤᠣᠯ ᠪᠣᠯᠭᠠᠭᠰᠠᠨ ᠪᠢᠰᠢ ᠬᠠᠷᠢᠨ | ᠳᠦᠷᠦ ᠶᠢ ᠨᠢ ᠵᠠᠰᠠᠵᠣ ᠳᠦᠮᠡᠨ ᠢ ᠨᠢ ᠴᠡᠭᠴᠡᠯᠡᠬᠦ ᠪᠠᠷ ᠭᠤᠣᠯᠳᠠᠵᠣ ᠮᠦᠩᠬᠡ ᠳᠡᠭᠷᠢ ᠶᠢᠨ ᠬᠦᠴᠦ ᠶᠢ ᠬᠦᠷᠭᠡᠭᠰᠡᠨ | ᠪᠠᠶᠢᠭ᠎ᠠ ᠶᠣᠮ᠃ ᠡᠨᠡᠬᠦ ᠮᠦᠩᠬᠡ ᠳᠡᠭᠷᠢ ᠶᠢᠨ ᠬᠦᠴᠦᠨ ᠳᠤ ︽ᠪᠠᠭᠠᠳᠣᠷ ᠬᠦᠴᠦ︾ ᠪᠠᠶᠢᠬᠤ ᠶᠢᠨ ᠬᠠᠮᠳᠣ ︽ᠪᠢᠯᠢᠭ ᠤᠨ | ᠬᠦᠴᠦ︾ ᠴᠦ ᠪᠠᠶᠢᠳᠠᠭ᠃ ᠪᠠᠭᠠᠳᠣᠷ ᠬᠦᠴᠦ ᠪᠣᠯ ᠪᠡᠶ᠎ᠡ ᠶᠢᠨ ᠬᠦᠴᠦᠰ᠂ ᠪᠢᠯᠢᠭ ᠤᠨ ᠬᠦᠴᠦ ᠪᠣᠯ ᠣᠶᠣᠨ ᠤ | ᠳᠠᠯᠠᠰᠲᠦ᠂ ᠮᠣᠩᠭᠤᠯ ᠬᠦᠮᠦᠨ ᠳᠤ ᠮᠦᠩᠬᠡ ᠳᠡᠭᠷᠢ ᠡᠨᠡ ᠬᠤᠶᠠᠷ ᠬᠦᠴᠦ ᠶᠢ ᠰᠣᠶᠣᠷᠬᠠᠨ ᠦᠭᠳᠡᠭ ᠶᠣᠮ ᠪᠠᠶᠢᠨ᠎ᠠ᠃ | ᠴᠢᠩᠬᠢᠰ ᠬᠠᠭᠠᠨ ᠤ ᠴᠡᠷᠢᠭ ︽ᠶᠡᠷᠦ ᠶᠢᠨ ᠦᠶᠡᠰ ᠠᠷᠠᠳ ᠳᠦᠮᠡᠨ ᠲᠠᠢ ᠬᠠᠮᠳᠣ ᠪᠠᠶᠢᠬᠤ ᠳᠤ ᠠᠯᠠᠭ ᠦᠨᠢᠶ᠎ᠡ ᠮᠡᠳᠦ | ᠨᠣᠮᠣᠬᠠᠨ᠂ ᠠᠯᠠᠯᠳᠣᠬᠤ ᠳᠠᠶᠢᠨ ᠳᠤ ᠣᠷᠣᠬᠤ ᠦᠶ᠎ᠡ ᠠᠪᠠ ᠶᠢᠨ ᠬᠠᠷᠴᠠᠭᠠᠢ ᠰᠢᠬ ᠰᠢᠷᠦᠬᠦᠨ ᠪᠠᠶᠢᠭᠰᠠᠨ︾ ᠪᠠᠶᠢᠵᠠᠢ᠃ | ᠮᠣᠩᠭᠤᠯᠴᠣᠳ ᠤᠨ ᠡᠷᠬᠢᠮᠯᠡᠳᠡᠭ ︽ᠡᠷ᠎ᠡ ᠶᠢᠨ ᠭᠤᠷᠪᠠᠨ ᠨᠠᠭᠠᠳᠣᠮ︾ ᠢᠶᠠᠷ ᠠᠪᠴᠣ ᠬᠡᠯᠡᠪᠡᠯ᠂ ᠪᠦᠬᠡ ᠪᠠᠷᠢᠯᠳᠣᠬᠤ᠂ | ᠮᠣᠷᠢ ᠣᠷᠣᠯᠳᠣᠬᠤ᠂ ᠰᠣᠷ ᠬᠠᠷᠪᠣᠬᠤ ᠨᠢ ᠵᠦᠪᠬᠡᠨ ᠡᠷ᠎ᠡ ᠳᠡᠩᠬᠡᠬᠡ ᠶᠢᠨ ᠰᠢᠯᠭᠠᠯᠳᠠ ᠪᠢᠰᠢ ᠬᠠᠷᠢᠨ ᠣᠷ᠎ᠠ ᠠᠪᠢᠶᠠᠰ | ᠡᠷ᠎ᠡ ᠳᠡᠩᠬᠡᠬᠡ ᠶᠢᠨ ᠬᠤᠣᠰᠯᠠᠭᠰᠠᠨ ᠰᠢᠯᠭᠠᠯᠳᠠ ᠪᠣᠯᠬᠤ ᠶᠣᠮ᠃ ᠮᠡᠳᠡᠭᠡᠵᠢ ᠪᠦᠬᠡ ᠪᠠᠷᠢᠯᠳᠣᠬᠤ ᠨᠢ ᠰᠠᠶᠢᠨ ᠡᠷ᠎ᠡ ᠶᠢᠨ | ᠬᠦᠴᠦ ᠳᠣᠷᠪᠢ ᠪᠠᠨ ᠰᠣᠷᠢᠬᠤ ᠦᠵᠡᠯᠴᠡᠭᠡᠨ ᠪᠠᠶᠢᠭᠰᠠᠨ ᠴᠦ ᠳᠡᠬᠦᠨ ᠳᠤ ︽ᠪᠦᠬᠡ ᠶᠢᠨ ᠮᠡᠭᠡ︾ ᠭᠡᠳᠡᠭ ︽ᠣᠷ᠎ᠠ | ᠠᠪᠢᠶᠠᠰ︾ ᠤᠨ ᠰᠣᠷᠢᠭ᠎ᠠ ᠳᠠᠭᠠᠵᠣ ᠪᠠᠶᠢᠳᠠᠭ᠃ ᠪᠦᠬᠡ ᠶᠢᠨ ᠮᠡᠭᠡ ᠳᠤ ᠬᠤᠮᠨᠤᠭᠠ᠂ ᠠᠴᠢᠶ᠎ᠠ᠂ ᠳᠡᠭᠡᠭᠡ᠂ ᠡᠬᠦᠷᠦᠬᠡ᠂ | ᠬᠦᠩᠬᠦᠬᠡ᠂ ᠵᠠᠶᠢᠯᠠᠭᠠ᠂ ᠰᠢᠬᠦᠷᠦᠬᠡ᠂ ᠳᠠᠳᠠᠭ᠎ᠠ ᠁ ᠬᠡᠵᠦ ᠣᠯᠠᠨ ᠮᠡᠭᠡ ᠪᠠᠶᠢᠳᠠᠭ ᠨᠢ ᠪᠦᠷ ᠴᠦ ᠣᠢ ᠪᠢᠯᠢᠭ ᠤᠨ | ᠰᠣᠷᠢᠭ᠎ᠠ ᠮᠦᠨ᠃ ︽ᠬᠦᠴᠦ ᠪᠠᠷ ᠵᠠᠭᠤᠨ ᠵᠢᠩ ᠢ ᠡᠷᠬᠦᠬᠦ ᠳᠤ ᠠᠷᠭ᠎ᠠ ᠪᠠᠷ ᠮᠢᠩᠭᠠᠨ ᠵᠢᠩ ᠢ ᠡᠷᠬᠦᠨ᠎ᠡ︾ ᠭᠡᠳᠡᠭ᠃ | ᠮᠣᠩᠭᠤᠯ ᠪᠦᠬᠡ ᠶᠢᠨ ᠳᠣᠮᠤᠭ ᠲᠤ ᠠᠷᠭ᠎ᠠ ᠪᠠᠷ ᠬᠠᠶᠠᠭᠰᠠᠨ ᠣᠯᠠᠮᠵᠢᠯᠠᠯ ᠶᠠᠷᠢᠶ᠎ᠠ ᠮᠠᠰᠢ ᠳᠦᠬᠡᠮᠡᠯ ᠶᠠᠷᠢᠭᠳᠠᠵᠣ | ᠪᠠᠶᠢᠳᠠᠭ᠃ ᠮᠣᠩᠭᠤᠯᠴᠣᠳ ᠶᠡᠷᠦᠨᠢ ᠬᠠᠷ᠎ᠠ ᠬᠦᠴᠦ ᠪᠠᠷ ᠦᠵᠡᠯᠴᠡᠵᠦ ᠪᠠᠶᠢᠭ᠎ᠠ ᠦᠬᠡᠢ᠂ ᠪᠦᠬᠡ ᠶᠢᠨ ᠮᠡᠭᠡ ᠬᠢᠴᠡ | ᠭᠡᠳᠡᠭ ᠨᠢ ᠣᠢ ᠪᠢᠯᠢᠭ ᠬᠤᠷᠴᠠ ᠣᠬᠠᠭᠠᠨ ᠪᠠ ᠳᠡᠩᠬᠡᠬᠡ ᠳᠠᠮᠢᠷ ᠤᠨ ᠣᠶᠠᠯᠳᠣᠭᠰᠠᠨ ᠦᠵᠡᠯᠴᠡᠬᠡᠨ ᠪᠣᠯᠣᠨ᠎ᠠ᠃ | ᠠᠯᠳᠠᠷᠳᠣ ᠵᠣᠬᠢᠶᠠᠯᠴᠢ ᠢᠨᠵᠠᠨᠨᠠᠰᠢ ︽ᠪᠡᠶ᠎ᠡ ᠪᠠᠭᠠᠳᠣᠷ ᠪᠣᠯᠪᠠᠰᠣ ᠨᠢᠬᠡᠨ ᠦᠶ᠎ᠡ ᠶᠢᠨ ᠪᠠᠭᠠᠳᠣᠷ᠂ ᠪᠢᠯᠢᠭ ᠪᠠᠭᠠᠳᠣᠷ | ᠪᠣᠯᠪᠠᠰᠣ ᠳᠦᠮᠡᠨ ᠦᠶ᠎ᠡ ᠶᠢᠨ ᠪᠠᠭᠠᠳᠣᠷ︾ ᠭᠡᠵᠦ ᠰᠤᠷᠭᠠᠭᠰᠡᠨ ᠪᠠᠶᠢᠳᠠᠭ᠂ ᠴᠢᠩᠬᠢᠰ ᠬᠠᠭᠠᠨ ᠤ ᠪᠢᠯᠢᠭ ᠰᠣᠷᠭᠠᠯ ᠳᠤ | ᠪᠠᠰᠠ ︽ᠪᠡᠶ᠎ᠡ ᠪᠦᠬᠡ ᠪᠦᠭᠡᠰᠦ ᠭᠠᠭᠴᠠ ᠶᠢ ᠢᠯᠡᠶᠣ᠂ ᠰᠡᠳᠬᠢᠯ ᠪᠦᠬᠡ ᠪᠦᠬᠡᠰᠦ ᠣᠯᠠᠨ ᠢ ᠢᠯᠠᠶᠣ︾ ᠭᠡᠰᠡᠨ ᠪᠠᠶᠢᠳᠠᠭ᠃ | ᠡᠨᠡ ᠪᠥᠬᠦᠨ ᠠᠴᠠ ᠦᠵᠡᠬᠦ ᠳᠤ ᠮᠤᠩᠭᠤᠯᠴᠤᠳ ᠤᠨ ᠰᠤᠷᠭᠠᠯ ᠳᠤ ᠪᠡᠶ᠎ᠡ ᠪᠦᠬᠡ ᠠᠴᠠ ᠰᠡᠳᠬᠢᠯ ᠪᠦᠬᠡ ᠪᠠᠶᠢᠬᠤ ᠶᠢ | ᠠᠯᠢ ᠡᠷᠲᠡ ᠠᠴᠠ ᠡᠷᠬᠢᠮᠯᠡᠭᠰᠡᠭᠡᠷ ᠢᠷᠡᠵᠠᠢ᠃ | ᠬᠡᠯᠨ ᠰᠠᠶᠢᠳᠠᠢ ᠪᠣᠯ ᠬᠦᠯ ᠰᠠᠶᠢᠳᠠᠢ ᠪᠠᠶᠢᠬᠤ ᠶᠢᠨ ᠣᠴᠢᠷ | ᠡᠬᠡᠴᠦᠦᠯ ᠪᠣᠶᠣ ᠭᠡᠷ ᠤᠨ ᠠᠬᠠᠮᠠᠳ ᠲᠤ ᠠᠪᠴᠣ ᠬᠡᠯᠡᠪᠡᠯ ᠬᠡᠦᠬᠡᠳ ᠤᠨ ᠬᠠᠮᠤᠭ ᠠᠩᠬᠠᠨ ᠤ ᠪᠠᠭᠰᠢ ᠭᠡᠵᠦ | ᠬᠡᠯᠡᠵᠦ ᠪᠠᠶᠢᠭ᠎ᠠ ᠨᠢ ᠳᠡᠳᠡ ᠬᠡᠦᠬᠡᠳ ᠲᠤ ᠬᠤᠷᠸ᠎ᠠ ᠲᠠᠢ ᠳᠠᠨᠢᠯᠴᠠᠬᠤ ᠬᠠᠮᠤᠭ ᠠᠩᠬᠠᠨ ᠤ ᠵᠦᠢᠯᠡᠰ ᠢ ᠵᠢᠭᠠᠵᠣ | ᠦᠭᠴᠦ ᠪᠠᠶᠢᠭ᠎ᠠ ᠶᠣᠮ᠃ ᠬᠡᠦᠬᠡᠳ ᠨᠢᠯᠬ᠎ᠠ ᠪᠠᠯᠴᠢᠷ ᠪᠠᠶᠢᠬᠤ ᠳᠠᠭᠠᠨ ᠠᠪᠢᠶ᠎ᠠ ᠶᠢ ᠪᠦᠳᠦᠨ ᠭᠠᠷᠭᠠᠵᠣ ᠴᠢᠳᠠᠬᠤ | ᠦᠬᠡᠢ ᠪᠠᠶᠢᠵᠦ᠂ ᠠᠩᠬᠠᠯᠠᠨ ᠬᠡᠯᠨ ᠳᠤ ᠣᠷᠣᠬᠤ ᠳᠤ ᠮᠣᠩᠭᠤᠯ ᠦᠬᠡ ᠬᠡᠯᠨ ᠪᠣᠯ ᠨᠡᠩ ᠬᠡᠯᠨ ᠣᠷᠢᠶᠠᠯᠳᠣᠬᠤ ᠠᠪᠢᠶ᠎ᠠ | ᠣᠯᠠᠨ ᠪᠠᠶᠢᠳᠠᠭ ᠠᠴᠠ ᠵᠦᠪ ᠠᠪᠢᠶᠠᠯᠠᠵᠣ ᠴᠢᠳᠠᠬᠤ ᠦᠬᠡᠢ ᠬᠦᠴᠢᠷᠳᠡᠳᠡᠭ᠃ ᠵᠢᠱᠢᠶᠡᠯᠡᠬᠦ ᠳᠤ ᠠᠪᠢᠶᠠᠯᠠᠬᠤ ᠦᠶᠡᠰ | ᠵᠦᠬᠡᠯᠡᠨ᠂ ᠳᠠᠩᠨᠠᠢ ᠡᠷᠬᠦᠭᠳᠡᠵᠦ ᠬᠠᠮᠠᠷ ᠤᠨ ᠬᠦᠨᠳᠡᠢ ᠶᠢ ᠪᠦᠭᠯᠡᠨ᠂ ᠬᠡᠯᠡᠨ ᠤ ᠦᠵᠦᠬᠦᠷ ᠤᠨ ᠳᠣᠷᠬᠢᠬᠤ ᠳᠠᠭᠤᠳᠣ | ︽ᠷ᠊︾ ᠬᠡᠶᠢᠬᠦᠯᠦᠭᠴᠢ ᠠᠪᠢᠶ᠎ᠠ ᠪᠠ ᠠᠪᠢᠶᠠᠯᠠᠬᠤ ᠳᠤ ᠵᠦᠬᠡᠯᠡᠨ᠂ ᠳᠠᠩᠨᠠᠢ ᠳᠡᠭᠡᠭᠰᠢᠯᠡᠵᠦ ᠬᠠᠮᠠᠷ ᠤᠨ ᠬᠦᠨᠳᠡᠢ ᠶᠢᠨ | ᠰᠦᠪᠡ ᠶᠢ ᠬᠠᠭᠠᠬᠤ ᠳᠠᠭᠤᠨ ᠬᠦᠪᠴᠢ ᠶᠢᠨ ︽ᠯ᠊︾ ᠬᠡᠶᠢᠬᠦᠯᠦᠭᠴᠢ ᠠᠪᠢᠶ᠎ᠠ ᠶᠢ ᠬᠠᠷᠢᠯᠴᠠᠨ ᠬᠤᠳᠬᠤᠬᠤ᠂ ᠬᠡᠯᠡᠨ ᠤ | ᠣᠷᠢᠳᠣᠭᠤᠷ ᠬᠡᠰᠡᠭ ᠤᠨ ᠬᠠᠮᠵᠢᠨ ᠱᠦᠷᠬᠦᠬᠡᠬᠦ ᠳᠦᠷᠢᠯᠳᠡ ᠲᠠᠢ ︽ᠴ᠊︾ ᠬᠡᠶᠢᠬᠦᠯᠦᠭᠴᠢ ᠪᠠ ᠬᠡᠯᠡᠨ ᠤ ᠣᠷᠢᠳᠣᠭᠤᠷ | ᠬᠠᠮᠵᠢᠨ ᠱᠦᠷᠬᠦᠬᠡᠬᠦ ᠳᠦᠷᠢᠯᠳᠡ ᠦᠬᠡᠢ ︽ᠵ᠊︾ ᠬᠡᠶᠢᠬᠦᠯᠦᠭᠴᠢ ᠶᠢ ᠬᠤᠳᠬᠤᠬᠤ ᠮᠡᠳᠦᠴᠢᠯᠡᠨ ᠪᠠᠶᠢᠳᠠᠭ᠂ ᠭᠡᠬᠦ ᠳᠤ | ᠮᠤᠩᠭᠤᠯᠴᠤᠳ ᠡᠷᠳᠡ ᠴᠠᠭ ᠠᠴᠠ ᠠᠪᠣᠭᠠᠳ ᠬᠡᠯᠨ ᠳᠤ ᠣᠷᠣᠬᠤ ᠬᠡᠦᠬᠡᠳ ᠢ ᠠᠩᠬᠠᠯᠨᠨ ᠳᠠᠰᠬᠠᠬᠤ ᠳᠠᠭᠠᠨ | ︽ᠬᠡᠯᠨ ᠳᠤ ᠣᠷᠣᠭᠤᠯᠬᠤ ᠦᠬᠡ︾ ᠭᠡᠳᠡᠭ ᠳᠦᠬᠦᠮ ᠳᠣᠬᠢᠶᠠᠨ ᠤ ᠦᠬᠡ ᠪᠠᠷ ᠰᠣᠷᠭᠠᠵᠣ ᠨᠡᠯᠢᠶᠡᠳ ᠦᠬᠡ ᠬᠡᠯᠡᠨ ᠤ | ᠮᠡᠳᠡᠷᠡᠮᠵᠢ ᠲᠠᠢ ᠪᠣᠯᠵᠣ ᠬᠡᠯᠡᠨ ᠤ ᠴᠣᠯᠴᠠᠷᠠᠭᠠ ᠨᠢ ᠪᠦᠷᠢᠨ ᠭᠠᠷᠣᠭᠠᠳᠣᠢ ᠴᠤ ᠠᠪᠢᠶᠠᠯᠠᠵᠣ ᠴᠢᠳᠠᠬᠤ ᠦᠶ᠎ᠡ ᠳᠤ | ᠰᠠᠶ᠋ᠢ ᠳᠠᠩ ᠦᠬᠡ ᠶᠢ ᠬᠡᠯᠡᠬᠦᠯᠵᠦ ᠰᠣᠷᠭᠠᠳᠠᠭ ᠪᠠᠶᠢᠭᠰᠠᠨ ᠶᠣᠮ᠃ ᠬᠡᠯᠨ ᠳᠤ ᠣᠷᠣᠭᠤᠯᠬᠤ ᠳᠦᠬᠦᠮ ᠳᠣᠬᠢᠶᠠᠨ ᠤ | ᠦᠬᠡᠨ ᠳᠤ ᠪᠣᠳᠠᠭ᠎ᠠ ᠢᠳᠡᠬᠦ ᠶᠢ ︽ᠠᠮᠨ ᠠᠮᠠ︾᠂ ᠬᠦᠬᠦᠬᠦᠯᠬᠦ ᠳᠤ ᠳᠠᠭᠤᠳᠠᠬᠤ ᠶᠢ ︽ᠡᠵᠢ ᠡᠵᠢ︾᠂ ᠶᠠᠮᠠᠷ ᠨᠢᠬᠡᠨ | ᠬᠡᠷᠡᠭ ᠣᠴᠢᠷ ᠢ ᠬᠢᠵᠦ ᠪᠣᠯᠬᠤ ᠦᠬᠡᠢ ᠢᠴᠢᠬᠦᠷᠢ ᠲᠠᠢ ᠭᠡᠰᠡᠨ ᠢ ︽ᠠᠶᠢᠯᠤᠣ ᠠᠶᠢᠯᠤᠣ ᠪᠣᠯᠬᠤ ᠦᠬᠡᠢ ᠰᠢᠦ︾ ᠭᠡᠬᠦ | ᠮᠡᠳᠦ ᠪᠣᠢ᠃ ᠡᠳᠡᠭᠡᠷ ᠦᠬᠡ ᠨᠢ ᠬᠡᠳᠦ᠋ᠢᠪᠡᠷ ᠳᠠᠩ ᠠᠪᠢᠶ᠎ᠠ ᠪᠠᠷ ᠪᠦᠳᠦᠭᠰᠡᠨ ᠪᠣᠶᠣ ᠳᠦᠬᠦᠮ ᠠᠪᠢᠶᠠᠯᠠᠪᠣᠷᠢ ᠲᠠᠢ | ᠦᠬᠡ ᠪᠠᠶᠢᠭᠰᠠᠨ ᠴᠤ ᠵᠣᠬᠢᠬᠤ ᠨᠢᠬᠡ ᠣᠳᠬ᠎ᠠ ᠶᠢ ᠢᠯᠡᠳᠭᠡᠵᠦ ᠶᠠᠮᠠᠷ ᠨᠢᠬᠡᠨ ᠬᠡᠷᠡᠭ ᠤᠴᠢᠷ᠂ ᠬᠦᠳᠡᠯᠬᠡᠬᠡᠨ | ᠪᠠᠶᠢᠳᠠᠯ ᠢ ᠬᠡᠦᠬᠡᠳ ᠲᠤ ᠬᠡᠯᠡᠨ ᠤ ᠳᠣᠬᠢᠶ᠎ᠠ ᠪᠠᠷ ᠣᠶᠢᠯᠠᠭᠠᠭᠤᠯᠵᠣ ᠳᠡᠶᠢᠯᠬᠦ ᠶᠣᠮ᠂ ᠵᠢᠱᠢᠶᠡᠯᠡᠬᠦ ᠳᠤ ︽ᠠᠶᠢᠯᠳᠠ | ᠠᠶᠢᠯᠳᠠ ᠭᠡᠶ᠎ᠡ︾ ᠭᠡᠰᠡᠨ ᠦᠬᠡ ᠨᠢ ᠳᠣᠮᠣ ᠬᠦᠮᠦᠨ ᠳᠤ ᠪᠣᠯ ᠣᠶᠢᠯᠠᠭᠠᠵᠣ ᠶᠠᠳᠠᠬᠤ ᠳᠦᠬᠦᠮ ᠠᠪᠢᠶ᠎ᠠ ᠪᠠᠶᠢᠭᠰᠠᠨ | ᠴᠤ ᠬᠡᠦᠬᠡᠳ ᠲᠤ ᠡᠨᠡ ᠦᠬᠡ ᠶᠢ ᠰᠣᠷᠭᠠᠮᠠᠭᠴᠠ ᠠᠶᠢᠯ ᠳᠣᠭᠤᠷᠢᠬᠤ ᠭᠡᠵᠦ ᠪᠠᠶᠢᠨ᠎ᠠ ᠭᠠᠳᠠᠨ᠎ᠠ ᠠᠶᠢᠯᠴᠢᠯᠠᠨ᠎ᠠ ᠭᠡᠵᠦ | ᠪᠠᠶᠢᠨ᠎ᠠ ᠭᠡᠵᠦ ᠮᠡᠳᠡᠭᠡᠳ ᠴᠢᠨᠦ ᠦᠭᠡᠳᠡ ᠠᠴᠠ ᠮᠦᠯᠬᠦᠨ ᠢᠷᠡᠳᠡᠭ᠂ ᠡᠭᠦᠨ ᠤ ᠳᠠᠷᠣᠢ ︽ᠠᠶᠢᠯ︾ ᠭᠡᠬᠦ | ᠣᠬᠠᠭᠳᠠᠬᠤᠨ ᠤ ᠳᠣᠬᠠᠢ ᠠᠩᠬᠠᠨ ᠤ ᠰᠠᠭᠤᠭᠳᠠᠯ ᠦᠭᠴᠦ ᠬᠤᠵᠢᠮ ᠠᠶᠢᠯ ᠳᠣᠭᠤᠷᠢᠬᠤ ᠭᠡᠵᠦ ᠪᠦᠳᠦᠨ ᠬᠡᠯᠡᠬᠦ ᠶᠢᠨ | ᠣᠷᠢᠳᠠᠯ ᠪᠣᠯᠵᠣ ᠪᠠᠶᠢᠭ᠎ᠠ ᠶᠣᠮ᠃ | ᠮᠣᠩᠭᠤᠯᠴᠣᠳ ᠬᠡᠯᠨ ᠵᠦᠭᠰᠢᠷᠡᠬᠦᠯᠬᠦ ᠦᠬᠡ ᠶᠢ ᠡᠬᠡᠳᠡᠷᠡᠭᠡ ᠭᠠᠷᠭᠠᠬᠤ ᠦᠬᠡ᠂ ᠬᠡᠯᠨ ᠵᠠᠰᠠᠬᠤ ᠦᠬᠡ ᠭᠡᠬᠦ | ᠮᠡᠳᠦ ᠪᠠᠷ ᠬᠡᠯᠡᠳᠡᠭ᠃ ᠬᠡᠯᠨ ᠳᠤ ᠣᠷᠣᠭᠠᠳᠣᠢ ᠬᠡᠦᠬᠡᠳ ᠢ ᠳᠡᠭᠡᠷᠡᠬᠢ ᠮᠡᠳᠦ ᠳᠦᠬᠦᠮ ᠠᠪᠢᠶᠠᠨ ᠦᠬᠡ ᠪᠠᠷ | ᠬᠡᠯᠡᠬᠦᠯᠵᠦ ᠰᠣᠷᠭᠠᠳᠠᠭ ᠪᠠᠶᠢᠭᠰᠠᠨ ᠪᠣᠯ ᠨᠡᠯᠢᠶᠡᠳ ᠳᠣᠮᠣ ᠪᠣᠯᠣᠭᠠᠳ ᠢᠷᠡᠬᠦ ᠪᠠᠷ ᠨᠢ ᠴᠡᠭᠡᠵᠢᠯᠡᠬᠦ ᠳᠤ ᠳᠦᠬᠦᠮ | ᠬᠤᠷᠰᠢᠯ ᠠᠶᠢᠵᠠᠮ ᠲᠠᠢ᠂ ᠣᠷᠮ᠎ᠠ ᠶᠢ ᠬᠦᠭᠵᠢᠬᠡᠬᠦ ᠦᠬᠡ ᠴᠡᠭᠡᠵᠢᠯᠡᠬᠦᠯᠵᠦ ᠰᠣᠷᠭᠠᠳᠠᠭ᠃ | ᠲᠠᠯ᠎ᠠ ᠳᠡᠭᠡᠷ᠎ᠡ ᠲᠠᠪᠢᠨ ᠲᠠᠪᠣᠨ ᠲᠠᠷᠭᠤᠨ ᠲᠠᠷᠪᠠᠭ᠎ᠠ ᠪᠠᠶᠢᠨ᠎ᠠ | ᠡᠨᠡ ᠲᠠᠪᠢᠨ ᠲᠠᠪᠣᠨ ᠲᠠᠷᠭᠤᠨ ᠲᠠᠷᠪᠠᠭ᠎ᠠ ᠶᠢ | ᠲᠠᠪᠢᠨ ᠲᠠᠪᠣᠨ ᠲᠠᠷᠭᠤᠨ ᠲᠠᠷᠪᠠᠭ᠎ᠠ ᠭᠡᠬᠦ ᠥᠭᠡᠢ | ᠥᠭᠡᠷ᠎ᠡ ᠶᠠᠮᠠᠷ ᠲᠠᠪᠢᠨ ᠲᠠᠪᠣᠨ ᠲᠠᠷᠭᠤᠨ ᠲᠠᠷᠪᠠᠭ᠎ᠠ ᠶᠢ | ᠲᠠᠪᠢᠨ ᠲᠠᠪᠣᠨ ᠲᠠᠷᠭᠤᠨ ᠲᠠᠷᠪᠠᠭ᠎ᠠ ᠭᠡᠬᠦ ᠪᠣᠢ | ᠳᠡᠨᠳᠡ ᠨᠢᠬᠡ ᠳᠦᠷᠪᠡᠨ | ᠮᠣᠬᠤᠷ ᠬᠦᠬᠡ ᠳᠡᠭᠡ | ᠠᠳᠡ ᠨᠢᠬᠡ ᠳᠦᠷᠪᠡᠨ | ᠮᠣᠬᠤᠷ ᠬᠦᠬᠡ ᠳᠡᠭᠡ | ᠠᠳᠡ ᠳᠡᠨᠳᠡ ᠡᠰᠡ ᠮᠦᠷᠬᠦᠯᠳᠦᠪᠡᠯ | ᠡᠷᠬᠢᠨ ᠳᠡᠭᠡᠷᠡᠡ ᠮᠦᠷᠬᠦᠯᠳᠦᠬᠦ ᠤᠤ | ᠡᠯᠡᠰᠦᠨ ᠳᠡᠭᠡᠷ᠎ᠡ ᠮᠦᠷᠬᠦᠯᠳᠦᠬᠦ ᠤᠤ ᠭᠡᠬᠦ ᠮᠡᠳᠦ ᠶᠢᠨ ᠦᠬᠡ ᠠᠪᠢᠶ᠎ᠠ ᠶᠢ ᠵᠦᠪ ᠳᠣᠳᠣᠷᠬᠠᠢ ᠬᠡᠯᠡᠬᠦ ᠳᠤ | ᠵᠣᠷᠢᠭᠤᠯᠣᠯᠳᠠ ᠲᠠᠢ ᠬᠤᠯᠪᠣᠭ᠎ᠠ᠂ ᠨᠠᠭᠠᠳᠣᠮ ᠤᠨ ᠦᠬᠡ ᠡᠯ᠎ᠡ ᠨᠣᠳᠤᠭ ᠤᠨ ᠳᠣᠮᠳᠠ ᠮᠠᠰᠢ ᠳᠦᠬᠡᠮᠡᠯ ᠳᠡᠯᠭᠡᠷᠡᠵᠦ | ᠬᠡᠦᠬᠡᠳ ᠤᠨ ᠬᠡᠯᠨ ᠳᠤ ᠣᠷᠣᠬᠤ ᠳᠤ ᠦᠢᠯᠡᠴᠢᠯᠡᠵᠦ ᠪᠠᠶᠢᠳᠠᠭ᠃ ᠨᠢᠯᠬ᠎ᠠ ᠬᠡᠦᠬᠡᠳ ᠬᠦᠯ ᠳᠤ ᠣᠷᠣᠬᠤ ᠳᠤ | ︽ᠳᠣᠱᠠ ᠶᠢ ᠨᠢ ᠳᠠᠰᠣᠯᠤᠨᠠ︾ ᠭᠡᠵᠦ ᠬᠤᠶᠠᠷ ᠬᠦᠯ ᠬᠤᠭᠤᠷᠣᠨᠳᠣ ᠨᠢ ᠬᠠᠶᠢᠴᠢ ᠪᠠᠷ ᠬᠠᠶᠢᠴᠢᠯᠠᠬᠤ ᠳᠦᠷᠢ | ᠭᠠᠷᠭᠠᠵᠣ ᠡᠷᠯᠢᠭ ᠠᠴᠠ ᠢᠷᠡᠭᠰᠡᠨ ᠳᠣᠱᠠ ᠶᠢ ᠳᠠᠰᠣᠯᠵᠣ ᠪᠠᠶᠢᠨ᠎ᠠ ᠭᠡᠳᠡᠭ᠃ ᠳᠠᠨᠳᠤᠷ ᠮᠦᠨᠳᠦᠷ ᠠᠯᠬᠤᠳᠠᠭ ᠬᠡᠦᠬᠡᠳ | ᠳᠣᠱᠠ ᠶᠢ ᠨᠢ ᠳᠠᠰᠣᠯᠴᠢᠬᠠᠪᠠᠯ ᠬᠦᠯ ᠳᠤ ᠣᠷᠣᠬᠤ ᠳᠤ ᠬᠤᠷᠳᠣᠨ ᠪᠣᠯᠳᠠᠭ᠃ ᠬᠡᠯᠨ ᠳᠤ ᠣᠷᠣᠬᠤ ᠨᠢ ᠬᠦᠯ ᠳᠤ | ᠣᠷᠣᠬᠤ ᠲᠠᠢ ᠠᠳᠠᠯᠢᠬᠠᠨ ᠢᠶᠠᠷ ᠬᠦᠮᠦᠨ ᠪᠣᠯᠬᠤ ᠶᠢᠨ ᠠᠩᠬᠠᠨ ᠤ ᠬᠦᠮᠦᠵᠢᠯ ᠪᠣᠯᠣᠨ᠎ᠠ᠃ | | |