ᠮᠠᠯ ᠰᠢᠨᠡᠯᠡᠭᠦ ᠶᠤᠰᠤᠨ
ᠨᠡᠶᠢᠲᠡᠯᠡᠭᠰᠡᠨ ᠴᠠᠭ᠄
2019-05-09
     ᠮᠤᠩᠭᠤᠯᠴᠤᠤᠨ ᠲᠠᠪᠤᠨ ᠬᠤᠰᠢᠭᠤ ᠮᠠᠯ ᠢᠶᠠᠨ ᠡᠷᠳᠡᠨᠢ ᠮᠡᠳᠤ ᠬᠠᠶᠢᠷᠠᠯᠠᠳᠠᠭ᠃ ᠡᠨᠡ ᠨᠢ ᠬᠡᠯᠡᠬᠦ ᠶᠢᠨ ᠲᠡᠳᠤᠢ ᠪᠢᠰᠢ ᠬᠠᠷᠢᠨ ᠤᠯᠠᠨ ᠵᠤᠶᠢᠯ ᠤᠨ ᠪᠤᠳᠠᠳᠤ ᠠᠵᠢᠯᠯᠠᠭᠠᠨ ᠳᠤ ᠢᠯᠡᠷᠡᠳᠡᠭ᠃ ᠬᠡᠯᠡᠯᠭᠡ ᠪᠠᠷ ᠰᠢᠨ᠎ᠡ ᠶᠢᠨ ᠨᠠᠢᠮᠠᠨ ᠳᠤ ᠮᠠᠯ ᠰᠢᠨᠡᠯᠡᠳᠡᠭ᠃      ᠦᠨᠡᠨ ᠲᠡᠭᠡᠨ ᠮᠤᠩᠭᠤᠯᠴᠤᠳ ᠪᠢᠳᠡᠭᠦᠨ ᠳᠤ ᠮᠠᠯ ᠤᠨ ᠢᠶᠠᠨ ᠬᠤᠷᠤᠭᠠᠨ ᠳᠡᠭᠡᠷ᠎ᠡ ᠳ᠋ᠸᠡᠭᠯᠤ ᠡᠯᠭᠦᠵᠤ ᠮᠠᠯ ᠢᠶᠠᠨ ᠤᠳᠤ ᠦᠵᠡᠭᠦᠯᠵᠤ ᠪᠠᠶᠢᠨ᠎ᠠ ᠭᠡᠳᠡᠭ᠃ ᠪᠠᠰᠠ ᠡᠪᠡᠰᠤ ᠪᠤᠷᠳᠤᠭ᠎ᠠ ᠪᠠᠨ ᠠᠬᠢᠭᠤᠬᠠᠨ ᠲᠠᠯᠪᠢᠵᠤ ᠦᠭᠳᠡᠭ᠂ ᠬᠠᠷᠢᠨ ᠰᠢᠨᠡᠯᠡᠵᠤ ᠶᠠᠭᠠᠷᠠᠦ ᠪᠠᠶᠢᠨ᠎ᠠ ᠭᠡᠳ ᠮᠠᠯ ᠢᠶᠠᠨ ᠬᠤᠭᠤᠰᠤᠨ ᠬᠤᠷᠢᠳᠠᠭ ᠠᠶᠢᠯ ᠶᠡᠷᠤ ᠨᠢ ᠪᠠᠶᠢᠳᠠᠭ ᠦᠭᠡᠢ᠃ ᠡᠨᠡ ᠨᠢ ᠮᠦᠨᠴᠤ ᠮᠠᠯ ᠰᠦᠷᠤᠭ᠌ ᠢᠶᠠᠨ ᠰᠢᠨ᠎ᠡ ᠤᠨ ᠳᠤ ᠡᠰᠡᠨ ᠮᠡᠨᠳᠤ ᠤᠨᠳᠤᠷᠠᠵᠤ ᠪᠠᠶᠢᠬᠤ ᠶᠢ ᠪᠡᠯᠭᠡᠰᠢᠶᠡᠵᠤ᠂ ᠮᠠᠯ  ᠲᠠᠢ ᠪᠠᠨ ᠬᠠᠮᠳᠤ ᠰᠢᠨᠡᠯᠡᠵᠤ ᠪᠠᠶᠢᠬᠤ ᠶᠢᠨ ᠲᠡᠮᠳᠡᠭ ᠪᠢᠯᠠ᠃ ᠲᠡᠭᠡᠭᠡᠳ ᠰᠢᠨ᠎ᠡ ᠶᠢᠨ ᠬᠤᠶᠡᠷ ᠭᠤᠷᠪᠠᠨ ᠠᠴᠠ ᠭᠡᠶᠢᠴᠢᠨ ᠵᠤᠴᠢᠨ ᠢᠶᠠᠨ ᠵᠤᠴᠢᠯᠠᠵᠤ᠂ ᠠᠶᠢᠯ ᠠᠬ᠎ᠠ ᠲᠡᠭᠦᠤ ᠶᠢᠨ ᠳᠠᠭᠠᠨ ᠠᠶᠢᠯᠴᠢᠯᠠᠬᠤ ᠶᠢᠨ ᠲᠠᠭᠠᠦ ᠵᠠᠪᠰᠠᠷ ᠴᠢᠯᠤᠭᠡᠨ ᠳᠡᠭᠡᠨ ᠪᠠᠭ᠎ᠠ ᠪᠠᠭ᠎ᠠ ᠪᠠᠷ ᠬᠤᠨᠢᠨ ᠬᠤᠷᠤᠭᠠᠨ ᠤ ᠬᠦᠷᠵᠢᠩ ᠢ ᠬᠢᠰᠬᠢᠵᠤ ᠵᠦᠭᠡᠭᠡᠳ᠂ ᠭᠡᠶᠢᠴᠢᠨ ᠵᠤᠴᠢᠨ  ᠲᠠᠢ ᠪᠠᠶᠢᠪᠠᠯ ᠲᠡᠳᠡ ᠴᠤ ᠠᠵᠢᠯ ᠠᠴᠠ ᠤᠬᠤᠷᠢᠯ ᠦᠭᠡᠢ ᠬᠠᠮᠵᠢᠯᠴᠠᠳᠠᠭ ᠰᠠᠶᠢᠬᠠᠨ ᠵᠠᠩᠰᠢᠯ ᠲᠠᠢ ᠪᠢᠯᠠ᠃ ᠰᠢᠨ᠎ᠡ ᠶᠢᠨ ᠨᠠᠢᠮᠠᠨ ᠪᠤᠯᠬᠤ ᠳᠤ ᠬᠤᠷᠤᠭᠠᠨ ᠤ ᠳᠤᠮᠳᠠ ᠬᠤᠴᠠᠨ ᠰᠢᠷᠡᠭᠡ ᠭᠡᠵᠤ ᠲᠦᠷᠪᠡᠯᠵᠢᠯᠡᠵᠤ ᠦᠯᠡᠳᠡᠭᠡᠭᠰᠡᠨ ᠭᠦᠷᠵᠢᠩ ᠲᠡᠭᠡᠷ᠎ᠡ ᠪᠠᠨ ᠲᠠᠪᠠᠯᠢᠭ ᠲᠡᠪᠢᠰᠴᠤ ᠰᠢᠷᠡᠭᠡ ᠲᠠᠯᠪᠢᠵᠤ᠂ ᠴᠠᠭᠠᠨ ᠢᠳᠡᠭᠡ ᠠᠷᠢᠬᠢ ᠦᠷᠤᠵᠤ᠂ ᠲᠡᠭᠦᠨ ᠠᠴᠠ ᠠᠮᠰᠠᠵᠦ ᠲᠠᠷᠠᠭ᠎ᠠ ᠨᠢ ᠬᠤᠴᠠ ᠤᠬᠤᠨ᠎ᠠ ᠪᠤᠬ᠎ᠠ ᠵᠡᠷᠭᠡ ᠡᠴᠢᠭᠡ ᠮᠠᠯ ᠢᠶᠠᠨ ᠤᠳᠤᠯᠠᠭ᠎ᠠ ᠪᠠᠷ ᠠᠷᠢᠭᠤᠯᠵᠦ ᠰᠢᠷ᠎ᠠ ᠲᠤᠰᠤ ᠴᠠᠭᠠᠨ ᠢᠳᠡᠭᠡ ᠪᠠᠷ ᠮᠢᠯᠢᠶᠠᠵᠤ᠂ ᠦᠡᠭᠭᠡ ᠶᠢᠨ ᠲᠡᠪᠤᠤ ᠲᠤᠷᠭ᠎ᠠ ᠡᠪᠡᠷ ᠲᠤᠨᠢ ᠵᠡᠭᠦᠯᠭᠡᠵᠤ ︵ᠮᠤᠬᠤᠷ ᠮᠠᠯ ᠤᠨ ᠭᠦᠵᠤᠭᠦᠨ ᠠᠴᠠ ᠨᠢ ᠵᠡᠭᠦᠯᠭᠡᠨ᠎ᠡ︶ ᠴᠢᠮᠡᠳᠡᠭ ᠪᠠᠶᠢᠨ᠎ᠠ᠃ ᠲᠡᠭᠡᠭᠡᠳ ᠫᠤᠤᠵᠢᠩ ᠲᠠᠯᠪᠢᠵᠤ ᠲᠠᠪᠠᠭ ᠲᠠᠢ ᠢᠳᠡᠭᠡ ᠠᠴᠠ  ᠪᠠᠨ ᠲᠡᠭᠷᠢ ᠭᠠᠵᠠᠷ ᠲᠠᠭᠠᠨ ᠡᠷᠭᠦᠵᠤ ᠬᠡᠤᠬᠡᠳ ᠰᠢᠬᠤᠳ ᠢᠶᠠᠨ ᠪᠠᠷᠢᠯᠳᠤᠭᠤᠯᠵᠤ ᠪᠠᠭ᠎ᠠ ᠶᠤᠰᠤᠨ ᠤ ᠨᠠᠶᠢᠷ ᠪᠤᠯᠳᠠᠭ᠃
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号