ᠤᠶᠤᠳᠠᠳ ᠡ᠂ ᠬᠡᠷᠰᠡᠦ ᠶᠠᠪᠤᠪᠡᠯ ᠬᠡᠬᠡᠷ᠎ᠡ ᠬᠤᠨᠤᠬᠤ ᠦᠭᠡᠢ ᠰᠢᠦ
ᠨᠡᠶᠢᠲᠡᠯᠡᠭᠰᠡᠨ ᠴᠠᠭ᠄
2019-05-22
     ᠤᠩᠭᠠᠷᠢᠯ ᠬᠡᠶᠢᠰᠴᠦ ᠤᠶᠤᠳᠠᠳ ᠰᠤᠷᠭᠠᠭᠤᠯᠢ ᠠᠴᠠ ᠪᠠᠨ ᠠᠶᠠᠷᠯᠠᠬᠤ ᠴᠠᠭ ᠪᠤᠯᠤᠯ᠎ᠡ᠃ ᠲᠡᠭᠡᠭᠦ ᠳᠤ ᠠᠮᠢᠳᠤᠷᠡᠯ ᠤᠨ ᠡᠷᠬᠢᠯᠲᠡ ᠶᠢᠨ ᠴᠡᠭ ᠲᠤ ᠰᠢᠨ᠎ᠡ ᠡᠬᠢᠯᠡᠯᠲᠡ ᠬᠢᠬᠦ ᠪᠠᠷ ᠲᠠᠮᠡᠴᠡᠵᠦ ᠶᠠᠪᠤᠭ᠎ᠠ ᠲᠠ ᠨᠠᠷ ᠤᠨ ᠴᠠᠶᠢᠯᠭᠠᠨ ᠰᠡᠳᠬᠢᠯ ᠢ ᠴᠢᠨᠢ ᠭᠭᠢᠷᠳᠤᠭᠡᠬᠦ ᠦᠭᠡᠢ ᠪᠠᠶᠢᠭᠠᠰᠠᠢ ᠬᠡᠮᠡᠨ ᠲᠤᠬᠢᠶᠠᠯᠳᠤᠵᠦ ᠮᠡᠲᠡᠬᠦ ︽ᠤᠨᠠᠭᠤᠯᠢ︾ ᠶᠢᠨ ᠲᠤᠬᠠᠢ ᠬᠡᠳᠦᠨ ᠰᠠᠨᠠᠭᠤᠯᠤᠮᠵᠢ ᠬᠦᠷᠭᠡᠵᠦ ᠪᠠᠶᠢᠨ᠎ᠡ᠃      ᠨᠢᠭᠡ᠂ ᠬᠠᠭᠤᠷᠮᠠᠭ ᠵᠠᠷ᠃ ᠬᠦᠮᠦᠨ ᠭᠡᠷᠡᠭᠯᠡᠬᠦ ᠨᠢᠭᠡᠴᠡ ᠶᠢᠨ ᠬᠢᠨ ᠰᠢᠯᠢᠳᠡᠭ ᠤᠶᠤᠳᠠᠨ ᠢ ᠡᠯᠰᠡᠵᠦ ᠬᠡᠷᠡᠭᠯᠡᠬᠦ  ᠶᠢᠨ ᠲᠤᠯᠠᠲᠡ ᠦᠪᠡᠷ ᠤᠨ ᠦᠨᠡᠨ ᠪᠠᠶᠢᠲᠡᠯ ᠢᠶᠠᠨ ᠨᠢᠭᠤᠵᠦ ᠲᠠᠷᠤᠬᠤ ᠪᠤᠶᠦ ᠦᠰᠭᠡᠭᠡᠨ ᠲᠠᠢ ᠶᠠᠷᠢᠳᠠᠭ᠃ ᠭᠡᠭᠦ ᠮᠦᠷᠲᠡᠭᠡᠨ ᠡᠲᠡᠭᠡᠷ ᠮᠡᠲᠡᠭᠡ ᠵᠠᠩᠬᠢ ᠨᠢ ᠰᠦᠯᠵᠢᠶ᠎ᠡ ᠪᠠᠷ ᠲᠠᠮᠵᠢᠬᠳᠠᠳᠠᠭ ᠪᠤᠯᠬᠤᠷ ᠦᠨᠡᠨ ᠬᠤᠲᠡᠯ ᠢ ᠢᠯᠭᠠᠬᠤ ᠳᠤ ᠪᠡᠷᠭᠡᠲᠠᠢ᠃      ᠬᠤᠶᠠᠷ᠂ ᠲᠠᠮᠵᠢᠭᠤᠯᠤᠨ ᠪᠤᠷᠤᠯᠠᠭᠤᠯᠭ᠎ᠠ᠃ ᠨᠢᠭᠡ ᠪᠦᠯᠦᠭ ᠲᠠᠮᠵᠢᠭᠤᠯᠤᠨ ᠪᠤᠷᠤᠯᠠᠭᠤᠯᠤᠭᠴᠢ ᠤᠶᠤᠳᠠᠳ ᠲᠤ ᠦᠨᠳᠦᠷ ᠬᠦᠯᠦᠰᠦ ᠲᠠᠢ ᠠᠵᠢᠯ ᠤᠯᠭᠤᠵᠦ ᠦᠭᠭᠦ ᠨᠡᠷ᠎ᠡ ᠪᠠᠷ ᠮᠡᠭᠡᠯᠡᠵᠦ᠂ ᠬᠠᠦᠯᠢ ᠪᠤᠰᠤ ᠠᠵᠢᠯᠯᠠᠭ᠎ᠠ ᠶᠠᠪᠤᠭᠳᠠᠭᠤᠯᠳᠠᠭ᠃      ᠭᠤᠷᠪᠡ᠂ ᠬᠡᠯᠡᠯᠴᠡᠭᠡᠷ ᠤᠨ ᠮᠡᠭᠡᠯᠡᠯ᠃ ᠠᠵᠢᠯ ᠳᠤ ᠭᠠᠷᠬᠤ ᠵᠦᠪᠲᠡᠯᠴᠡᠭᠡᠷ ᠤᠨ ᠪᠢᠴᠢᠭ ᠪᠤᠯ ᠤᠶᠤᠳᠠᠳ ᠠᠵᠢᠯ ᠳᠤ ᠭᠠᠷᠬᠤ ᠶᠠᠪᠤᠴᠡ ᠳᠠᠬᠢ ᠤᠶᠤᠳᠠᠨ ᠬᠦᠮᠦᠨ ᠬᠡᠷᠡᠭᠯᠡᠬᠦ ᠨᠢᠭᠡᠴᠡ ᠶᠢᠨ ᠡᠷᠭᠡ ᠪᠤᠯᠤᠨ ᠡᠭᠦᠷᠭᠡ ᠶᠢ ᠲᠤᠳᠤᠷᠬᠠᠶᠢᠯᠠᠬᠤ ᠪᠢᠴᠢᠭ ᠮᠦᠨ᠃ ᠬᠠᠷᠢᠨ ᠬᠦᠲᠡᠯᠮᠦᠷᠢ ᠬᠦᠴᠦᠨ ᠤ ᠬᠡᠷ᠎ᠡ ᠶᠢ ᠤᠷᠤᠯᠠᠵᠦ ᠪᠤᠯᠳᠠᠭ ᠦᠭᠡᠢ᠃ ᠵᠠᠷᠢᠮ ᠬᠦᠮᠦᠨ ᠬᠡᠷᠡᠭᠯᠡᠬᠦ ᠨᠢᠭᠡᠴᠡ ᠶᠢᠨ ᠬᠢᠨ ᠡᠨᠡ ᠬᠤᠶᠠᠷ ᠤᠶᠢᠯᠠᠭᠠᠭᠳᠠᠬᠤᠨ ᠢ ᠬᠤᠳᠬᠤᠯᠳᠤᠭᠤᠯᠵᠦ᠂ ᠦᠪᠡᠷ ᠤᠨ ᠰᠠᠨᠠᠬᠰᠠᠨ ᠳᠠᠭᠠᠨ ᠬᠦᠷᠭᠦ ᠶᠢᠨ ᠲᠤᠯᠠᠲᠡ ᠤᠶᠤᠳᠠᠳ ᠢ ᠮᠡᠭᠡᠯᠡᠲᠡᠭ᠃      ᠲᠦᠷᠪᠡ᠂ ᠲᠠᠳᠤᠯᠭ᠎ᠠ ᠶᠢᠨ ᠮᠡᠭᠡᠯᠡᠯ᠃ ᠵᠠᠷᠢᠮ ᠬᠦᠮᠦᠨ ᠬᠡᠷᠡᠭᠯᠡᠬᠦ ᠨᠢᠭᠡᠴᠡ ᠶᠢᠨ ᠬᠢᠨ ᠬᠢᠮᠲᠡ ᠬᠦᠲᠡᠯᠮᠦᠷᠢ ᠬᠦᠴᠦ ᠵᠠᠷᠤᠬᠤ ᠶᠢ ᠪᠤᠳᠤᠵᠦ᠂ ᠠᠵᠢᠯ ᠡᠷᠢᠭᠴᠢᠳ ᠤᠨ ᠲᠠᠳᠤᠯᠭ᠎ᠠ ᠶᠢᠨ ᠬᠤᠭᠤᠴᠠᠭ᠎ᠠ ᠲᠠᠭᠤᠰᠤᠭᠰᠡᠨ ᠤ ᠲᠠᠷᠠᠭ᠎ᠠ ᠡᠯᠳᠠᠪ ᠰᠢᠯᠳᠠᠭ ᠬᠡᠯᠡᠵᠦ᠂ ᠠᠵᠢᠯ ᠠᠴᠠ ᠨᠢ ᠬᠠᠯᠠᠳᠠᠭ᠃      ᠲᠠᠪᠤ᠂ ᠰᠦᠢᠳᠭᠡᠯ ᠬᠤᠷᠢᠶᠠᠬᠤ᠃ ᠰᠠᠶ᠋ᠢ ᠲᠡᠭᠦᠰᠦᠭᠰᠡᠨ ᠤᠶᠤᠳᠠᠳ ᠤᠨ ᠠᠵᠢᠯ ᠤᠯᠬᠤ ᠲᠤᠯᠭᠠᠮ ᠱᠠᠭᠠᠷᠳᠠᠯᠭ᠎ᠠ ᠶᠢ ᠠᠰᠢᠬᠯᠠᠨ᠂ ᠲᠡᠲᠡᠨ ᠠᠴᠠ ᠵᠦᠢ ᠪᠤᠰᠤ ᠰᠦᠢᠳᠭᠡᠯ ᠬᠤᠷᠢᠶᠠᠳᠠᠭ᠂ ᠵᠢᠱᠢᠶᠡᠯᠡᠪᠡᠯ᠄ ᠲᠦᠭᠰᠢᠭᠦᠷᠢ ᠶᠢᠨ ᠪᠠᠷᠢᠴᠠᠭᠠᠨ ᠤ ᠮᠦᠩᠭᠦ᠂ ᠬᠡᠷ᠎ᠡ ᠵᠦᠷᠢᠴᠡᠭᠰᠡᠨ ᠰᠦᠢᠳᠭᠡᠯ᠂ ᠪᠤᠯᠪᠠᠰᠤᠷᠡᠯ ᠤᠨ ᠰᠦᠢᠳᠭᠡᠯ ᠵᠡᠷᠭᠡ᠃      ᠵᠢᠷᠭᠤᠭ᠎ᠠ᠂ ᠴᠠᠯᠢᠩ ᠬᠦᠯᠦᠰᠦᠨ ᠤ ᠮᠡᠭᠡᠯᠡᠯ᠃ ᠵᠠᠷᠢᠮ ᠬᠦᠮᠦᠨ ᠬᠡᠷᠡᠭᠯᠡᠬᠦ ᠨᠢᠭᠡᠴᠡ ᠠᠵᠢᠯᠴᠢᠨ ᠡᠯᠰᠡᠬᠦ ᠳᠡᠭᠡᠨ ᠦᠨᠳᠦᠷ ᠴᠠᠯᠢᠩ ᠬᠦᠯᠦᠰᠦ ᠦᠭᠭᠦ ᠨᠡᠷ᠎ᠡ ᠪᠠᠷ ᠤᠶᠤᠳᠠᠳ ᠢ ᠲᠠᠳᠠᠵᠦ᠂ ᠴᠠᠭ ᠨᠢ ᠲᠤᠯᠬᠤ ᠪᠠᠷ ᠡᠯᠳᠡᠪ ᠵᠦᠢᠯ ᠤᠨ ᠰᠢᠯᠳᠠᠭ ᠬᠡᠯᠡᠵᠦ ᠠᠮᠠᠯᠠᠯᠲᠡ ᠪᠠᠨ ᠪᠠᠶᠡᠯᠡᠭᠦᠯᠬᠦ ᠦᠭᠡᠢ ᠪᠤᠯᠳᠠᠭ᠃      ᠲᠤᠯᠤᠭ᠎ᠠ᠂ ᠮᠡᠲᠡᠯᠭᠡ ᠶᠢᠨ ᠮᠡᠭᠡᠯᠡᠯ᠃ ᠵᠠᠷᠢᠮ ᠬᠦᠮᠦᠨ ᠬᠡᠷᠡᠭᠯᠡᠬᠦ ᠨᠢᠭᠡᠴᠡ ᠵᠤᠷᠰᠢᠯ ᠶᠤᠰᠤᠭᠠᠷ ᠪᠢᠷ ᠤᠨ ᠰᠢᠯᠭᠠᠯᠲᠡ᠂ ᠨᠢᠭᠤᠷᠲᠡᠨ ᠰᠢᠯᠭᠠᠯᠲᠡ ᠬᠢᠬᠦ ᠪᠠᠷ ᠲᠠᠮᠵᠢᠨ ᠦᠪᠡᠷ ᠤᠨ ᠪᠠᠶᠢᠭᠤᠯᠤᠯᠭ᠎ᠠ ᠨᠢᠭᠡᠴᠡ ᠳᠡᠭᠡᠨ ᠲᠤᠯᠭᠠᠷᠠᠭᠰᠡᠨ ᠠᠰᠠᠭᠤᠳᠡᠯ ᠢ ᠰᠢᠢᠳᠪᠦᠷᠢᠯᠡᠭᠦᠯᠵᠦ᠂ ᠡᠴᠤᠰ ᠲᠤ ᠪᠠᠰᠡ ᠯᠡ ᠡᠯᠲᠡᠪ ᠰᠢᠯᠳᠠᠭ ᠭᠡᠯᠡᠵᠦ ᠬᠡᠨ ᠢ ᠴᠦ ᠡᠯᠰᠡᠬᠦ ᠦᠭᠡᠢ  ᠪᠠᠷ ᠪᠠᠷᠠᠭᠠᠳᠠᠭ᠃      ᠲᠡᠭᠡᠪᠡᠯ ᠡᠲᠡᠭᠡᠷ ᠮᠡᠭᠡᠯᠡᠯ ᠢ ᠬᠡᠷᠬᠢᠨ ᠰᠡᠷᠭᠡᠶᠢᠯᠡᠬᠦ ᠪᠤᠢ︖      ᠦᠪᠡᠷ ᠢ ᠪᠠᠨ ᠬᠠᠮᠠᠭᠠᠯᠠᠬᠤ ᠤᠬᠠᠮᠰᠠᠷ ᠢᠶᠠᠨ ᠴᠢᠩᠭᠠᠳᠬᠠᠨ᠎ᠡ᠃      ᠰᠤᠨᠤᠷ ᠰᠡᠷᠡᠮᠵᠢ ᠲᠠᠢ ᠪᠠᠶᠢᠵᠦ ᠵᠦᠢ ᠪᠤᠰᠦ ᠤᠴᠢᠷ ᠲᠤᠬᠢᠶᠠᠯᠳᠤᠪᠡᠯ ᠢᠯᠡᠭᠦᠭᠡᠨ ᠠᠰᠠᠭᠤᠨ ᠯᠠᠪᠯᠠᠵᠦ ᠪᠠᠶᠢᠭᠠᠷᠠᠢ︕      ᠬᠦᠮᠦᠨ ᠬᠡᠷᠡᠭᠯᠡᠬᠦ ᠨᠢᠭᠡᠴᠡ ᠶᠢᠨ ᠲᠤᠬᠠᠢ ᠢᠯᠡᠭᠦᠭᠡᠨ ᠤᠶᠢᠯᠠᠭᠠᠵᠦ᠂ ᠤᠴᠢᠷ ᠶᠠᠪᠤᠳᠡᠯ ᠳᠤ ᠪᠤᠯᠭᠤᠮᠵᠢᠲᠠᠢ ᠪᠠᠶᠢᠭᠠᠷᠠᠢ︕      ᠠᠯᠢᠪᠡ ᠳᠤ ᠯᠠᠪᠳᠠᠭᠤᠨ ᠲᠤᠬᠳᠠᠭᠤᠨ ᠪᠠᠶᠢᠵᠦ᠂ ᠨᠢᠭᠡ ᠡᠮᠬᠦ ᠮᠢᠬᠠᠨ ᠳᠤ ᠲᠠᠷᠭᠤᠯᠠᠬᠤ ᠶᠢ ᠪᠤᠳᠤᠵᠦ ᠪᠤᠯᠬᠤ ᠦᠭᠡᠢ᠃                                                                            ᠨᠠᠶᠢᠷᠠᠭᠤᠯᠤᠭᠴᠢ᠄ ᠨᠠᠷᠠᠨᠳᠤᠶᠠᠭ᠎ᠠ                                            ᠬᠦᠢᠴᠡᠳᠭᠡᠭᠴᠢ ᠬᠢᠨᠠᠬᠴᠢ᠄ ᠭᠠᠯᠪᠠᠳᠠᠷᠠᠬᠤ                                            ᠶᠡᠷᠦᠩᠭᠡᠢ ᠬᠢᠨᠠᠬᠴᠢ᠄ ᠵᠠᠩ ᠭᠦᠢ ᠵᠧᠨ
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号