ᠬᠡᠦᠭᠡᠳ ᠢᠶᠠᠨ ᠶᠤᠰᠤ ᠮᠤᠷᠡᠯ ᠲᠠᠢ ᠬᠦᠮᠦᠵᠢᠭᠦᠯᠦᠶ᠎ᠡ
ᠨᠡᠶᠢᠲᠡᠯᠡᠭᠰᠡᠨ ᠴᠠᠭ᠄
2019-04-25
                                           ᠤᠷᠭᠤᠮᠠᠯ      ᠭᠠᠷᠠᠭ ᠤᠨ ᠰᠡᠬᠦᠯᠴᠢ ᠪᠠᠷ ᠨᠠᠶᠢᠵᠠ ᠲᠠᠢ ᠪᠠᠨ ᠺᠢᠨᠣ᠋ ᠦᠵᠡᠬᠦ ᠪᠠᠷ ᠬᠦᠷᠦᠯ᠎ᠡ᠂ ᠶᠠᠭ ᠠᠮᠳᠠᠷᠬᠠᠨ ᠦᠵᠡᠵᠦ ᠪᠠᠶᠢᠲᠡᠯ᠎ᠡ ᠮᠢᠨᠤ ᠰᠠᠭᠤᠳᠠᠯ ᠢ ᠬᠤᠶᠢᠨ᠎ᠡ ᠠᠴᠠ ᠬᠦᠴᠦᠳᠡᠢ ᠬᠡᠳᠦ ᠢᠰᠬᠦᠯᠵᠦ ᠠᠪᠤᠪᠠ᠂ ︽ᠪᠠᠷᠤᠭ ᠯᠠ ᠰᠠᠨᠠᠮᠰᠠᠷ ᠦᠭᠡᠢ ᠪᠠᠷ ᠢᠰᠬᠦᠯᠦᠭᠡᠳ ᠠᠪᠤᠭᠰᠠᠨ ᠪᠠᠶᠢᠬᠤ ᠡ︾ ᠭᠡᠵᠦ ᠰᠠᠨᠠᠭᠠᠨ ᠳᠠᠭᠠᠨ ᠠᠪᠤᠯ ᠦᠭᠡᠢ ᠵᠠᠯᠭᠠᠵᠦ ᠺᠢᠨᠣ᠋ ᠶᠢᠨ ᠶᠢᠷᠳᠢᠨᠴᠦ ᠳᠡᠭᠡᠨ ᠱᠤᠩᠪᠠᠯ᠎ᠠ᠂ ᠳᠡᠮᠡᠢ ᠬᠡᠳᠦᠨ ᠮᠢᠨᠦ᠋ᠲ ᠪᠤᠯᠤᠯ ᠦᠭᠡᠢ ᠪᠠᠰᠠ ᠬᠡᠳᠦ ᠬᠡᠳᠦ ᠢᠰᠭᠦᠯᠦᠨ᠎ᠡ᠂ ᠠᠷᠤᠨᠰᠢ ᠬᠠᠷᠠᠭᠰᠠᠨ ᠴᠢᠨᠢ ᠳᠦᠷᠪᠡ ᠲᠠᠪᠤᠨ ᠨᠠᠰᠤᠨ ᠤ ᠲᠦᠯᠦᠪ ᠲᠠᠢ ᠵᠢᠭᠠᠯ ᠬᠡᠦᠬᠡᠨ ᠪᠠᠶᠢᠵᠠᠢ᠂ ᠪᠢ ᠵᠢᠭᠠᠯ ᠬᠡᠦᠬᠡᠨ ᠳᠤ᠄ ︽ᠮᠢᠨᠤ ᠬᠡᠦᠭᠡᠨ ᠠᠨᠢᠶ᠎ᠡ ᠶᠢᠨ ᠢᠶᠠᠨ ᠰᠠᠭᠤᠳᠠᠯ ᠢ ᠪᠢᠳᠡᠬᠡᠢ ᠢᠰᠬᠦᠯᠦᠭᠡᠷᠡᠢ︾ ᠭᠡᠵᠦ ᠬᠡᠯᠡᠬᠡᠳ ᠳᠠᠬᠢᠨ ᠺᠢᠨᠣ᠋ ᠪᠠᠨ ᠦᠵᠡᠯ᠎ᠡ᠂ ᠬᠤᠶᠠᠷ ᠮᠢᠨᠦ᠋ᠲ ᠪᠤᠯᠤᠭᠰᠠᠨ ᠦᠭᠡᠢ ᠳᠠᠬᠢᠭᠠᠳ ᠯᠠ ᠢᠰᠬᠦᠯᠦᠭᠡᠳ ᠡᠬᠢᠯᠡᠴᠢᠭᠡᠯ᠎ᠡ᠂ ᠪᠢ ᠵᠢᠭᠠᠬᠠᠨ ᠠᠭᠤᠷ ᠬᠦᠷᠦᠭᠰᠡᠨ ᠨᠢ ᠦᠨᠡᠨᠳᠠᠢ᠂ ᠠᠷᠤᠨᠰᠢ ᠬᠠᠨᠳᠤᠵᠦ ᠵᠢᠭᠠᠯ ᠬᠡᠦᠬᠡᠨ ᠳᠤ᠄ ︽ᠮᠢᠨᠤ ᠬᠡᠦᠭᠡᠨ ᠳᠠᠬᠢᠵᠦ ᠢᠰᠬᠦᠯᠵᠦ ᠪᠤᠯᠬᠤ ᠦᠭᠡᠢ ᠰᠢᠤ᠂ ᠠᠨᠢᠶ᠎ᠡ ᠨᠢ ᠺᠢᠨᠣ᠋ ᠪᠠᠨ ᠰᠠᠶᠢᠬᠠᠨ ᠦᠵᠡᠵᠦ ᠴᠢᠳᠠᠬᠤ ᠪᠠᠨ ᠪᠤᠯᠢᠯ᠎ᠡ︾ ᠭᠡᠬᠦ ᠪᠠᠷ᠂ ᠬᠠᠵᠠᠭᠤ ᠳᠤ ᠪᠠᠶᠢᠭᠰᠠᠨ ᠡᠵᠢ ᠨᠢ ᠬᠠᠷᠢᠨ᠄ ︽ᠡᠶᠢᠮᠦ ᠵᠢᠭᠠᠬᠠᠨ ᠬᠡᠦᠬᠡᠳ ᠢ ᠶᠠᠭᠤᠨ ᠳᠤ ᠢᠩᠬᠢᠵᠦ ᠪᠤᠷᠤᠭᠤᠳᠬᠠᠬᠤ ᠪᠤᠢ᠂ ᠬᠡᠳᠦ ᠢᠰᠬᠦᠯᠦᠭᠡᠳ ᠠᠪᠬᠤ ᠳᠤ ᠴᠢ ᠠᠷᠠᠢ ᠰᠢᠷᠬᠠᠳᠤᠴᠢᠬᠠᠬᠤ ᠦᠭᠡᠢ ᠪᠢᠵᠠ︾ ᠭᠡᠵᠦ ᠨᠠᠳᠠᠳᠦ ᠰᠢᠷᠦᠬᠦᠨ ᠠᠭᠠᠰᠢᠯᠠᠬᠤ  ᠨᠢ ᠭᠡᠵᠦ ᠡ᠂ ᠡᠵᠢ ᠶᠢᠨ ᠢᠶᠠᠨ ᠦᠮᠦᠭᠯᠡᠬᠦ ᠶᠢ ᠰᠤᠨᠤᠰᠤᠭᠰᠠᠨ ᠬᠡᠦᠬᠡᠨ ᠢᠯᠠᠯᠳᠠ ᠤᠯᠤᠭᠰᠠᠨ ᠵᠢᠭᠠᠬᠠᠨ ᠪᠠᠭᠠᠳᠤᠷ ᠰᠢᠤᠬᠠᠨ ᠰᠠᠭᠤᠳᠠᠯ ᠢ ᠪᠠᠰᠠ ᠬᠡᠳᠦ ᠢᠰᠬᠦᠯᠵᠦ ᠠᠪᠤᠪᠠ᠃ ᠮᠡᠳᠡᠭᠡᠵᠢ᠂ ᠡᠨᠡ ᠺᠢᠨᠣ᠋ ᠶᠢ ᠪᠠᠶᠠᠷᠳᠠᠶᠢᠬᠠᠨ ᠰᠤᠨᠢᠷᠬᠠᠬᠤ ᠶᠢᠨ ᠠᠷᠭ᠎ᠠ ᠦᠭᠡᠢ ᠪᠤᠯᠵᠠᠢ᠃ ᠭᠡᠷ ᠲᠡᠭᠡᠨ ᠬᠠᠷᠢᠬᠤ ᠵᠠᠮ ᠳᠠᠭᠠᠨ ᠤᠯᠠᠨ ᠶᠠᠭᠤᠮ᠎ᠡ ᠰᠡᠳᠬᠢᠵᠦ ᠰᠠᠭᠤᠯ᠎ᠡ᠂ ᠶᠠᠭᠤ ᠴᠦ ᠬᠡᠰᠡᠨ ᠪᠢ ᠬᠡᠦᠬᠡᠨ ᠢᠶᠠᠨ ᠶᠤᠰᠤ ᠮᠤᠷᠠᠯ ᠲᠠᠢ ᠬᠦᠮᠦᠨ ᠪᠤᠯᠭᠠᠨ ᠬᠦᠮᠦᠵᠢᠬᠦᠯᠬᠦ ᠶᠢ ᠯᠠ ᠬᠢᠴᠢᠶᠡᠶ᠎ᠡ ᠭᠡᠵᠦ ᠪᠡᠶ᠎ᠡ ᠳᠡᠭᠡᠨ ᠰᠠᠨᠠᠭᠤᠯᠪᠠ᠃      ᠤᠳᠤ ᠶᠢᠨ ᠨᠡᠶᠢᠭᠡᠮ ᠳᠤ ᠡᠨᠡ ᠵᠢᠭᠠᠯ ᠬᠡᠦᠬᠡᠨ ᠤ ᠡᠵᠢ ᠲᠠᠢ ᠠᠳᠠᠯᠢᠬᠠᠨ᠂ ᠬᠡᠦᠬᠡᠳ ᠤᠨ ᠢᠶᠠᠨ ᠶᠤᠰᠤ ᠮᠤᠷᠡᠯ  ᠤᠨ ᠬᠦᠮᠦᠵᠢᠯ ᠢ ᠴᠢᠬᠤᠯᠠᠴᠢᠯᠠᠬᠤ ᠦᠭᠡᠢ ᠭᠡᠷ ᠤᠨ ᠠᠬᠠᠮᠠᠳ ᠪᠠᠰᠠ ᠤᠯᠠᠨ ᠪᠠᠶᠢᠬᠤ ᠨᠢ ᠮᠡᠳᠡᠭᠡᠵᠢ᠃ ᠲᠡᠳᠡᠨ ᠤ ᠬᠡᠯᠡᠬᠦ ᠪᠠᠷ᠄ ︽ᠲᠤᠷ᠎ᠡ ᠵᠤᠷᠢᠭ ᠢᠶᠠᠷ ᠨᠢ ᠪᠠᠶᠢᠯᠭᠠᠬᠤ ᠨᠢ ᠬᠡᠦᠬᠡᠳ ᠢ ᠰᠦᠰᠦ ᠵᠤᠷᠢᠭ ᠲᠠᠢ ᠪᠤᠯᠭᠠᠨ᠎ᠡ᠂ ᠬᠤᠷᠢᠬᠯᠠᠭᠠᠳ ᠪᠠᠶᠢᠪᠠᠯ ᠵᠤᠷᠢᠭ ᠦᠭᠡᠢ ᠠᠶᠤᠮᠠᠳᠠᠭᠠᠢ ᠬᠡᠦᠬᠡᠳ ᠪᠤᠯᠴᠢᠬᠠᠨ᠎ᠡ︾ ᠭᠡᠵᠦ ᠬᠡᠦᠬᠡᠳ ᠢᠶᠠᠨ ᠶᠠᠭᠤ ᠬᠢᠵᠦ ᠶᠠᠭᠠᠬᠢᠵᠦ ᠠᠭᠠᠰᠢᠯᠠᠵᠦ ᠪᠠᠶᠢᠬᠰᠠᠨ ᠴᠦ ᠶᠡᠷᠦ ᠬᠠᠮᠢᠶᠠᠷᠬᠤ ᠦᠭᠡᠢ ᠪᠠᠶᠢᠳᠠᠭ᠃ ᠡᠨᠡ ᠨᠢ ᠠᠷᠠᠢ ᠨᠠᠵᠠᠭᠠᠢ ᠦᠵᠡᠯᠳᠡ ᠶᠤᠮ᠃ ︽ᠮᠤᠷᠠᠯ ᠦᠭᠡᠢ ᠬᠦᠮᠦᠨ᠂ ᠢᠷᠤᠭᠠᠷ ᠦᠭᠡᠢ ᠰᠠᠪᠠ︾ ᠭᠡᠳᠡᠭ ᠮᠡᠷᠭᠡᠨ ᠦᠭᠡ ᠪᠠᠶᠢᠳᠠᠭ᠃ ᠶᠤᠰᠤ ᠮᠤᠷᠡᠯ ᠤᠨ ᠬᠦᠮᠦᠵᠢᠯ ᠨᠢ ᠭᠡᠷ ᠪᠦᠯᠢ ᠶᠢᠨ ᠬᠦᠮᠦᠵᠢᠯ ᠤᠨ ᠴᠢᠬᠤᠯᠠ ᠨᠢᠭᠡᠨ ᠠᠭᠤᠯᠭ᠎ᠠ ᠪᠠᠶᠢᠬᠤ ᠶᠤᠰᠤᠳᠠᠢ᠃ ᠬᠡᠦᠬᠡᠳ ᠤᠨ ᠤᠨᠠᠭᠠᠨ ᠨᠠᠰᠦ ᠪᠤᠯ ᠤᠬᠠᠭᠠ ᠬᠦᠢᠴᠡᠳ ᠦᠭᠡᠢ ᠨᠢᠯᠬᠠᠰᠠᠭ ᠦᠶ᠎ᠡ᠂ ᠡᠶᠢᠮᠦ ᠠᠴᠠ ᠭᠡᠷ ᠤᠨ ᠠᠬᠠᠮᠠᠳ ᠡᠨᠡ ᠦᠶ᠎ᠡ  ᠠᠴᠠ ᠡᠬᠢᠯᠡᠵᠦ ᠬᠡᠦᠬᠡᠳ ᠲᠡᠭᠡᠨ ᠶᠠᠭᠤ ᠶᠢ ᠬᠢᠵᠦ ᠪᠤᠯᠬᠤ᠂ ᠶᠠᠭᠤ ᠶᠢ ᠬᠢᠵᠦ ᠪᠤᠯᠬᠤ ᠦᠭᠡᠢ ᠠᠴᠠ ᠠᠪᠤᠭᠠᠳ ᠠᠬᠠᠰ ᠵᠠᠬᠠᠰ ᠢᠶᠠᠨ ᠬᠦᠨᠳᠦᠯᠡᠬᠦ᠂ ᠪᠤᠰᠤᠳ ᠲᠠᠢ ᠶᠤᠰᠤᠷᠬᠠᠭ ᠬᠠᠷᠢᠴᠠᠬᠤ᠂ ᠤᠯᠠᠨ ᠨᠡᠶᠢᠳᠡ ᠶᠢᠨ ᠲᠠᠯᠠᠪᠤᠷ ᠲᠤ ᠲᠤᠷ᠎ᠡ ᠵᠤᠷᠢᠭ ᠢᠶᠠᠷ ᠠᠭᠠᠰᠢᠯᠠᠬᠤ ᠦᠭᠡᠢ ᠵᠡᠷᠭᠡ ᠡᠩ ᠤᠨ ᠶᠤᠰᠤ ᠮᠤᠷᠡᠯ ᠤᠨ ᠬᠦᠮᠦᠵᠢᠯ ᠢ ᠴᠢᠬᠤᠯᠠᠴᠢᠯᠠᠨ ᠬᠢᠵᠦ᠂ ᠬᠡᠦᠬᠡᠳ  ᠢᠶᠠᠨ ᠴᠡᠴᠡᠷᠯᠢᠭ ᠲᠤ ᠤᠷᠤᠳᠠᠯ᠎ᠡ ᠨᠢ ᠨᠡᠶᠢᠭᠡᠮ ᠤᠨ ᠡᠩ ᠤᠨ ᠶᠤᠰᠤ ᠮᠤᠷᠡᠯ ᠤᠨ ᠲᠤᠬᠠᠢ ᠬᠦᠢᠴᠡᠳ ᠤᠬᠠᠮᠰᠠᠷ ᠲᠠᠢ ᠬᠦᠮᠦᠨ ᠪᠤᠯᠭᠠᠨ ᠬᠦᠮᠦᠵᠢᠬᠦᠯᠪᠡᠯ ᠵᠤᠬᠢᠨ᠎ᠡ᠃      ︽ᠬᠦᠮᠦᠨ ᠪᠤᠯᠬᠤ ᠪᠠᠭ᠎ᠠ ᠠᠴᠠ ᠪᠠᠨ᠂ ᠬᠦᠯᠦᠭ ᠪᠤᠯᠬᠤ ᠤᠨᠠᠭᠠᠨ ᠠᠴᠠ ᠪᠠᠨ︾ ᠭᠡᠳᠡᠭᠴᠢᠯᠡᠨ᠂ ᠨᠢᠭᠡ ᠬᠦᠮᠦᠨ ᠪᠡᠯᠴᠢᠷ ᠨᠠᠰᠤᠨ ᠤ ᠦᠰᠦᠨ ᠪᠤᠶᠢᠵᠢᠯᠳᠠ ᠶᠢᠨ ᠤᠷᠴᠢᠨ ᠲᠤᠭᠤᠷᠢᠨ ᠳᠤ ᠨᠢᠭᠡ ᠰᠠᠶᠢᠨ ᠰᠠᠶᠢᠬᠠᠨ ᠵᠠᠩ ᠮᠤᠷᠠᠯ ᠢ ᠬᠦᠮᠦᠵᠢᠬᠦᠯᠬᠦ ᠨᠢ ᠲᠡᠬᠦᠨ ᠤ ᠨᠠᠰᠤᠨ ᠲᠤᠷᠰᠢᠳᠠ ᠶᠢᠨ ᠠᠵᠦ ᠠᠮᠢᠳᠤᠷᠠᠯ᠂ ᠠᠵᠢᠯ ᠦᠢᠯᠡᠰ ᠲᠠᠢ ᠰᠢᠭᠤᠳ ᠬᠤᠯᠪᠤᠭᠳᠠᠵᠦ᠂ ᠴᠢᠨᠠᠭᠰᠢᠯᠠᠨ ᠲᠡᠬᠦᠨ ᠤ ᠨᠢᠭᠡ ᠨᠠᠰᠦ ᠶᠢ ᠴᠦ ᠨᠦᠯᠦᠭᠡᠯᠡᠵᠦ ᠪᠠᠶᠢᠳᠠᠭ᠃ ᠭᠡᠲᠡᠯ᠎ᠡ ᠤᠳᠤᠬᠠᠨ ᠳᠤ ᠤᠯᠠᠩᠬᠢ ᠭᠡᠷ ᠤᠨ ᠠᠬᠠᠮᠠᠳ ᠬᠡᠦᠬᠡᠳ ᠤᠨ ᠢᠶᠠᠨ ᠪᠦᠬᠦ ᠲᠡᠯ᠎ᠡ ᠶᠢᠨ ᠬᠦᠭᠵᠢᠯᠳᠡ ᠶᠢ ᠠᠩᠬᠠᠷᠳᠠᠭ ᠦᠭᠡᠢ᠂ ᠵᠦᠪᠭᠡᠨ ᠳᠡᠳᠡᠨ ᠤ ᠪᠡᠶ᠎ᠡ ᠮᠠᠬᠠᠪᠤᠳ ᠪᠠ ᠰᠤᠷᠤᠯᠭ᠎ᠠ ᠶᠢ ᠯᠠ ᠭᠤᠤᠯᠴᠢᠯᠠᠵᠦ᠂ ᠰᠠᠶᠢᠨ ᠰᠠᠶᠢᠬᠠᠨ ᠵᠠᠩ ᠮᠤᠷᠠᠯ ᠢ ᠬᠦᠮᠦᠵᠢᠬᠦᠯᠬᠦ  ᠶᠢ ᠬᠠᠷᠢᠨ ᠤᠮᠳᠤᠭᠠᠢᠢᠯᠠᠳᠠᠭ᠃ ᠳᠡᠳᠡ ᠦᠷ᠎ᠡ ᠶᠢᠨ ᠭᠠᠭᠴᠠ ᠬᠡᠦᠭᠡᠳ ᠭᠡᠵᠦ ᠬᠡᠳᠤᠷᠡᠲᠡᠯ᠎ᠡ ᠪᠠᠨ ᠡᠩᠬᠦᠷᠡᠶᠢᠯᠡᠨ ᠬᠠᠶᠢᠷᠠᠯᠠᠵᠦ᠂ ᠬᠡᠦᠬᠡᠳ ᠢᠶᠠᠨ ᠲᠤᠷ᠎ᠡ ᠳᠠᠪᠠ ᠪᠠᠷ ᠨᠢ ᠰᠤᠷᠭᠠᠳᠠᠭ᠃ ᠦᠰᠦᠯᠳᠠ ᠪᠤᠶᠢᠵᠢᠯᠳᠠ ᠶᠢᠨ ᠵᠠᠩᠬᠢᠯᠭ᠎ᠠ ᠶᠢᠨ ᠦᠶ᠎ᠡ ᠳᠤ ᠳᠤᠬᠢᠷᠠᠮᠵᠢ ᠦᠭᠡᠢ ᠰᠤᠷᠭᠠᠨ ᠬᠦᠮᠦᠵᠢᠬᠦᠯᠬᠦ ᠨᠢ ᠬᠡᠦᠬᠡᠳ ᠢ ᠶᠤᠰᠤ ᠮᠤᠷᠠᠯ ᠲᠠᠢ ᠰᠢᠯᠢᠳᠡᠭ ᠬᠡᠦᠬᠡᠳ ᠪᠤᠯᠭᠠᠨ ᠬᠦᠮᠦᠵᠢᠬᠦᠯᠬᠦ ᠳᠤ ᠪᠡᠷᠭᠡ ᠶᠤᠮ᠃ ᠨᠡᠶᠢᠭᠡᠮ ᠠᠬᠤᠢ ᠦᠳᠳᠡᠷ ᠲᠦᠷᠭᠡᠨ ᠬᠦᠭᠵᠢᠵᠦ᠂ ᠰᠢᠯᠢᠳᠡᠭ ᠮᠡᠷᠭᠡᠵᠢᠯᠳᠡᠨ ᠴᠢᠳᠠᠪᠤᠷᠢᠳᠠᠨ ᠲᠤᠯᠭᠠᠮ᠎ᠡ ᠱᠠᠭᠠᠷᠳᠠᠭᠳᠠᠵᠦ ᠪᠠᠶᠢᠭ᠎ᠠ ᠦᠨᠦᠳᠦᠷ᠂ ᠬᠦᠮᠦᠨ ᠤ ᠬᠡᠪ ᠪᠤᠯᠪᠠᠰᠤᠷᠡᠯ ᠲᠤᠬᠠᠢ ᠱᠠᠭᠠᠷᠳᠠᠯᠭ᠎ᠠ ᠴᠦ ᠨᠡᠩ ᠦᠨᠳᠦᠷ ᠪᠤᠯᠵᠠᠢ᠂ ᠡᠶᠢᠮᠦ ᠠᠴᠠ ᠬᠡᠦᠬᠡᠳ ᠤᠨ ᠪᠦᠬᠦ ᠲᠡᠯ᠎ᠡ ᠶᠢᠨ ᠬᠦᠭᠵᠢᠯᠳᠡ ᠶᠢ ᠬᠦᠨᠳᠦᠳᠬᠡᠬᠦ ᠨᠢ ᠲᠦᠮᠡᠨ ᠵᠦᠪ᠂ ᠡᠭᠦᠨ ᠳᠤ ᠶᠤᠰᠤ ᠮᠤᠷᠡᠯ ᠤᠨ ᠬᠦᠮᠦᠵᠢᠯ ᠪᠤᠯ ᠳᠤᠳᠠᠭᠳᠠᠵᠦ ᠪᠤᠯᠤᠰᠢ ᠦᠭᠡᠢ ᠴᠢᠬᠤᠯᠠ ᠨᠢᠭᠡ ᠪᠦᠷᠢᠯᠳᠦᠬᠦᠨ ᠪᠤᠯᠬᠤ ᠶᠤᠮ᠃ ᠬᠡᠦᠬᠡᠳ ᠢ ᠨᠡᠶᠢᠭᠡᠮ ᠤᠨ ᠬᠡᠷᠡᠭᠴᠡᠭᠡ ᠳᠤ ᠳᠤᠬᠢᠷᠠᠭᠰᠠᠨ ᠴᠢᠳᠠᠪᠤᠷᠢᠳᠠᠨ ᠪᠤᠯᠭᠠᠨ ᠬᠦᠮᠦᠵᠢᠬᠦᠯᠬᠦ ᠳᠤ ᠡᠷᠭᠡᠪᠰᠢ ᠪᠦᠬᠦ ᠲᠡᠯ᠎ᠡ ᠶᠢᠨ ᠬᠦᠭᠵᠢᠯᠳᠡ ᠶᠢ ᠠᠩᠬᠠᠷᠴᠦ᠂ ᠶᠤᠰᠤ ᠮᠤᠷᠡᠯ  ᠤᠨ ᠬᠦᠮᠦᠵᠢᠯ ᠢ ᠶᠠᠭᠠᠬᠢᠭᠰᠠᠨ ᠴᠦ ᠬᠦᠩᠭᠡᠪᠴᠢᠯᠡᠵᠦ ᠪᠤᠯᠬᠤ ᠦᠭᠡᠢ᠂ ᠡᠷᠬᠡᠪᠰᠢ ᠴᠢᠬᠤᠯᠠ ᠪᠠᠶᠢᠷᠢᠨ ᠳᠤ ᠲᠠᠯᠪᠢᠬᠤ ᠭᠡᠷᠡᠭᠳᠠᠢ᠃       ᠬᠡᠦᠬᠡᠳ ᠤᠨ ᠢᠶᠠᠨ ᠰᠠᠶᠢᠨ ᠰᠠᠶᠢᠬᠠᠨ ᠢᠷᠡᠭᠡᠳᠦᠢ ᠶᠢᠨ ᠲᠦᠯᠦᠭᠡ᠂ ᠠᠪᠤ ᠡᠵᠢ ᠪᠤᠯᠤᠭᠰᠠᠳ ᠤᠳᠤ ᠠᠴᠠ  ᠪᠠᠨ ᠡᠬᠢᠯᠡᠵᠦ ᠶᠤᠰᠤ ᠮᠤᠷᠠᠯ ᠤᠨ ᠬᠦᠮᠦᠵᠢᠯ ᠢ ᠬᠦᠨᠳᠦᠳᠭᠡᠶ᠎ᠡ︕
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号