ᠰᠢᠭᠦᠯᠲᠡ ᠳᠤ ᠤᠷᠤᠯᠴᠠᠨ ᠬᠡᠷᠡᠴᠢᠯᠡᠬᠦ ᠳᠤ ᠮᠡᠲᠡᠬᠦ ᠴᠢᠬᠤᠯᠠᠳᠠᠢ ᠲᠤᠯᠤᠭᠠᠨ ᠠᠰᠠᠭᠤᠳᠡᠯ
ᠨᠡᠶᠢᠲᠡᠯᠡᠭᠰᠡᠨ ᠴᠠᠭ᠄
2019-11-07
     ᠭᠡᠷᠡᠴᠢᠯᠡᠭᠴᠢ ᠶᠢᠨ ᠭᠡᠷᠡᠴᠢ ᠦᠭᠡ ᠪᠤᠯ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠢᠷᠭᠡᠨ  ᠤ ᠵᠠᠷᠭᠤ ᠶᠢᠨ ᠬᠠᠤᠯᠢ︾ ᠶᠢᠨ ᠵᠢᠷᠠᠨ ᠭᠤᠷᠪᠠᠳᠤᠭᠠᠷ ᠵᠦᠶᠯ ᠳᠤ ᠬᠠᠤᠯᠢ ᠪᠠᠷ ᠲᠣᠭᠲᠠᠭᠠᠭᠰᠠᠨ ᠨᠠᠢᠮᠠᠨ ᠲᠦᠷᠦᠯ ᠤᠨ ᠭᠡᠷᠡᠴᠢ ᠪᠠᠷᠢᠮᠲᠡ ᠶᠢᠨ ᠨᠢᠭᠡ ᠲᠦᠷᠦᠯ ᠪᠤᠯᠤᠨ᠎ᠡ᠂ ᠳᠡᠷᠡ ᠨᠢ ᠭᠡᠷᠡᠴᠢᠯᠡᠭᠴᠢ ᠶᠢᠨ ᠬᠡᠷᠡᠭ ᠤᠨ ᠪᠣᠳᠠᠲᠤ ᠶᠠᠪᠤᠳᠠᠯ ᠤᠨ ᠲᠤᠬᠠᠶ ᠬᠢᠭᠰᠡᠨ ᠲᠣᠭᠠᠴᠢᠯᠲᠠ ᠪᠤᠯᠬᠤ ᠶᠤᠮ᠃ ᠭᠡᠷᠡᠴᠢᠯᠡᠭᠴᠢ ᠰᠢᠭᠦᠯᠲᠡ ᠳᠤ ᠣᠷᠣᠯᠴᠠᠵᠤ ᠭᠡᠷᠡᠴᠢᠯᠡᠬᠦ ᠳᠤ ᠳᠣᠤᠷᠠᠬᠢ ᠳᠣᠯᠣᠭᠠᠨ ᠵᠦᠢᠯ ᠢ ᠮᠡᠲᠡᠬᠦ ᠴᠢᠬᠤᠯᠠᠲᠠᠢ᠄      1. ᠭᠡᠷᠡᠴᠢᠯᠡᠭᠴᠢ ᠰᠢᠭᠦᠯᠲᠡ ᠳᠤ ᠣᠷᠣᠯᠴᠠᠨ ᠭᠡᠷᠡᠴᠢᠯᠡᠬᠦ ᠦᠶ᠎ᠡ ᠳᠤ ᠬᠡᠷᠡᠭ ᠤᠨ ᠪᠣᠳᠠᠲᠤ ᠪᠠᠶᠢᠲᠡᠯ ᠢ ᠪᠤᠰᠤᠳᠴᠢ ᠪᠠᠷ ᠲᠣᠭᠠᠴᠢᠬᠤ ᠬᠡᠷᠡᠭᠲᠡᠢ᠂ ᠲᠡᠭᠦᠨ ᠤ ᠭᠡᠷᠡᠴᠢ ᠦᠭᠡ ᠨᠢ ᠡᠷᠬᠡᠪᠰᠢ ᠲᠣᠰ ᠬᠦᠮᠦᠨ ᠤ ᠰᠡᠷᠡᠵᠦ ᠮᠡᠳᠡᠷᠡᠭᠰᠡᠨ ᠵᠦᠢᠯ ᠪᠠᠶᠢᠬᠤ ᠬᠡᠷᠡᠭᠲᠡᠢ᠂ ᠭᠡᠷᠡᠴᠢᠯᠡᠬᠦ ᠦᠶ᠎ᠡ ᠳᠤ ᠲᠠᠭᠠᠮᠠᠭᠯᠠᠬᠤ᠂ ᠲᠦᠰᠦᠭᠡᠯᠡᠬᠦ ᠪᠤᠶᠤ ᠰᠢᠭᠦᠮᠵᠢᠯᠡᠬᠦ ᠴᠢᠨᠠᠷᠲᠠᠢ ᠬᠡᠯᠡ ᠬᠡᠯᠡᠯᠭᠡ ᠶᠢ ᠬᠡᠷᠡᠭᠯᠡᠵᠦ ᠪᠣᠯᠬᠤ ᠦᠭᠡᠢ᠃ ᠵᠢᠱᠢᠶᠡᠯᠡᠪᠡᠯ᠂ ᠭᠡᠷᠡᠴᠢᠯᠡᠭᠴᠢ ᠬᠡᠷᠡᠭ ᠡᠭᠦᠰᠦᠭᠰᠡᠨ ᠲᠤᠬᠠᠶ  ᠶᠢᠨ ᠲᠠᠯᠠᠪᠤᠷ ᠲᠤ ᠶᠠᠮᠠᠷ ᠲᠠᠭᠤ ᠶᠢ ᠤᠯᠵᠦ ᠰᠤᠨᠤᠰᠤᠭᠰᠡᠨ᠂ ᠶᠠᠮᠠᠷ ᠦᠨᠦᠷ ᠢ ᠣᠯᠵᠤ ᠦᠨᠦᠷᠲᠦᠭᠰᠡᠨ᠂ ᠶᠠᠮᠠᠷ ᠬᠥᠮᠦᠨ᠂ ᠶᠠᠮᠠᠷ ᠪᠣᠳᠠᠰ ᠢ ᠣᠯᠵᠤ ᠦᠵᠡᠭᠰᠡᠨ ᠵᠡᠷᠭᠡ ᠪᠠᠨ ᠦᠨᠡᠨ ᠮᠦᠨ ᠢᠶᠠᠷ ᠨᠢ ᠲᠤᠭᠠᠴᠢᠬᠤ ᠬᠡᠷᠡᠭᠲᠡᠢ᠃ ᠭᠡᠷᠡᠴᠢᠯᠡᠭᠴᠢ ᠵᠠᠷᠢᠮ ᠳᠠᠭᠠᠨ ᠭᠡᠷᠡᠭ ᠤᠨ ᠪᠤᠳᠠᠲᠦ ᠶᠠᠪᠤᠳᠡᠯ ᠢ ᠲᠤᠭᠠᠴᠢᠬᠤ ᠠᠴᠠ ᠭᠠᠳᠠᠨ᠎ᠡ ᠭᠡᠷᠡᠭ ᠤᠨ ᠪᠣᠳᠠᠲᠤ ᠶᠠᠪᠤᠳᠠᠯ ᠤᠨ ᠲᠤᠬᠠᠢ ᠦᠪᠡᠷ ᠤᠨ ᠦᠵᠡᠯᠲᠡ ᠪᠠᠨ ᠶᠠᠷᠢᠳᠠᠭ᠂ ᠡᠨᠡ ᠨᠢ ᠭᠡᠷᠡᠴᠢᠯᠡᠭᠴᠢ ᠶᠢᠨ ᠭᠡᠷᠡᠴᠢ ᠦᠭᠡ ᠶᠢᠨ ᠬᠡᠪᠴᠢᠶᠡᠨ ᠳᠤ ᠪᠠᠭᠲᠠᠬᠤ ᠦᠭᠡᠢ᠃      2. ᠭᠡᠷᠡᠴᠢᠯᠡᠭᠴᠢ ᠬᠢᠭᠡᠳ ᠪᠤᠰᠤᠳᠴᠢ ᠪᠠᠷ ᠤᠷᠤᠰᠢᠵᠦ ᠪᠠᠶᠢᠭ᠎ᠠ ᠪᠣᠳᠠᠲᠤ ᠬᠡᠷᠡᠭ ᠤᠨ ᠪᠦᠷᠢᠯᠳᠦᠭᠰᠡᠨ ᠬᠠᠷᠢᠴᠠᠭ᠎ᠠ ᠬᠤᠯᠪᠤᠭ᠎ᠠ ᠪᠣᠯ ᠣᠨᠴᠠᠭᠠᠢ ᠪᠠᠶᠢᠳᠠᠭ᠂ ᠪᠤᠰᠤᠳ ᠬᠥᠮᠦᠨ ᠣᠷᠣᠯᠠᠵᠤ ᠪᠣᠯᠤᠰᠢ ᠦᠭᠡᠢ ᠶᠤᠮ᠂ ᠡᠶᠢᠮᠦ  ᠠᠴᠠ ᠬᠡᠷᠡᠴᠢᠯᠡᠭᠴᠢ ᠡᠷᠬᠡᠪᠰᠢ ᠲᠢᠩᠭᠢᠮ ᠳᠤ ᠭᠠᠷᠴᠦ ᠰᠢᠭᠦᠯᠲᠡ ᠳᠤ ᠤᠷᠤᠯᠴᠠᠨ᠂ ᠰᠢᠭᠦᠭᠦ ᠲᠢᠩᠭᠢᠮ ᠪᠡ ᠬᠤᠶᠠᠷ ᠲᠡᠯ᠎ᠡ ᠶᠢᠨ ᠲᠤᠬᠠᠶ ᠶᠢᠨ ᠬᠦᠮᠦᠨ ᠤ ᠲᠤᠯᠭᠠᠨ ᠠᠰᠠᠭᠤᠯᠲᠡ ᠶᠢ ᠬᠦᠯᠢᠶᠡᠪᠡᠯ ᠵᠤᠬᠢᠨ᠎ᠡ᠃      3. ᠭᠡᠷᠡᠴᠢᠯᠡᠭᠴᠢ ᠶᠢᠨ ᠭᠡᠷᠡᠴᠢ ᠦᠭᠡ ᠶᠢᠨ ᠦᠨᠡᠨ ᠪᠣᠳᠠᠲᠤ ᠴᠢᠨᠠᠷ᠂ ᠭᠠᠵᠢᠭᠤ ᠴᠢᠨᠠᠷ ᠨᠢ ᠪᠡᠶᠡᠴᠢ ᠪᠠ ᠪᠤᠰᠤᠳᠴᠢ ᠬᠦᠴᠦᠨ ᠵᠦᠢᠯ ᠤᠨ ᠨᠥᠯᠥᠭᠡ ᠶᠢ ᠠᠮᠠᠷᠬᠠᠨ ᠬᠦᠷᠲᠡᠳᠡᠭ᠃ ᠭᠡᠷᠡᠴᠢᠯᠡᠭᠴᠢ ᠶᠢᠨ ᠬᠡᠷᠡᠴᠢ ᠦᠭᠡ ᠶᠢᠨ ᠪᠦᠷᠢᠯᠳᠤᠯ ᠨᠢ ᠣᠶᠢᠯᠠᠭᠠᠬᠤ᠂ ᠴᠡᠭᠡᠵᠢᠯᠡᠬᠦ᠂ ᠲᠣᠭᠠᠴᠢᠬᠤ ᠭᠤᠷᠪᠠᠨ ᠱᠠᠲᠤ ᠶᠢ ᠥᠩᠭᠡᠷᠡᠭᠡᠪᠡᠯ᠂ ᠱᠠᠲᠤ ᠦᠶ᠎ᠡ ᠪᠦᠷᠢ  ᠳᠤ ᠴᠥᠮ ᠭᠡᠷᠡᠴᠢᠯᠡᠭᠴᠢ ᠶᠢᠨ ᠭᠡᠷᠡᠴᠢ ᠦᠭᠡ ᠶᠢᠨ ᠣᠨᠣᠪᠴᠢᠲᠤ ᠴᠢᠨᠠᠷ ᠢ ᠨᠥᠯᠥᠭᠡᠯᠡᠬᠦ ᠪᠠᠶᠢᠲᠡᠯ ᠭᠠᠷᠴᠤ ᠮᠡᠲᠡᠨ᠎ᠡ᠃ ᠵᠢᠱᠢᠶᠡᠯᠡᠪᠡᠯ ︽ᠲᠣᠳᠣᠷᠬᠠᠶ ᠴᠡᠭᠡᠵᠢᠯᠡᠭᠰᠡᠨ ᠦᠭᠡᠢ᠂ ᠪᠠᠷᠤᠭ᠂ ᠪᠤᠯᠤᠯᠴᠠᠭ᠎ᠠ ᠲᠠᠢ︾ ᠵᠡᠷᠭᠡ ᠲᠣᠳᠣᠷᠬᠠᠶ ᠪᠤᠰᠤ ᠭᠡᠷᠡᠴᠢ ᠦᠭᠡ ᠶᠢᠨ ᠬᠦᠴᠦᠨ ᠨᠢ ᠬᠢᠵᠠᠭᠠᠷᠲᠠᠶ ᠪᠠᠶᠢᠳᠠᠭ᠃ ᠭᠡᠷᠡᠴᠢᠯᠡᠭᠴᠢ ᠶᠢᠨ ᠭᠡᠷᠡᠴᠢ ᠦᠭᠡ ᠶᠢᠨ ᠡᠨᠡ ᠬᠦ ᠣᠨᠴᠠᠯᠢᠭ ᠢ ᠦᠨᠳᠦᠰᠦᠯᠡᠨ ︽ᠠᠷᠠᠳ ᠤᠨ ᠳᠡᠭᠡᠳᠤ ᠰᠢᠭᠦᠬᠦ ᠬᠤᠷᠢᠶᠠᠨ ᠤ ᠢᠷᠭᠡᠨ ᠤ ᠵᠠᠷᠭᠤ ᠶᠢᠨ ᠭᠡᠷᠡᠴᠢ ᠪᠠᠷᠢᠮᠲᠡ ᠶᠢᠨ ᠲᠤᠬᠠᠶ ᠲᠣᠭᠲᠠᠭᠠᠯ ᠤᠳ︾ ᠤᠨ ᠵᠢᠷᠠᠨ ᠶᠢᠰᠦᠳᠤᠭᠡᠷ ᠵᠦᠢᠯ ᠳᠤ᠂ ᠨᠠᠰᠤᠨ ᠳᠤ ᠦᠯᠦ ᠬᠦᠷᠦᠭᠰᠡᠳ ᠤᠨ ᠬᠢᠭᠰᠡᠨ ᠨᠠᠰᠦ ᠵᠢᠯ ᠪᠡ ᠤᠶᠤᠨ ᠤ ᠪᠠᠶᠢᠲᠡᠯ ᠲᠠᠢ ᠦᠯᠦ ᠨᠡᠶᠢᠴᠡᠬᠦ ᠬᠡᠷᠡᠴᠢ ᠦᠭᠡ︔ ᠨᠢᠭᠡ ᠲᠡᠯ᠎ᠡ ᠶᠢᠨ ᠲᠤᠬᠠᠶ ᠶᠢᠨ ᠬᠥᠮᠦᠨ ᠪᠤᠶᠤ ᠲᠡᠭᠦᠨ ᠤ ᠣᠷᠣᠯᠠᠭᠴᠢ ᠲᠠᠢ ᠠᠰᠢᠭ ᠬᠤᠤᠷ ᠤᠨ ᠬᠠᠷᠢᠴᠠᠭ᠎ᠠ ᠲᠠᠢ ᠭᠡᠷᠡᠴᠢᠯᠡᠭᠴᠢ ᠶᠢᠨ ᠭᠡᠷᠡᠴᠢ ᠦᠭᠡ︔ ᠵᠦᠢ ᠶᠤᠰᠤᠨ ᠤ ᠰᠢᠯᠲᠠᠭᠠᠨ ᠦᠭᠡᠢ ᠪᠠᠷ ᠰᠢᠭᠦᠯᠲᠡ ᠳᠤ ᠣᠷᠣᠯᠴᠠᠵᠤ ᠭᠡᠷᠡᠴᠢᠯᠡᠭᠰᠡᠨ ᠦᠭᠡᠢ ᠭᠡᠷᠡᠴᠢᠯᠡᠭᠴᠢ ᠶᠢᠨ ᠭᠡᠷᠡᠴᠢ ᠦᠭᠡ ᠪᠠᠷ ᠬᠡᠷᠡᠭ ᠤᠨ ᠪᠣᠳᠠᠲᠤ ᠶᠠᠪᠤᠳᠠᠯ ᠢ ᠮᠠᠭᠠᠳᠯᠠᠨ ᠲᠣᠭᠲᠠᠭᠠᠬᠤ ᠦᠨᠳᠦᠰᠦ ᠪᠠᠷᠢᠮᠲᠡ ᠪᠤᠯᠭᠠᠵᠦ ᠪᠤᠯᠬᠤ ᠦᠭᠡᠢ ᠭᠡᠵᠦ ᠲᠤᠬᠳᠠᠭᠠᠵᠠᠢ᠃      4. ᠭᠡᠷᠡᠴᠢᠯᠡᠭᠴᠢ ᠰᠢᠭᠦᠨ ᠰᠢᠶᠳᠪᠦᠷᠢᠯᠡᠭᠰᠡᠨ ᠬᠡᠷᠡᠭ ᠤᠨ ᠦᠷ᠎ᠡ ᠳ᠋ᠦᠩ ᠯᠦᠭᠡ ᠠᠰᠢᠭ ᠬᠤᠤᠷ ᠤᠨ ᠬᠠᠷᠢᠴᠠᠭ᠎ᠠ ᠦᠭᠡᠢ ᠪᠠᠶᠢᠬᠤ ᠬᠡᠷᠡᠭᠲᠡᠢ᠂ ᠬᠡᠷᠪᠡ ᠬᠡᠷᠡᠭ ᠤᠨ ᠪᠠᠶᠢᠳᠠᠯ ᠢ ᠣᠶᠢᠯᠠᠭᠠᠬᠤ ᠮᠥᠷᠲᠡᠭᠡᠨ ᠪᠠᠰᠠ ᠠᠰᠢᠭ ᠬᠤᠤᠷ ᠤᠨ ᠬᠠᠷᠢᠴᠠᠭ᠎ᠠ ᠲᠠᠢ ᠪᠤᠯ ᠬᠡᠷᠡᠴᠢᠯᠡᠭᠴᠢ ᠪᠤᠯᠵᠦ ᠪᠣᠯᠬᠤ ᠦᠭᠡᠢ᠂ ᠬᠠᠷᠢᠨ ᠵᠠᠷᠭᠤ ᠶᠢᠨ ᠲᠤᠬᠠᠶ ᠶᠢᠨ ᠬᠥᠮᠦᠨ ︵ᠬᠠᠮᠲᠤ ᠵᠠᠷᠭᠤᠯᠳᠤᠭᠰᠠᠳ ᠪᠤᠶᠤ ᠭᠤᠷᠪᠠᠳᠠᠬᠢ ᠬᠥᠮᠦᠨ︶ ᠪᠤᠯᠤᠨ᠎ᠡ᠃      5. ᠭᠡᠷᠡᠴᠢᠯᠡᠭᠴᠢ ᠶᠢ ᠰᠢᠭᠦᠯᠲᠡ ᠳᠤ ᠣᠷᠣᠯᠴᠠᠭᠤᠯᠬᠤ ᠪᠠᠷ ᠭᠤᠶᠤᠴᠢᠯᠠᠬᠤ ᠳᠤ ᠬᠦᠷᠪᠡᠯ᠂ ᠭᠡᠷᠡᠴᠢᠯᠡᠭᠴᠢ  ᠶᠢᠨ ᠰᠢᠭᠦᠯᠲᠡ ᠳᠤ ᠣᠷᠣᠯᠴᠠᠬᠤ ᠵᠠᠷᠤᠳᠠᠯ ᠳᠤ ᠬᠡᠨ ᠬᠠᠷᠢᠭᠤᠴᠠᠬᠤ ᠪᠤᠢ︖ ︽ᠠᠷᠠᠳ ᠤᠨ ᠳᠡᠭᠡᠳᠤ ᠰᠢᠭᠦᠬᠦ ᠬᠤᠷᠢᠶᠠᠨ ᠤ ︿ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠢᠷᠭᠡᠨ ᠤ ᠵᠠᠷᠭᠤ ᠶᠢᠨ ᠬᠠᠤᠯᠢ﹀ ᠶᠢ ᠬᠡᠷᠡᠭᠯᠡᠬᠦ ᠲᠤᠬᠠᠢ ᠲᠠᠶᠢᠯᠪᠤᠷᠢ︾ ᠶᠢᠨ ᠵᠠᠭᠤ ᠠᠷᠪᠠᠨ ᠨᠠᠢᠮᠠᠳᠤᠭᠠᠷ ᠵᠦᠶᠯ ᠳᠤ᠂ ᠭᠡᠷᠡᠴᠢᠯᠡᠭᠴᠢ ᠶᠢᠨ ᠰᠢᠭᠦᠯᠲᠡ ᠳᠤ ᠣᠷᠣᠯᠴᠠᠵᠤ ᠭᠡᠷᠡᠴᠢᠯᠡᠬᠦ ᠡᠭᠦᠷᠭᠡ ᠪᠠᠨ ᠭᠦᠶᠴᠡᠳᠬᠡᠭᠰᠡᠨ ᠠᠴᠠ ᠪᠣᠯᠵᠤ ᠵᠠᠷᠤᠴᠠᠭᠤᠯᠤᠭᠰᠡᠨ ᠵᠠᠮ ᠬᠠᠷᠢᠯᠴᠠᠭ᠎ᠠ᠂ ᠬᠤᠨᠤᠭ ᠪᠠᠭᠤᠳᠠᠯ᠂ ᠬᠤᠭᠤᠯᠠ ᠵᠡᠷᠭᠡ ᠴᠢᠬᠤᠯᠠ ᠪᠦᠬᠦᠢ ᠵᠠᠷᠤᠳᠠᠯ ᠢ ᠠᠯᠪᠠᠨ ᠪᠠᠶᠢᠭᠤᠯᠭ᠎ᠠ ᠠᠵᠢᠯ ᠦᠢᠯᠡᠰ ᠤᠨ ᠨᠢᠭᠡᠴᠢ ᠶᠢᠨ ᠠᠵᠢᠯᠲᠡᠨ ᠤ ᠠᠯᠪᠠᠨ ᠠᠵᠢᠯ ᠢᠶᠠᠷ ᠭᠠᠳᠠᠭᠰᠢ ᠭᠠᠷᠬᠤ ᠵᠠᠷᠤᠳᠡᠯ ᠪᠡ ᠨᠥᠬᠦᠪᠥᠷᠢ ᠥᠭᠬᠦ ᠪᠠᠷᠢᠮᠵᠢᠶ᠎ᠡ ᠶᠣᠰᠣᠭᠠᠷ ᠪᠤᠳᠤᠨ᠎ᠡ︔ ᠠᠵᠢᠯ ᠰᠠᠭᠠᠲᠠᠭᠰᠠᠨ ᠬᠤᠬᠢᠷᠠᠯ ᠢ ᠤᠯᠤᠰ ᠤᠨ ᠲᠦᠷᠦᠭᠦᠤ ᠵᠢᠯ ᠤᠨ ᠠᠵᠢᠯᠲᠠᠨ ᠠᠵᠢᠯᠴᠢᠨ  ᠤ ᠡᠳᠦᠷ ᠤᠨ ᠳᠤᠮᠳᠠᠴᠢ ᠴᠠᠯᠢᠩ ᠤᠨ ᠪᠠᠷᠢᠮᠵᠢᠶ᠎ᠡ ᠪᠠᠷ ᠪᠤᠳᠤᠨ᠎ᠡ᠃ ᠠᠷᠠᠳ ᠤᠨ ᠰᠢᠭᠦᠬᠦ ᠬᠤᠷᠢᠶ᠎ᠡ ᠭᠡᠷᠡᠴᠢᠯᠡᠭᠴᠢ  ᠶᠢᠨ ᠰᠢᠭᠦᠯᠲᠡ ᠳᠤ ᠣᠷᠣᠯᠴᠠᠵᠤ ᠭᠡᠷᠡᠴᠢᠯᠡᠬᠦ ᠭᠤᠶᠤᠴᠢᠯᠠᠯ ᠢ ᠵᠥᠪᠰᠢᠶᠡᠷᠡᠭᠰᠡᠨ ᠪᠤᠯ᠂ ᠭᠤᠶᠤᠴᠢᠯᠠᠭᠴᠢ ᠳᠤ ᠮᠡᠳᠡᠭᠳᠡᠵᠦ ᠭᠡᠷᠡᠴᠢᠯᠡᠭᠴᠢ ᠶᠢᠨ ᠰᠢᠭᠦᠯᠲᠡ ᠳᠤ ᠣᠷᠣᠯᠴᠠᠵᠤ ᠭᠡᠷᠡᠴᠢᠯᠡᠬᠦ ᠵᠠᠷᠤᠳᠠᠯ ᠢ ᠤᠷᠢᠳᠴᠢᠯᠠᠨ ᠲᠤᠰᠢᠶᠠᠯᠭᠠᠬᠤ ᠬᠡᠷᠡᠭᠲᠡᠶ ᠭᠡᠵᠤ ᠲᠤᠭᠲᠠᠭᠠᠪᠠ᠃ ᠭᠡᠷᠡᠴᠢᠯᠡᠭᠴᠢ ᠰᠢᠭᠦᠯᠲᠡ ᠳᠤ ᠣᠷᠣᠯᠴᠠᠬᠤ ᠳᠠᠭᠠᠨ ᠪᠠᠳᠤᠯᠠᠭ᠎ᠠ ᠶᠢᠨ ᠪᠢᠴᠢᠭ ᠲᠤ ᠭᠠᠷ ᠤᠨ ᠦᠰᠦᠭ ᠵᠢᠷᠤᠬᠤ ᠬᠡᠷᠡᠭᠲᠡᠶ᠂ ᠭᠡᠷᠡᠴᠢᠯᠡᠭᠴᠢ ᠪᠠᠳᠤᠯᠠᠭ᠎ᠠ ᠶᠢᠨ ᠪᠢᠴᠢᠭ ᠲᠤ ᠭᠠᠷ ᠤᠨ ᠦᠰᠦᠭ ᠵᠢᠷᠤᠬᠤ ᠶᠢ ᠲᠡᠪᠴᠢᠭᠰᠡᠨ ᠪᠤᠯ ᠭᠡᠷᠡᠴᠢᠯᠡᠵᠦ ᠪᠣᠯᠬᠤ ᠦᠭᠡᠢ ᠪᠥᠭᠡᠳ ᠬᠤᠯᠪᠤᠬᠳᠡᠯ ᠪᠦᠬᠦᠢ ᠵᠠᠷᠤᠳᠡᠯ ᠢ ᠦᠪᠡᠰᠦᠪᠡᠨ ᠬᠠᠷᠢᠭᠤᠴᠠᠨ᠎ᠡ᠃      6. ᠭᠡᠷᠡᠴᠢᠯᠡᠭᠴᠢ ᠶᠢ ᠰᠢᠭᠦᠯᠲᠡ ᠳᠤ ᠤᠷᠤᠯᠴᠠᠭᠤᠯᠬᠤ ᠪᠠᠷ ᠭᠤᠶᠤᠴᠢᠯᠠᠬᠤ ᠨᠢ ᠭᠡᠳᠤᠢ ᠤᠯᠠᠨ ᠪᠤᠯ ᠲᠡᠳᠤᠢ ᠰᠠᠶᠢᠨ ᠬᠡᠰᠡᠨ ᠶᠠᠪᠤᠳᠡᠯ ᠪᠢᠰᠢ᠂ ᠭᠡᠷᠡᠴᠢᠯᠡᠭᠴᠢ ᠶᠢᠨ ᠭᠡᠷᠡᠴᠢ ᠦᠭᠡ ᠨᠢ ᠵᠦᠪᠭᠡᠨ ᠬᠡᠷᠡᠴᠢ ᠪᠠᠷᠢᠮᠲᠡ ᠶᠢᠨ ᠳᠣᠲᠣᠷᠠᠬᠢ ᠨᠢᠭᠡ ᠲᠦᠷᠦᠯ ᠪᠤᠯᠤᠨ᠎ᠡ᠂ ᠬᠡᠷᠡᠴᠢᠯᠡᠭᠴᠢ ᠤᠯᠠᠨ ᠪᠤᠯ ᠵᠠᠷᠭᠤ ᠵᠠᠪᠠᠯ ᠢᠯᠡᠨ᠎ᠡ ᠭᠡᠰᠡᠨ ᠶᠠᠪᠤᠳᠡᠯ ᠪᠢᠰᠢ᠂ ᠵᠠᠩᠭᠢᠯᠭ᠎ᠠ ᠨᠢ ᠭᠡᠷᠡᠴᠢᠯᠡᠭᠴᠢ ᠶᠢᠨ ᠭᠡᠷᠡᠴᠢ ᠦᠭᠡ ᠨᠢ ᠭᠡᠷᠡᠴᠢᠯᠡᠬᠦ ᠪᠠᠷ ᠪᠠᠶᠢᠭ᠎ᠠ ᠪᠣᠳᠠᠲᠤ ᠶᠠᠪᠤᠳᠠᠯ ᠢ ᠦᠨᠡᠨ ᠪᠣᠳᠠᠲᠠᠶ ᠪᠠᠷ ᠭᠡᠷᠡᠴᠢᠯᠡᠵᠦ ᠲᠠᠶᠢᠯᠭᠦ ᠡᠰᠡᠬᠦ ᠶᠢ ᠦᠵᠡᠨ᠎ᠡ᠃       7. ᠭᠡᠷᠡᠴᠢᠯᠡᠭᠴᠢ ᠶᠢᠨ ᠬᠠᠭᠤᠷᠮᠠᠭ ᠭᠡᠷᠡᠴᠢ ᠬᠢᠬᠦ ᠶᠢᠨ ᠬᠠᠤᠯᠢ ᠴᠠᠭᠠᠵᠡ ᠶᠢᠨ ᠦᠷ᠎ᠡ ᠳ᠋ᠦᠩ ᠢ ︽ᠠᠷᠠᠳ  ᠤᠨ ᠳᠡᠭᠡᠳᠤ ᠰᠢᠭᠦᠬᠦ ᠬᠤᠷᠢᠶᠠᠨ ᠤ ︿ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠢᠷᠭᠡᠨ ᠤ ᠵᠠᠷᠭᠤ  ᠶᠢᠨ ᠬᠠᠤᠯᠢ﹀ ᠶᠢ ᠬᠡᠷᠡᠭᠯᠡᠬᠦ ᠲᠤᠬᠠᠶ ᠲᠠᠶᠢᠯᠪᠤᠷᠢ︾ ᠶᠢᠨ ᠵᠠᠭᠤ ᠨᠠᠶᠠ ᠶᠢᠰᠦᠳᠦᠭᠡᠷ ᠵᠦᠶᠯ ᠳᠤ᠂ ᠭᠡᠷᠡᠴᠢᠯᠡᠭᠴᠢ ᠪᠠᠳᠤᠯᠠᠭ᠎ᠠ ᠶᠢᠨ ᠪᠢᠴᠢᠭ ᠲᠤ ᠭᠠᠷ ᠤᠨ ᠦᠰᠦᠭ ᠵᠢᠷᠤᠬᠰᠡᠨ ᠤ ᠲᠠᠷᠠᠭ᠎ᠠ ᠬᠤᠳᠠᠯ ᠬᠠᠭᠤᠷᠮᠠᠭ ᠭᠡᠷᠡᠴᠢ ᠦᠭᠡ ᠬᠡᠯᠡᠵᠦ᠂ ᠠᠷᠠᠳ ᠤᠨ ᠰᠢᠭᠦᠬᠦ ᠬᠤᠷᠢᠶᠠᠨ ᠤ ᠬᠡᠷᠡᠭ ᠰᠢᠭᠦᠭᠦ ᠶᠢ ᠬᠠᠷᠰᠢᠯᠠᠪᠠᠯ ᠠᠷᠠᠳ ᠤᠨ ᠰᠢᠭᠦᠬᠦ ᠬᠤᠷᠢᠶ᠎ᠡ ᠢᠷᠭᠡᠨ  ᠤ ᠵᠠᠷᠭᠤ ᠶᠢᠨ ᠬᠠᠤᠯᠢ ᠶᠢ ᠦᠨᠳᠦᠰᠦᠯᠡᠨ ᠰᠢᠢᠳᠪᠦᠷᠢᠯᠡᠨ᠎ᠡ ᠭᠡᠵᠦ ᠲᠤᠬᠳᠠᠭᠠᠵᠠᠢ᠃
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号