ᠴᠢᠭᠡᠴᠢ ᠺᠠᠳ᠋ᠷ — ᠬᠠᠰᠬᠤᠨ
ᠨᠡᠶᠢᠲᠡᠯᠡᠭᠰᠡᠨ ᠴᠠᠭ᠄
2019-11-19
     ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠮᠤᠩᠭᠤᠯ ᠰᠤᠷᠭᠠᠭᠤᠯᠢ ᠶᠢᠨ ᠬᠢᠴᠢᠶᠡᠯ ᠬᠦᠮᠦᠵᠢᠯ ᠤᠨ ᠭᠠᠵᠠᠷ ᠤᠨ ᠡᠷᠬᠢᠯᠡᠭᠴᠢ ᠬᠠᠰᠬᠤᠨ ᠪᠠᠭᠰᠢ ᠪᠤᠯ ᠮᠠᠰᠢ ᠡᠭᠡᠯ ᠵᠢᠷ ᠤᠨ ᠠᠵᠢᠯ ᠤᠨ ᠪᠠᠶᠢᠷᠢ ᠳᠠᠭᠠᠨ ᠰᠢᠷᠭᠠᠭᠤ ᠬᠢᠴᠢᠶᠡᠩᠭᠦᠢ ᠴᠢᠷᠮᠠᠶᠢᠨ ︽ᠦᠨᠦᠳᠤᠷ ᠤᠨ ᠠᠮᠵᠢᠯᠲᠡ ᠪᠤᠯ ᠮᠠᠷᠭᠠᠰᠢ ᠶᠢᠨ ᠡᠬᠢᠯᠡᠯᠲᠡ᠂ ᠦᠨᠳᠦᠰᠦᠲᠡᠨ ᠤ ᠰᠤᠷᠭᠠᠨ ᠬᠦᠮᠦᠵᠢᠯ ᠤᠨ ᠦᠢᠯᠡᠰ ᠲᠤ ᠬᠡᠵᠢᠶᠡᠲᠡ ᠦᠨᠡᠨᠴᠢ ᠰᠢᠳᠤᠷᠭᠤ ᠪᠠᠷ ᠵᠢᠳᠭᠦᠵᠦ ᠴᠢᠷᠮᠠᠶᠢᠨ᠎ᠡ︾ ᠭᠡᠵᠦ ᠦᠪᠡᠷ ᠢ ᠪᠠᠨ ᠴᠢᠩᠭ᠎ᠠ ᠱᠠᠭᠠᠷᠳᠠᠵᠦ᠂ ᠶᠠᠳᠠᠷᠡᠯ ᠵᠦᠲᠡᠷᠡᠯ ᠠᠴᠠ ᠬᠠᠯᠠᠰᠢᠷᠡᠯ ᠦᠭᠡᠢ ᠠᠵᠢᠯ ᠲᠦᠷᠦᠯ ᠭᠤᠯᠤᠬᠤ ᠦᠭᠡᠢ᠂ ᠬᠤᠪᠢᠳᠠᠭᠰᠡᠨ ᠠᠵᠢᠯ ᠢᠶᠠᠨ ᠬᠢᠯᠡᠷᠠᠳᠡᠯ᠎ᠡ ᠪᠡᠶᠡᠯᠡᠭᠦᠯᠵᠦ ᠬᠢᠭᠰᠡᠭᠡᠷ ᠯᠡ ᠢᠷᠡᠵᠠᠢ᠃      

     ᠬᠠᠰᠬᠤᠨ 1997 ᠤᠨ ᠳᠤ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠠᠴᠠ ᠲᠡᠭᠦᠰᠴᠦ

ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠮᠤᠩᠭᠤᠯ ᠰᠤᠷᠭᠠᠭᠤᠯᠢ ᠳᠤ ᠪᠠᠭᠰᠢᠯᠡᠵᠦ᠂ ᠬᠤᠷᠢᠭᠠᠳ ᠵᠢᠯ ᠤᠨ

ᠲᠤᠷᠰᠢ ᠦᠪᠡᠷ ᠤᠨ ᠦᠢᠯᠡᠰ ᠤᠨ ᠬᠠᠷᠭᠤᠢ ᠳᠠᠭᠠᠨ ᠮᠠᠷᠠᠶᠢᠨ ᠴᠢᠷᠮᠠᠶᠢᠵᠦ ᠬᠠᠷᠠᠮ ᠦᠭᠡᠢ ᠵᠢᠳᠭᠦᠭᠰᠡᠭᠡᠷ ᠢᠷᠡᠵᠠᠢ᠃

ᠰᠤᠷᠭᠠᠨ ᠬᠦᠮᠦᠵᠢᠯ ᠤᠨ ᠲᠡᠯ᠎ᠡ ᠪᠠᠷ ᠲᠡᠷᠡ ᠦᠪᠡᠷ ᠤᠨ ᠲᠤᠰᠬᠠᠢ ᠮᠡᠷᠭᠡᠵᠢᠯ ᠪᠤᠯᠬᠤ ᠭᠠᠵᠠᠷ ᠵᠦᠢ ᠶᠢᠨ ᠮᠡᠲᠡᠯᠭᠡ

 ᠪᠠᠨ ᠰᠤᠷᠤᠭᠴᠢᠳ ᠲᠤ ᠦᠯᠢᠭᠡᠷ ᠵᠢᠱᠢᠶ᠎ᠡ ᠲᠠᠢ ᠨᠢᠮᠪᠠᠢ ᠵᠢᠭᠠᠵᠦ ᠦᠭᠴᠦ᠂ ᠡᠭᠦᠨ ᠢᠶᠠᠷ ᠲᠠᠮᠵᠢᠨ ᠰᠤᠷᠤᠭᠴᠢᠳ ᠲᠤ

ᠤᠷᠴᠢᠨ ᠲᠤᠭᠤᠷᠢᠨ ᠤ ᠦᠵᠡᠯᠲᠡ᠂ ᠬᠦᠮᠦᠨ ᠪᠠᠶᠢᠭᠠᠯᠢ ᠶᠢᠨ ᠡᠶ᠎ᠡ ᠵᠤᠬᠢᠴᠠᠩᠭᠤᠢ ᠦᠷᠭᠦᠯᠵᠢᠯᠡᠩᠭᠦᠢ ᠬᠦᠭᠵᠢᠯᠲᠡ ᠶᠢ

ᠬᠦᠨ ᠬᠦᠨᠵᠡᠭᠡᠢ ᠤᠶᠢᠯᠠᠭᠠᠭᠤᠯᠳᠠᠭ ᠪᠠᠶᠢᠨ᠎ᠡ᠃

     ᠬᠠᠰᠬᠤᠨ ᠭᠠᠵᠠᠷ ᠵᠦᠢ ᠶᠢᠨ ᠬᠢᠴᠢᠶᠡᠯ ᠤᠨ ᠪᠠᠭᠰᠢ ᠪᠠᠷ ᠠᠵᠢᠯᠯᠠᠬᠤ ᠶᠢᠨ ᠵᠡᠷᠭᠡ ᠪᠠᠷ ᠠᠩᠭᠢ ᠶᠢᠨ ᠪᠠᠭᠰᠢ

 ᠶᠢᠨ ᠠᠵᠢᠯ ᠢ ᠴᠦ ᠬᠢᠵᠦ ᠦᠩᠭᠡᠷᠡᠭᠰᠡᠨ ᠪᠦᠭᠡᠳ ᠡᠨᠡ ᠨᠢ ᠲᠡᠭᠦᠨ ᠤ ᠪᠠᠭᠰᠢ ᠶᠢᠨ ᠠᠵᠢᠯ ᠤᠨ ᠵᠠᠮ ᠳᠠᠬᠢ ᠬᠠᠮᠤᠭ

 ᠤᠨ ᠰᠡᠳᠬᠢᠯ ᠲᠦᠭᠦᠷᠡᠩ ᠴᠠᠭ ᠮᠦᠴᠡ ᠪᠤᠯᠤᠨ᠎ᠡ ᠬᠡᠵᠦ ᠪᠠᠶᠢᠪᠡ᠃

     

     ᠦᠪᠡᠷ ᠢ ᠪᠠᠨ ᠲᠠᠰᠤᠷᠠᠯᠲᠡ ᠦᠭᠡᠢ ᠲᠠᠪᠳᠠᠨ ᠪᠤᠯᠪᠠᠰᠤᠷᠠᠭᠤᠯᠵᠦ ᠰᠢᠨᠳᠠᠷᠠᠰᠢ ᠦᠭᠡᠢ ᠠᠵᠢᠯᠯᠠᠭᠰᠡᠨ ᠤ

ᠡᠴᠤᠰ ᠲᠤ 2011 ᠤᠨ ᠳᠤ ᠬᠠᠰᠬᠤᠨ ᠮᠤᠩᠭᠤᠯ ᠰᠤᠷᠭᠠᠭᠤᠯᠢ ᠶᠢᠨ ᠬᠢᠴᠢᠶᠡᠯ ᠬᠦᠮᠦᠵᠢᠯ ᠤᠨ ᠭᠠᠵᠠᠷ ᠤᠨ

ᠡᠷᠬᠢᠯᠡᠭᠴᠢ ᠶᠢᠨ ᠠᠵᠢᠯ ᠢ ᠬᠢᠵᠦ ᠡᠬᠢᠯᠡᠨ᠂ ᠰᠤᠷᠤᠭᠴᠢᠳ ᠤᠨ ᠬᠢᠴᠢᠶᠡᠯ ᠲᠦᠷᠦᠯ ᠢ ᠡᠮᠬᠢ ᠴᠡᠭᠴᠡ ᠲᠠᠢ

ᠲᠤᠬᠢᠷᠠᠭᠤᠯᠬᠤ ᠪᠠᠷ ᠪᠠᠷᠠᠬᠤ ᠦᠭᠡᠢ ᠲᠤᠭᠤᠶᠢᠯᠠᠩ ᠤᠨ ᠬᠡᠳᠤᠨ ᠪᠠᠭᠰᠢᠨᠠᠷ ᠲᠠᠢ ᠪᠠᠨ ᠬᠠᠮᠲᠦ ᠲᠤᠬᠳᠠᠭᠰᠡᠨ

ᠬᠤᠭᠤᠴᠠᠭᠠᠨ ᠳᠤ ᠶᠠᠷᠢᠯᠴᠠᠭ᠎ᠠ ᠦᠷᠨᠢᠭᠦᠯᠦᠨ ᠤᠷᠴᠢᠮ ᠤᠨ ᠬᠤᠭᠤᠴᠠᠭᠠᠨ ᠤ ᠪᠠᠨ ᠬᠢᠴᠢᠶᠡᠯ ᠲᠦᠷᠦᠯ ᠪᠡ

ᠰᠤᠷᠤᠭᠴᠢᠳ ᠤᠨ ᠰᠤᠷᠤᠯᠭ᠎ᠠ ᠠᠮᠢᠳᠤᠷᠡᠯ ᠢ ᠬᠠᠯᠠᠮᠵᠢᠯᠠᠨ ᠪᠤᠰᠤᠳ ᠪᠠᠭᠰᠢᠨᠠᠷ ᠤᠨ ᠲᠡᠪᠰᠢᠭᠦᠯᠦᠭᠰᠡᠨ ᠰᠠᠨᠠᠯ

ᠰᠠᠨᠠᠭᠤᠯᠤᠮᠵᠢ ᠶᠢ ᠬᠦᠯᠢᠶᠠᠨ ᠠᠪᠳᠠᠭ᠃ ᠲᠡᠷᠡ ᠪᠠᠰᠡ ᠬᠤᠪᠢ ᠪᠡᠶ᠎ᠡ ᠶᠢᠨ ᠬᠡᠪ ᠰᠤᠷᠳᠡᠯ᠂ ᠵᠢᠭᠠᠨ ᠰᠤᠷᠭᠠᠯᠲᠡ ᠶᠢᠨ

ᠠᠷᠭ᠎ᠠ ᠮᠠᠶ᠋ᠢᠭ ᠢᠶᠠᠨ ᠲᠠᠰᠤᠷᠠᠯᠲᠡ ᠦᠭᠡᠢ ᠲᠡᠭᠡᠭᠰᠢᠯᠡᠭᠦᠯᠬᠦ ᠶᠢᠨ ᠵᠡᠷᠭᠡᠪᠡᠷ ᠵᠠᠯᠠᠭᠤ ᠪᠠᠭᠰᠢᠨᠠᠷ ᠲᠤ ᠦᠪᠡᠷ ᠤᠨ

ᠤᠳᠠᠭᠠᠨ ᠵᠢᠯ ᠤᠨ ᠲᠤᠷᠰᠢᠯᠭ᠎ᠠ ᠪᠠᠨ ᠶᠠᠷᠢᠵᠦ ᠦᠭᠴᠦ᠂ ᠰᠠᠶ᠋ᠢᠬᠠᠨ ᠠᠵᠢᠯ ᠤᠨ ᠪᠠᠶᠢᠷᠢ ᠲᠡᠭᠡᠷ᠎ᠡ ᠭᠠᠷᠴᠦ ᠪᠠᠶᠢᠭ᠎ᠠ

ᠲᠡᠳᠡᠨ ᠳᠤ ᠵᠠᠮ ᠮᠦᠷ ᠤᠨ ᠬᠢᠨᠢ ᠲᠠᠭᠠᠭᠤᠯᠤᠭᠴᠢ ᠪᠤᠯᠳᠠᠭ ᠪᠠᠶᠢᠨ᠎ᠡ᠃

     ᠬᠠᠰᠬᠤᠨ ᠰᠤᠷᠤᠭᠴᠢᠳ ᠲᠠᠭᠠᠨ ᠡᠶᠡᠯᠲᠡᠭ ᠢᠶᠠᠷ ᠬᠠᠨᠳᠤᠵᠦ ᠬᠠᠮᠲᠦ ᠠᠵᠢᠯᠲᠡᠳ ᠲᠠᠭᠠᠨ ᠦᠨᠡᠨᠴᠢ ᠪᠠᠶᠢᠵᠦ᠂

ᠠᠵᠢᠯ ᠳᠠᠭᠠᠨ ᠢᠳᠡᠪᠬᠢ ᠤᠪᠤᠷ ᠢᠶᠠᠷ ᠬᠠᠨᠳᠤᠳᠠᠭ ᠠᠴᠠ ᠲᠡᠭᠦᠨ ᠤ ᠠᠵᠢᠯ ᠢ ᠵᠦᠪᠰᠢᠶᠡᠷᠡᠨ ᠲᠡᠮᠵᠢᠲᠡᠭ ᠬᠦᠮᠦᠨ

ᠴᠦ ᠤᠯᠠᠨ ᠪᠠᠶᠢᠵᠦ ᠲᠠᠷᠡ ᠤᠷᠢᠳ ᠬᠤᠷᠢᠳ ︽ᠲᠤᠮᠳᠠᠲᠦ ᠰᠤᠷᠭᠠᠭᠤᠯᠢ ᠶᠢᠨ ᠦᠨᠳᠦᠷ ᠵᠡᠷᠭᠡ ᠶᠢᠨ ᠪᠠᠭᠰᠢ︾

︽ᠪᠤᠭᠤᠲᠦ ᠬᠤᠲᠡ ᠶᠢᠨ ᠵᠢᠭᠠᠨ ᠰᠤᠷᠭᠠᠯᠲᠡ ᠶᠢᠨ ᠴᠢᠳᠠᠪᠦᠷᠢᠲᠡᠨ︾ ︽ᠪᠤᠭᠤᠲᠦ ᠬᠤᠲᠡ ᠶᠢᠨ ᠰᠢᠯᠢᠲᠡᠭ ᠠᠩᠭᠢ ᠶᠢᠨ

ᠡᠷᠬᠢᠯᠡᠭᠴᠢ︾ ︽ᠪᠤᠭᠤᠲᠦ ᠬᠤᠲᠡ ᠶᠢᠨ ᠰᠤᠷᠭᠠᠨ ᠬᠦᠮᠦᠵᠢᠯ ᠤᠨ ᠠᠵᠢᠯ ᠤᠨ ᠲᠠᠪᠰᠢᠩᠭᠤᠢ ᠬᠤᠪᠢ ᠬᠦᠮᠦᠨ︾

︽ᠪᠤᠭᠤᠲᠦ ᠬᠤᠲᠡ ᠶᠢᠨ ᠲᠠᠪᠰᠢᠩᠭᠤᠢ ᠡᠮᠡᠭᠲᠠᠢ ᠠᠵᠢᠯᠲᠡᠨ︾ ︽ᠲᠠᠷᠬᠠᠨ ᠮᠤᠤᠮᠢᠩᠭᠠᠨ ᠤ ᠰᠢᠯᠢᠲᠡᠭ ᠪᠠᠭᠰᠢ︾

︽ᠲᠠᠷᠬᠠᠨ ᠮᠤᠤᠮᠢᠩᠭᠠᠨ ᠤ ᠮᠤᠩᠭᠤᠯ ᠰᠤᠷᠭᠠᠭᠤᠯᠢ ᠶᠢᠨ ᠬᠢᠴᠢᠶᠡᠯ ᠤᠨ ᠦᠭᠡᠷᠡᠴᠢᠯᠡᠯᠲᠡ ᠶᠢᠨ ᠲᠠᠭᠠᠭᠤᠯᠤᠭᠴᠢ︾

ᠵᠡᠷᠭᠡ ᠢᠷᠡᠭᠤ ᠠᠯᠳᠠᠷ ᠢᠶᠠᠷ ᠡᠩᠭᠡᠷ ᠢᠶᠠᠨ ᠮᠢᠯᠢᠶᠠᠯᠭᠠᠵᠦ᠂ ᠡᠭᠦᠨ ᠢᠶᠠᠷ ᠢᠶᠠᠨ ᠦᠪᠡᠷ ᠤᠨ ᠦᠢᠯᠡᠰ ᠤᠨ

ᠵᠤᠷᠢᠬᠵᠢᠭᠤᠯᠤᠯ ᠠᠵᠢᠯ ᠤᠨ ᠬᠦᠲᠡᠯᠭᠡᠭᠦ ᠬᠦᠴᠦᠨ ᠢᠶᠠᠨ ᠪᠤᠯᠭᠠᠨ ᠪᠠᠭᠰᠢ ᠬᠡᠮᠡᠬᠦ ᠠᠯᠳᠠᠨ ᠶᠠᠨᠳᠠᠷ ᠲᠡᠭᠡᠷ᠎ᠡ ᠦᠪᠡᠷ

 ᠤᠨ ᠬᠡᠷᠡᠯ ᠬᠢᠯᠪᠠᠭ᠎ᠠ ᠪᠠᠨ ᠦᠷᠭᠦᠯᠵᠢᠯᠠᠨ ᠪᠠᠳᠠᠷᠠᠭᠤᠯᠤᠭᠰᠠᠭᠠᠷ ᠁

   

                               ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ

 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号