| ᠰᠤᠷᠪᠤᠯᠵᠢᠯᠬᠠᠴᠢ᠄ ᠯᠤᠩᠳᠠᠨᠬᠤᠸᠠᠷ | | ᠤᠷᠴᠢᠮ ᠤᠨ ᠭᠡᠳᠤᠨ ᠵᠢᠯ ᠳᠤ᠂ ᠮᠠᠨ ᠤ ᠬᠤᠰᠢᠭᠤ ᠪᠠᠷ ᠤᠶᠤᠳᠠᠨ ᠵᠠᠯᠠᠭᠤᠰ ᠦᠪᠡᠷᠳᠡᠭᠡᠨ ᠦᠢᠯᠡᠰ | ᠪᠤᠰᠬᠠᠨ ᠠᠮᠢᠳᠤᠷᠡᠯ ᠢᠶᠠᠨ ᠡᠷᠭᠦᠵᠦ ᠶᠠᠪᠤᠭ᠎ᠠ ᠬᠦᠮᠦᠰ ᠤᠯᠠᠰᠢᠷᠡᠵᠦ᠂ ᠡᠨᠡ ᠤᠯᠠᠨ ᠠᠷᠪᠢᠨ ᠵᠠᠯᠠᠭᠤᠰ ᠤᠨ ᠲᠤᠮᠲᠡ | ᠠᠴᠠ ᠲᠤᠷᠠᠳᠠᠭᠤᠰᠢᠳᠠᠢ ᠨᠢᠭᠡ ᠬᠦᠮᠦᠨ ᠪᠤᠯ ᠲᠠᠷᠤᠢ ᠨᠠᠬᠢᠶ᠎ᠡ ᠶᠤᠮ᠃ | ᠨᠠᠬᠢᠶ᠎ᠡ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠲᠠᠷᠬᠠᠨ ᠰᠤᠮᠤᠨ ᠤ ᠴᠠᠭᠠᠬᠤᠪᠤᠭ᠎ᠠ ᠭᠠᠴᠠᠭ᠎ᠠ | ᠪᠠᠷ ᠨᠤᠳᠤᠬᠳᠠᠢ᠂ 2015 ᠤᠨ ᠳᠤ ᠦᠪᠦᠷ ᠮᠤᠩᠭᠤᠯ ᠤᠨ ᠡᠳ᠋ ᠤᠨ ᠵᠠᠰᠠᠭ ᠤᠨ ᠶᠡᠭᠡ ᠰᠤᠷᠭᠠᠭᠤᠯᠢ ᠶᠢᠨ | ᠠᠷᠡᠯᠵᠢᠶ᠎ᠡ ᠬᠤᠳᠠᠯᠳᠤᠭᠠᠨ ᠤ ᠬᠠᠮᠢᠶᠠᠷᠤᠯᠲᠡ ᠶᠢᠨ ᠲᠡᠭᠡᠲᠦ ᠰᠤᠷᠭᠠᠭᠤᠯᠢ ᠶᠢᠨ ᠬᠦᠮᠦᠨ ᠤ ᠬᠦᠴᠦᠨ ᠤ ᠡᠬᠢ | ᠰᠤᠷᠪᠤᠯᠵᠢ ᠶᠢᠨ ᠬᠠᠮᠢᠶᠠᠷᠤᠯᠲᠡ ᠶᠢᠨ ᠲᠤᠰᠬᠠᠢ ᠮᠡᠷᠭᠡᠵᠢᠯ᠂ ᠡᠳ᠋ ᠤᠨ ᠵᠠᠰᠠᠭ ᠤᠨ ᠰᠤᠳᠤᠯᠭᠠᠨ ᠤ ᠲᠤᠰᠬᠠᠢ ᠮᠡᠷᠭᠡᠵᠢᠯ | ᠤᠨ ᠬᠤᠤᠰ ᠴᠤᠯᠠ ᠪᠠᠷ ᠲᠡᠭᠦᠰᠴᠦ᠂ ᠮᠤᠩᠭᠤᠯ ᠠᠮᠢᠳᠤᠷᠡᠯ᠂ ᠮᠤᠩᠭᠤᠯ ᠰᠤᠶᠤᠯ ᠢᠶᠠᠨ ᠬᠡᠰᠡᠨ ᠰᠡᠳᠬᠢᠯ ᠢᠶᠠᠨ | ᠡᠪᠦᠷᠯᠡᠨ ᠮᠠᠯ ᠤᠨ ᠠᠰᠢᠭ ᠰᠢᠮ᠎ᠡ ᠶᠢᠨ ᠪᠦᠲᠦᠭᠡᠭᠲᠡᠭᠦᠨ ᠢ ᠵᠠᠬ᠎ᠠ ᠲᠡᠯᠭᠡᠭᠦᠷ ᠲᠤ ᠭᠠᠷᠭᠠᠬᠤ ᠪᠠᠷ ᠨᠤᠳᠤᠭ ᠲᠠᠭᠠᠨ | ᠪᠤᠴᠠᠨ ᠢᠷᠡᠵᠦ ᠦᠢᠯᠡᠰ ᠪᠤᠰᠬᠠᠬᠤ ᠵᠠᠮ ᠢᠶᠠᠨ ᠬᠠᠶᠢᠬᠰᠡᠨ ᠨᠢ ᠡᠨᠡ ᠪᠢᠯᠡ᠃ 2011 ᠤᠨ ᠠᠴᠠ ᠲᠠᠷᠬᠠᠨ | ᠰᠤᠮᠤᠨ ᠤ ᠵᠠᠰᠠᠭ ᠤᠨ ᠤᠷᠳᠤᠨ ᠠᠳᠤᠭᠤᠨ ᠤ ᠦᠢᠯᠡᠰ ᠢ ᠶᠡᠭᠡᠪᠡᠷ ᠲᠡᠮᠵᠢᠭᠰᠡᠨ ᠠᠴᠠ ᠨᠠᠬᠢᠶ᠎ᠡ ᠶᠢᠨ ᠬᠢᠨ 2015 | ᠤᠨ ᠳᠤ ︽ᠠᠳᠤᠭᠤᠴᠢᠨ ᠮᠠᠯᠵᠢᠬᠤ ᠲᠠᠷᠢᠶᠠᠯᠠᠬᠤ ᠦᠢᠯᠡᠰ ᠤᠨ ᠲᠤᠰᠬᠠᠢ ᠬᠤᠷᠰᠢᠶᠡᠵᠢᠯ︾ ᠪᠠᠶᠢᠭᠤᠯᠤᠨ᠂ ᠠᠩᠬᠠᠨ | ᠳᠠᠭᠠᠨ ᠬᠦᠲᠡᠭᠡ ᠭᠡᠷ ᠠᠴᠠ ᠪᠠᠨ ᠴᠡᠭᠡ ᠪᠠᠨ ᠰᠢᠭᠤᠳ ᠪᠤᠷᠤᠯᠠᠭᠤᠯᠵᠦ ᠪᠠᠶᠢᠬᠰᠡᠨ ᠪᠤᠯ 2017 ᠤᠨ ᠭᠡᠭᠦ ᠳᠤ | ᠨᠠᠬᠢᠶ᠎ᠡ ᠬᠤᠰᠢᠭᠤᠨ ᠲᠦᠪ ᠪᠠᠳᠤᠬᠠᠭᠠᠯᠭ᠎ᠠ ᠪᠠᠯᠭᠠᠰᠤᠨ ᠤ ᠲᠤᠯᠠᠭᠠᠨ ᠭᠡᠷ ᠰᠠᠭᠤᠭᠠᠯᠢ ᠠᠷᠡᠳ ᠤᠨ ᠲᠤᠭᠤᠷᠢᠭ ᠤᠨ | ᠮᠠᠯᠴᠢᠨ ᠲᠠᠷᠢᠶᠠᠴᠢᠳ ᠤᠨ ᠦᠢᠯᠡᠰ ᠪᠤᠰᠬᠠᠬᠤ ᠰᠠᠭᠤᠷᠢᠨ ᠭᠠᠵᠠᠷ ᠲᠤ ︽ᠲᠠᠷᠬᠠᠨ ᠤᠯᠠᠮᠵᠢᠯᠠᠯᠲᠦ ᠴᠡᠭᠡ ᠵᠠᠰᠠᠯ ᠤᠨ | ᠲᠤᠰᠬᠠᠢ ᠲᠡᠯᠭᠡᠭᠦᠷ︾ ᠢᠶᠠᠨ ᠡᠵᠡᠩᠨᠡᠨ ᠡᠷᠬᠢᠯᠡᠵᠦ᠂ 2018 ᠤᠨ ᠳᠤ᠂ ᠪᠤᠭᠤᠲᠦ ᠬᠤᠲᠡ ᠶᠢᠨ ᠮᠤᠩᠭᠤᠯ ᠬᠢᠲᠡᠳ | ᠡᠮᠨᠡᠯᠭᠡ ᠶᠢᠨ ᠬᠤᠷᠢᠶ᠎ᠡ ᠲᠠᠢ ᠴᠡᠭᠡ ᠬᠠᠩᠭᠠᠬᠤ ᠬᠡᠯᠡᠯᠴᠡᠭᠡᠷ ᠤᠨ ᠬᠡᠷ᠎ᠡ ᠲᠤᠬᠳᠠᠵᠦ᠂ 2018 ᠤᠨ ᠳᠤ ᠲᠡᠯᠭᠡᠭᠦᠷ ᠨᠢ | ᠦᠪᠦᠷ ᠮᠤᠩᠭᠤᠯ ᠤᠨ ᠠᠩᠬᠠᠳᠠᠭᠴᠢ ᠬᠤᠭᠤᠴᠠᠭᠠᠨ ᠤ ︽ᠨᠡᠷ᠎ᠡ ᠠᠯᠳᠠᠷᠲᠦ ᠬᠤᠳᠠᠯᠳᠤᠭᠠᠴᠢᠨ ᠤ ᠸᠢᠴᠠᠲ ᠤᠨ | ᠰᠢᠯᠭᠠᠷᠠᠭᠤᠯᠤᠯᠲᠡ ᠶᠢᠨ ᠤᠷᠤᠯᠳᠤᠭᠠᠨ︾ ᠳᠤ ᠭᠤᠷᠪᠠᠳᠤᠭᠠᠷ ᠲᠡᠰ ᠲᠤ ᠲᠤᠳᠤᠷᠡᠵᠦ᠂ 2019 ᠤᠨ ᠳᠤ᠂ ᠲᠠᠷᠬᠠᠨ | ᠮᠤᠤᠮᠢᠩᠭᠠᠨ ᠬᠤᠯᠪᠤᠭᠠᠲᠦ ᠬᠤᠰᠢᠭᠤᠨ ᠤ ︽ᠭᠠᠷᠮᠠᠭᠠᠢ ᠡᠮᠡᠭᠳᠠᠶᠢᠴᠤᠳ ᠤᠨ ᠦᠢᠯᠡᠰ ᠪᠦᠲᠦᠭᠡᠭᠰᠡᠨ ᠤᠳᠤᠨ︾ ᠤ | ᠢᠷᠡᠭᠤ ᠴᠤᠯᠠ ᠶᠢ ᠬᠦᠷᠲᠡᠭᠰᠡᠨ ᠪᠠᠶᠢᠨ᠎ᠡ᠃ | ᠲᠡᠳᠡᠨ ᠤ ᠴᠡᠭᠡ ᠨᠢ ᠰᠢᠨ᠎ᠡ ᠰᠤᠷᠭᠤᠭ ᠪᠠᠶᠢᠭᠠᠯᠢᠯᠢᠭ ᠦᠨᠤᠷ ᠠᠮᠲᠡ᠂ ᠲᠤᠬᠢᠷᠠᠮᠵᠢᠳᠠᠢ ᠦᠨ᠎ᠡ ᠬᠠᠩᠰᠢ ᠪᠠᠷ | ᠢᠶᠠᠨ ᠤᠷᠤᠨ ᠨᠤᠳᠤᠭ ᠤᠨ ᠬᠡᠷᠡᠭᠯᠡᠭᠴᠢᠳ ᠤᠨ ᠲᠠᠭᠠᠰᠢᠶᠠᠯ ᠬᠦᠷᠢᠶᠡᠯᠡᠯ ᠢ ᠬᠦᠷᠲᠡᠭᠰᠡᠨ ᠢᠶᠠᠷ ᠪᠠᠷᠠᠬᠤ ᠦᠭᠡᠢ | ᠬᠦᠬᠡᠬᠤᠲᠡ᠂ ᠪᠤᠭᠤᠲᠦ᠂ ᠪᠠᠶᠠᠨᠨᠠᠭᠤᠷ᠂ ᠤᠷᠳᠤᠰ᠂ ᠤᠯᠠᠭᠠᠨᠴᠡᠪ ᠵᠡᠷᠭᠡ ᠠᠶᠢᠮᠠᠭ ᠬᠤᠲᠡ ᠳᠤ ᠸᠢᠴᠠᠲ ᠪᠠᠷ ᠰᠢᠭᠤᠳ | ᠪᠤᠷᠤᠯᠠᠭᠤᠯᠵᠦ᠂ ᠵᠢᠯ ᠤᠨ ᠴᠡᠪᠡᠷ ᠤᠷᠤᠯᠭ᠎ᠠ ᠨᠢ 10 ᠲᠦᠮᠡ ᠤᠷᠴᠢᠮ ᠬᠦᠷᠴᠦ ᠪᠠᠶᠢᠭ᠎ᠠ ᠶᠤᠮ᠃ ᠡᠭᠦᠨ ᠤ ᠲᠠᠭᠠᠦ | ᠨᠠᠬᠢᠶ᠎ᠡ ᠪᠠᠰᠡ ᠭᠡᠭᠦᠦ ᠶᠢᠨ ᠰᠦ ᠪᠠᠷ ᠦᠨᠦᠷ ᠤᠬᠢᠶᠠᠯᠭ᠎ᠠ ᠶᠢᠨ ᠰᠠᠪᠤᠩ ᠦᠢᠯᠡᠳᠴᠦ᠂ ᠲᠡᠷᠡ ᠨᠢ ᠨᠡᠮᠡᠯᠲᠡ ᠡᠳ᠋ | ᠤᠷᠤᠭᠤᠯᠤᠭᠰᠡᠨ ᠦᠭᠡᠢ ᠦᠰᠪᠦᠷᠢ ᠶᠢᠨ ᠬᠡᠦᠭᠡᠳ᠂ ᠵᠢᠷᠮᠤᠰᠤᠨ ᠪᠦᠰᠡᠭᠦᠢ ᠰᠢᠭᠤᠳ ᠬᠡᠷᠡᠭᠯᠡᠵᠦ ᠪᠤᠯᠳᠠᠭ᠃ | ᠴᠡᠭᠡ ᠨᠢ ᠴᠢᠰᠤᠨ ᠲᠠᠷᠤᠯᠲᠡ ᠦᠨᠳᠦᠷ᠂ ᠯᠤᠬᠰᠢᠭᠤᠨ ᠰᠤᠲᠡᠯ ᠤᠨ ᠬᠠᠳᠠᠭᠤᠷᠡᠯ᠂ ᠠᠭᠤᠰᠢᠬᠢᠨ ᠰᠦᠷᠢᠶ᠎ᠡ᠂ | ᠬᠤᠳᠤᠭᠤᠲᠦ ᠬᠡᠲᠡᠰᠦᠨ ᠤ ᠪᠤᠷᠦ᠂ ᠰᠢᠬᠢᠷ ᠰᠢᠵᠢᠩ᠂ ᠪᠠᠮ᠂ ᠠᠭᠤᠰᠬᠢᠨ ᠤ ᠬᠠᠪᠤᠩ ᠵᠡᠷᠭᠡ ᠳᠤ ᠮᠡᠲᠡᠭᠲᠡᠮ᠎ᠡ ᠲᠤᠰᠠᠳᠠᠢ | ᠪᠦᠭᠡᠳ ᠡᠮ ᠤᠨ ᠬᠤᠤᠷ ᠢ ᠲᠠᠶᠢᠯᠠᠬᠤ᠂ ᠰᠢᠨ᠎ᠡ ᠬᠠᠭᠤᠴᠢᠨ ᠤ ᠰᠤᠯᠢᠯᠴᠠᠭ᠎ᠠ ᠶᠢ ᠲᠦᠷᠭᠡᠳᠭᠡᠬᠦ᠂ ᠬᠦᠮᠦᠨ ᠤ | ᠬᠦᠴᠦᠨ ᠤ ᠪᠡᠶ᠎ᠡ ᠳᠤ ᠤᠯᠠᠨ ᠲᠦᠷᠦᠯ ᠤᠨ ᠰᠢᠮ᠎ᠡ ᠲᠡᠵᠢᠭᠡᠯ ᠬᠠᠩᠭᠠᠬᠤ ᠠᠴᠠ ᠭᠠᠳᠠᠨ᠎ᠡ᠂ ᠴᠡᠭᠡ ᠨᠢ ᠮᠡᠲᠡᠷᠡᠯ | ᠮᠠᠭᠤᠳᠠᠬᠤ᠂ ᠨᠤᠶᠢᠷ ᠬᠤᠯᠵᠢᠬᠤ᠂ ᠠᠬᠰᠠᠭᠠ ᠡᠪᠡᠳᠴᠢᠨ᠂ ᠦᠶ᠎ᠡ ᠬᠡᠰᠢᠭᠦᠨ ᠤ ᠰᠢᠷ᠎ᠡ ᠤᠰᠤᠨ ᠤ ᠡᠪᠡᠳᠴᠢᠨ ᠵᠡᠷᠭᠡ | ᠶᠢ ᠵᠠᠰᠠᠬᠤ ᠳᠤ ᠡᠮᠴᠢᠯᠡᠭᠡᠨ ᠤ ᠠᠴᠢ ᠲᠤᠰᠠᠳᠠᠢ᠂ ᠢᠯᠠᠩᠭᠤᠶ᠎ᠡ ᠴᠡᠭᠡ ᠶᠢ ᠤᠷᠲᠦ ᠬᠤᠭᠤᠴᠠᠭ᠎ᠠ ᠪᠠᠷ ᠤᠤᠭᠤᠪᠡᠯ | ᠪᠠᠭ᠋ᠤᠤ ᠡᠪᠡᠳᠴᠢᠨ ᠠᠷᠢᠯᠳᠠᠭ᠃ | ᠨᠠᠬᠢᠶ᠎ᠡ ᠡᠨᠡ ᠵᠢᠯ ᠤᠨ ᠨᠠᠢᠮᠠᠨ ᠰᠡᠷ᠎ᠡ ᠳᠤ᠂ ᠠᠩᠬᠠᠳᠠᠬᠴᠢ ᠬᠤᠭᠤᠴᠠᠭᠠᠨ ᠤ ︽ᠨᠢᠭᠡ ᠪᠦᠰᠡ ᠨᠢᠭᠡ ᠵᠠᠮ︾ ᠤᠨ | ᠴᠡᠭᠡ ᠠᠶᠢᠷᠠᠭ ᠤᠨ ᠲᠤᠰᠬᠠᠢ ᠰᠤᠳᠤᠯᠤᠨ ᠶᠠᠷᠢᠯᠴᠠᠬᠤ ᠰᠤᠯᠢᠯᠴᠠᠭᠠᠨ ᠤ ᠬᠤᠷᠡᠯ ᠳᠤ ᠤᠷᠤᠯᠴᠠᠵᠦ᠂ ᠮᠡᠲᠡᠯᠭᠡ ᠪᠠᠨ | ᠬᠤᠷᠠᠮᠳᠤᠭᠤᠯᠤᠨ᠂ ᠭᠠᠵᠠᠷ ᠭᠠᠵᠠᠷ ᠤᠨ ᠠᠷᠭ᠎ᠠ ᠤᠬᠠᠭᠠᠨ᠂ ᠲᠤᠷᠰᠢᠯᠭ᠎ᠠ ᠮᠡᠷᠭᠡᠵᠢᠯ ᠢ ᠰᠤᠷᠤᠯᠴᠠᠵᠦ᠂ ᠲᠠᠷᠠᠭ᠎ᠠ | ᠠᠯᠬᠤᠮ ᠳᠤ᠂ ᠨᠠᠬᠢᠶ᠎ᠡ ᠨᠤᠳᠤᠭ ᠤᠨ ᠡᠬᠢ ᠪᠠᠶᠠᠯᠢᠭ ᠳᠠᠭᠠᠨ ᠲᠦᠰᠢᠭᠯᠡᠨ᠂ ᠬᠤᠷᠰᠢᠶᠠᠵᠢᠯ ᠤᠨ ᠡᠩᠨᠡᠭᠡ ᠪᠠᠨ | ᠲᠡᠭᠦᠯᠳᠡᠷᠵᠢᠭᠦᠯᠵᠦ᠂ ᠬᠦᠷᠦᠯᠴᠠᠬᠦ ᠦᠭᠡᠢ ᠲᠡᠯ᠎ᠡ ᠪᠠᠨ ᠨᠦᠬᠦᠪᠦᠷᠢᠯᠡᠨ᠂ ᠴᠡᠭᠡ ᠶᠢᠨ ᠴᠢᠨᠠᠷ ᠴᠢᠨᠰᠠᠭ᠎ᠠ ᠶᠢ ᠪᠠᠳᠤᠯᠠᠬᠤ | ᠶᠢᠨ ᠵᠡᠷᠭᠡᠪᠡᠷ ᠲᠤᠰᠬᠠᠢ ᠡᠵᠡᠩᠨᠡᠯᠲᠡ ᠶᠢᠨ ᠴᠢᠳᠠᠪᠦᠷᠢ ᠪᠠᠨ ᠲᠡᠭᠡᠭᠰᠢᠯᠡᠭᠦᠯᠵᠦ᠂ ᠪᠦᠲᠦᠭᠡᠭᠲᠡᠭᠦᠨ ᠤ ᠪᠤᠷᠤᠯᠠᠭᠤᠯᠭ᠎ᠠ | ᠪᠠᠨ ᠦᠷᠭᠡᠳᠭᠡᠬᠦ ᠪᠠᠷ ᠪᠠᠶᠢᠨ᠎ᠡ᠃ | ᠨᠠᠬᠢᠶ᠎ᠡ ᠴᠡᠭᠡ ᠵᠠᠰᠠᠯ ᠤᠨ ᠲᠡᠯᠭᠡᠭᠦᠷ ᠢᠶᠠᠨ ᠡᠵᠡᠩᠨᠡᠬᠦ ᠶᠢᠨ ᠲᠠᠭᠠᠦ ᠠᠯᠪᠠᠲᠡᠨ ᠪᠤᠶᠦ ᠠᠵᠢᠯ ᠦᠢᠯᠡᠰ ᠤᠨ | ᠨᠢᠭᠡᠴᠡ ᠶᠢᠨ ᠰᠢᠯᠭᠠᠯᠲᠡ ᠳᠤ ᠰᠢᠯᠭᠠᠭᠤᠯᠬᠤ ᠪᠠᠷ ᠴᠢᠷᠮᠠᠶᠢᠨ ᠰᠤᠷᠤᠯᠴᠠᠵᠦ᠂ ᠲᠡᠭᠦᠨ ᠤ ᠨᠤᠳᠤᠭ ᠤᠰᠤ ᠪᠠᠨ ᠬᠡᠰᠡᠨ | ᠨᠠᠨᠳᠢᠨ ᠰᠠᠶᠢᠬᠠᠨ ᠰᠡᠳᠬᠢᠯ᠂ ᠤᠯᠠᠮᠵᠢᠯᠠᠯᠲᠦ ᠦᠨᠳᠦᠰᠦᠲᠡᠨ ᠤ ᠴᠡᠭᠡ ᠶᠢᠨ ᠦᠢᠯᠡᠰ ᠢ ᠬᠦᠭᠵᠢᠭᠦᠯᠦᠨ ᠪᠠᠳᠠᠷᠠᠭᠤᠯᠬᠤ | ᠬᠦᠰᠡᠯ ᠮᠦᠷᠦᠭᠡᠳᠤᠯᠲᠦ ᠠᠵᠦ ᠦᠢᠯᠡᠰ ᠤᠨ ᠬᠢᠨᠢ ᠲᠤᠷᠭᠠᠨ ᠵᠠᠮ ᠦᠭᠡᠳᠡᠯᠡᠨ ᠲᠡᠪᠰᠢᠬᠤ ᠨᠢ ᠯᠠᠪᠳᠠᠢ ᠶᠤᠮ᠃ | | ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ |