ᠰᠤᠷᠤᠭᠴᠢ ᠨᠦᠭᠦᠳ ᠤᠨ ᠢᠶᠠᠨ ᠰᠡᠳᠬᠢᠯ ᠤᠨ ᠨᠠᠷᠡ  ᠰᠤᠶᠤᠯ ᠬᠡᠬᠡᠷᠡᠯ ᠤᠨ ᠬᠢᠨᠢ ᠲᠤᠷᠭᠠᠨ ᠵᠢᠯᠤᠭᠤ —— ᠵᠧᠦ ᠢᠥᠢ ᠷᠦᠩ ᠪᠠᠭᠰᠢ ᠶᠢᠨ ᠰᠤᠷᠪᠤᠯᠵᠢᠯᠠᠭ᠎ᠠ
ᠨᠡᠶᠢᠲᠡᠯᠡᠭᠰᠡᠨ ᠴᠠᠭ᠄
2019-10-28
     ︽ᠬᠡᠦᠭᠡᠳ ᠤᠨ ᠠᠩᠭᠢ ᠶᠢᠨ ᠡᠷᠬᠢᠯᠡᠭᠴᠢ ᠨᠢ ᠵᠧᠦ ᠪᠠᠭᠰᠢ᠂ ᠶᠤᠰᠤᠳᠠᠢ ᠰᠠᠶᠢᠨ ᠪᠠᠭᠰᠢ ᠳ᠋ᠠ᠂ ᠰᠤᠷᠤᠭᠴᠢᠳ  ᠢᠶᠠᠨ ᠴᠢᠩᠭ᠎ᠠ ᠱᠠᠭᠠᠷᠳᠠᠳᠠᠭ᠂ ᠠᠵᠢᠯ ᠳᠠᠭᠠᠨ ᠬᠠᠷᠢᠭᠤᠴᠠᠯᠭ᠎ᠠ ᠲᠠᠢ︾ ᠭᠡᠵᠦ ᠭᠡᠷ ᠤᠨ ᠠᠬᠠᠮᠠᠳ ᠬᠤᠭᠤᠷᠤᠨᠲᠦ ᠪᠠᠨ ᠶᠠᠷᠢᠯᠳᠤᠨ᠎ᠡ᠂ ᠭᠡᠦᠭᠡᠳ ᠢᠶᠠᠨ ᠰᠠᠶᠢᠨ ᠰᠤᠷᠭᠠᠭᠤᠯᠢ ᠳᠤ ᠦᠭᠴᠦ ᠰᠠᠶᠢᠨ ᠪᠠᠭᠰᠢ ᠳᠤ ᠲᠤᠰᠢᠶᠠᠬᠤ ᠨᠢ ᠠᠪᠤ ᠠᠵᠢ ᠪᠤᠯᠤᠭᠰᠡᠳ ᠤᠨ ᠬᠠᠮᠤᠭ ᠠᠴᠠ ᠬᠦᠰᠡᠨ ᠰᠠᠨᠠᠭᠠᠰᠢᠷᠠᠳᠠᠭ ᠵᠦᠢᠯ ᠶᠤᠮ ᠡ᠃      ᠦᠨᠳᠦᠰᠦᠲᠡᠨ ᠤ ᠰᠤᠷᠭᠠᠨ ᠬᠦᠮᠦᠵᠢᠯ ᠤᠨ ᠭᠤᠯᠤᠮᠲᠡ ᠪᠤᠯᠤᠭᠰᠡᠨ ᠲᠠᠷᠬᠠᠨ ᠮᠤᠤᠮᠢᠩᠭᠠᠨ ᠤ ᠮᠤᠩᠭᠤᠯ ᠰᠤᠷᠭᠠᠭᠤᠯᠢ ᠶᠢᠨ ᠵᠧᠦ ᠢᠦᠢ ᠷᠦᠩ ᠪᠠᠭᠰᠢ ᠭᠡᠵᠦ ᠬᠤᠯᠠ ᠤᠶᠢᠷ᠎ᠡ ᠪᠠᠨ ᠠᠯᠳᠠᠷᠲᠠᠢ ᠬᠤᠳᠠᠯᠠ ᠤᠯᠠᠨ ᠳᠠᠭᠠᠨ ᠬᠦᠷᠢᠶᠠᠯᠠᠯ ᠲᠠᠢ ᠰᠠᠶᠢᠨ ᠪᠠᠭᠰᠢ ᠶᠤᠮ᠃      ᠵᠧᠦ ᠢᠦᠢ ᠷᠦᠩ ᠪᠠᠭᠰᠢ ᠲᠦᠩᠯᠢᠶᠤᠤ ᠬᠤᠲᠡ ᠶᠢᠨ ᠬᠤᠷᠴᠢᠨ ᠵᠡᠭᠦᠨ ᠭᠠᠷᠤᠨ ᠲᠤᠮᠳᠠᠲᠦ ᠬᠤᠰᠢᠭᠤ ᠪᠠᠷ ᠨᠤᠳᠤᠭᠲᠠᠢ᠃ 2005 ᠤᠨ ᠳᠤ ᠪᠠᠭᠰᠢ ᠶᠢᠨ ᠶᠡᠭᠡ ᠰᠤᠷᠭᠠᠭᠤᠯᠢ ᠶᠢᠨ ᠬᠢᠲᠡᠳ ᠮᠤᠩᠭᠤᠯ ᠬᠤᠤᠰ ᠬᠡᠯᠡᠨ ᠤ ᠲᠤᠰᠬᠠᠢ ᠮᠡᠷᠭᠡᠵᠢᠯ ᠰᠤᠷᠴᠦ ᠰᠢᠯᠢᠲᠡᠭ ᠪᠦᠲᠦᠮᠵᠢ ᠪᠠᠷ ᠰᠤᠷᠭᠠᠭᠤᠯᠢ ᠪᠠᠨ ᠲᠡᠭᠦᠰᠦᠭᠡᠳ᠂ ᠲᠤᠰ ᠵᠢᠯ ᠳᠡᠭᠡᠨ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠮᠤᠩᠭᠤᠯ ᠰᠤᠷᠭᠠᠭᠤᠯᠢ ᠳᠤ ᠰᠢᠯᠭᠠᠨ ᠢᠷᠡᠵᠦ᠂ ᠠᠩᠬ᠎ᠠ ᠲᠤᠮᠳᠠᠲᠦ ᠶᠢᠨ ᠬᠢᠲᠡᠳ ᠬᠡᠯᠡᠨ ᠤ ᠪᠠᠭᠰᠢ ᠪᠠᠷ ᠠᠵᠢᠯ ᠤᠨ ᠭᠠᠷᠤᠭ᠎ᠠ ᠪᠠᠨ ᠡᠬᠢᠯᠡᠵᠦ᠂ ᠠᠩᠭᠢ ᠶᠢᠨ ᠡᠷᠬᠢᠯᠡᠭᠴᠢ ᠶᠢᠨ ᠠᠵᠢᠯ ᠢ ᠵᠡᠷᠭᠡ ᠪᠠᠷ ᠲᠠᠭᠠᠭᠠᠴᠢᠯᠡᠨ ᠬᠠᠷᠢᠭᠤᠴᠠᠵᠦ᠂ ᠠᠷᠡᠳ ᠤᠨ ᠪᠠᠭᠰᠢ ᠶᠢᠨ ᠠᠯᠳᠠᠨ ᠲᠠᠶᠢᠰᠠᠨ ᠲᠡᠭᠡᠷ᠎ᠡ 15 ᠵᠢᠯ  ᠤᠨ ᠬᠠᠪᠤᠷ ᠨᠠᠮᠤᠷ ᠢ ᠲᠤᠭᠤᠯᠵᠦ ᠢᠷᠡᠯ᠎ᠡ᠃      ᠡᠲᠡᠭᠡᠷ ᠵᠢᠯ ᠤᠳ ᠲᠤ᠂ ᠵᠧᠦ ᠢᠦᠢ ᠷᠦᠩ ᠪᠠᠭᠰᠢ ᠤᠷᠢᠳ ᠬᠤᠵᠢᠳ ᠬᠤᠲᠡ ᠶᠢᠨ ᠲᠡᠰ ᠤᠨ ᠰᠢᠯᠢᠲᠡᠭ ᠪᠠᠭᠰᠢ᠂ ᠬᠤᠲᠡ ᠶᠢᠨ ᠲᠡᠰ ᠤᠨ ᠬᠦᠲᠡᠯᠮᠦᠷᠢ ᠶᠢᠨ ᠵᠢᠱᠢᠶᠠᠴᠢ ᠵᠡᠷᠭᠡ ᠤᠯᠠᠨ ᠮᠠᠬᠳᠠᠭᠠᠯ ᠰᠠᠶᠢᠰᠢᠶᠠᠯ ᠢ ᠬᠦᠷᠲᠡᠵᠦ᠂ ᠲᠠᠭᠠᠭᠤᠯᠵᠦ ᠪᠠᠶᠢᠬᠰᠡᠨ ᠠᠩᠭᠢ ᠨᠢᠭᠡᠴᠡ ᠨᠢ ᠬᠤᠲᠡ ᠶᠢᠨ ᠲᠡᠰ ᠤᠨ ᠲᠡᠷᠢᠭᠦᠨ ᠤ ᠨᠢᠭᠡᠴᠡ ᠪᠠᠷ ᠦᠨᠡᠯᠡᠭᠲᠡᠵᠦ ᠪᠠᠶᠢᠬᠰᠡᠨ ᠪᠠᠶᠢᠨ᠎ᠡ᠃      ᠰᠤᠷᠪᠤᠯᠵᠢᠯᠠᠭ᠎ᠠ ᠲᠤᠮᠲᠡ ᠵᠧᠦ ᠢᠦᠢ ᠷᠦᠩ ᠪᠠᠭᠰᠢ᠄ ︽ᠦᠩᠭᠡᠷᠡᠭᠰᠡᠨ ᠴᠠᠭ ᠮᠦᠴᠡ ᠪᠠᠨ ᠡᠷᠬᠢᠨ ᠬᠠᠷᠠᠬᠤ  ᠳᠤ᠂ ᠠᠮᠵᠢᠯᠲᠡ ᠤᠯᠤᠭᠰᠡᠨ᠂ ᠢᠯᠠᠭᠲᠡᠯ ᠢ ᠠᠮᠰᠠᠭᠰᠡᠨ᠂ ᠪᠠᠶᠠᠷ ᠪᠠᠶᠠᠰᠤᠯ ᠲᠠᠢ ᠴᠦ ᠪᠠᠶᠢᠬᠰᠡᠨ᠂ ᠬᠦᠴᠢᠷ ᠪᠡᠷᠭᠡᠰᠢᠶᠠᠯ  ᠢ ᠴᠦ ᠲᠠᠪᠠᠭᠰᠡᠨ᠃ ᠤᠨ ᠵᠢᠯ ᠤᠨ ᠬᠤᠷᠠᠮᠳᠤᠯᠭ᠎ᠠ ᠨᠢ ᠨᠠᠳᠠ ᠳᠤ ᠨᠡᠩ ᠤᠯᠠᠨ ᠨᠤᠮ ᠵᠢᠭᠠᠵᠦ ᠰᠤᠷᠤᠭᠴᠢ ᠬᠦᠮᠦᠵᠢᠭᠦᠯᠬᠦ ᠶᠤᠰᠤ ᠤᠴᠢᠷ ᠢ ᠮᠡᠲᠡᠭᠦᠯᠵᠦ᠂ ᠬᠡᠷᠬᠢᠨ ᠨᠢᠭᠡᠨ ᠬᠢᠷᠢ ᠲᠡᠩᠴᠡᠭᠰᠡᠨ ᠪᠠᠭᠰᠢ ᠪᠤᠯᠬᠤ ᠤᠬᠠᠭᠠᠨ ᠢ ᠤᠶᠢᠯᠠᠭᠠᠭᠤᠯᠤᠭᠰᠡᠨ ᠪᠠᠶᠢᠨ᠎ᠡ᠃ ᠠᠯᠳᠠᠭ ᠤᠨᠤᠭ ᠲᠠᠢ ᠤᠨ ᠵᠢᠯ ᠤᠳ ᠲᠤ᠂ ᠬᠠᠵᠠᠭᠤ ᠬᠠᠪᠢ ᠪᠠᠷ ᠨᠢᠭᠡ ᠪᠦᠯᠦᠭ ᠪᠠᠭᠰᠢ ᠶᠢᠨ ᠠᠵᠢᠯ ᠳᠤ ᠪᠠᠨ ᠬᠠᠶᠢᠷᠠᠳᠠᠢ᠂ ᠦᠯᠢᠭᠡᠷ ᠲᠠᠭᠤᠷᠢᠶᠠᠯ ᠪᠤᠯᠬᠤᠶᠢᠴᠡ ᠪᠠᠭᠰᠢᠨᠠᠷ ᠨᠠᠳᠠ ᠳᠤ ᠰᠤᠷᠭᠠᠨ ᠬᠦᠮᠦᠵᠢᠯ ᠪᠤᠯ ᠨᠢᠭᠡᠨ ᠬᠠᠶᠢᠷ᠎ᠡ ᠶᠢᠨ ᠦᠢᠯᠡᠰ᠂ ᠦᠪᠡᠷᠮᠢᠴᠡ ᠰᠢᠨᠵᠢ ᠨᠢ ᠤᠯᠠᠨ ᠶᠠᠩᠵᠤᠳᠠᠢ᠂ ᠰᠤᠷᠤᠭᠴᠢᠳ ᠪᠢᠲᠡᠨ  ᠳᠤ ᠰᠤᠷᠭᠠᠨ ᠬᠦᠮᠦᠵᠢᠯ ᠤᠨ ᠲᠤᠬᠠᠢ ᠬᠦᠨᠵᠡᠭᠡᠶᠢᠷᠡᠭᠦᠯᠵᠦ ᠤᠶᠢᠯᠠᠭᠠᠭᠤᠯᠤᠭᠰᠡᠨ ᠪᠦᠭᠡᠳ ᠬᠡᠦᠭᠡᠳ ᠤᠨ ᠬᠦᠮᠦᠵᠢᠯ  ᠤᠨ ᠲᠤᠬᠠᠢ ᠬᠦᠨ ᠬᠦᠨᠵᠡᠭᠡᠢ ᠠᠴᠢ ᠬᠤᠯᠪᠤᠭᠳᠡᠯ ᠢ ᠲᠠᠨᠢᠭᠤᠯᠤᠭᠰᠡᠨ ᠶᠤᠮ︾ ᠬᠡᠨ᠎ᠡ᠃      ᠠᠩᠬ᠎ᠠ ᠲᠤᠮᠳᠠᠲᠦ ᠶᠢᠨ ᠱᠠᠳᠤ ᠪᠤᠯ ᠬᠡᠦᠭᠡᠳ ᠤᠨ ᠬᠦᠮᠦᠵᠢᠯ ᠤᠨ ᠲᠤᠶᠢᠯ ᠤᠨ ᠴᠢᠬᠤᠯᠠ ᠵᠠᠩᠬᠢᠯᠭ᠎ᠠ ᠶᠢᠨ ᠭᠤᠬᠴᠤᠭ᠎ᠠ ᠪᠤᠯᠬᠤ ᠶᠤᠮ᠃ ᠰᠤᠷᠤᠭᠴᠢᠳ ᠶᠠᠭ ᠰᠠᠶ᠋ᠢᠬᠠᠨ ᠬᠡᠦᠭᠡᠳ ᠨᠠᠰᠤᠨ ᠠᠴᠠ ᠪᠠᠨ ᠤᠷᠢ ᠵᠠᠯᠠᠭᠤ ᠨᠠᠰᠤᠨ ᠳᠤ ᠰᠢᠯᠵᠢᠬᠦ ᠪᠡᠶ᠎ᠡ ᠰᠡᠳᠬᠢᠴᠡ ᠶᠢᠨ ᠪᠤᠶᠢᠵᠢᠯᠲᠡ ᠠᠴᠠ ᠦᠰᠢᠨ ᠡᠰᠡᠷᠭᠦᠴᠡᠯᠳᠤᠬᠦ ᠰᠦᠷᠭᠡᠦ ᠰᠡᠳᠬᠢᠴᠡ ᠪᠤᠢ ᠪᠤᠯᠵᠦ᠂ ᠭᠡᠷ ᠤᠨ ᠠᠬᠠᠮᠠᠳ ᠤᠨ ᠲᠤᠯᠤᠭᠠᠢ ᠶᠢ ᠡᠪᠡᠳᠭᠡᠵᠦ᠂ ᠪᠠᠭᠰᠢ ᠶᠢᠨ ᠰᠡᠳᠬᠢᠯ ᠢ ᠵᠦᠲᠡᠭᠡᠲᠡᠭ᠂ ᠡᠨᠡ ᠦᠶᠡᠰ ᠵᠧᠦ ᠢᠦᠢ ᠷᠦᠩ ᠪᠠᠭᠰᠢ ᠦᠪᠡᠷ ᠲᠤᠨᠢ ᠵᠤᠬᠢᠴᠠᠭᠰᠡᠨ ᠵᠦᠪ ᠵᠢᠯᠤᠭᠤᠳᠤᠯᠭ᠎ᠠ ᠬᠢᠵᠦ᠂ ᠠᠩᠬᠢ ᠶᠢᠨ ᠡᠷᠬᠢᠯᠡᠭᠴᠢ ᠶᠢᠨ ᠠᠵᠢᠯ ᠢ ᠬᠠᠷᠢᠭᠤᠴᠠᠵᠦ ᠬᠢᠭᠰᠡᠨ ᠴᠠᠭ ᠠᠴᠠ ᠪᠠᠨ ᠡᠬᠢᠯᠡᠨ ᠰᠤᠷᠤᠭᠴᠢᠳ ᠤᠨ ᠢᠶᠠᠨ ᠦᠷᠯᠦᠭᠡ ᠶᠢᠨ ᠲᠠᠮᠢᠷ ᠠᠴᠠ ᠡᠬᠢᠯᠡᠭᠡᠳ ᠦᠳᠡᠰᠢ ᠲᠠᠪᠳᠠᠯᠭ᠎ᠠ ᠪᠠᠭᠤᠳᠠᠯ᠎ᠡ ᠲᠠᠭᠠᠵᠦ᠂ ᠰᠤᠷᠤᠭᠴᠢᠳ ᠤᠨ ᠠᠮᠢᠳᠤᠷᠡᠯ ᠰᠤᠷᠤᠯᠭ᠎ᠠ ᠠᠭᠠᠰᠢ ᠵᠠᠩ ᠠᠴᠠ ᠨᠢ ᠤᠶᠢᠯᠠᠭᠠᠵᠦ᠂ ᠦᠪᠡᠷ ᠲᠤᠨᠢ ᠵᠤᠬᠢᠴᠠᠭᠰᠡᠨ ᠵᠢᠭᠠᠨ ᠵᠢᠯᠤᠭᠤᠳᠤᠯᠭ᠎ᠠ ᠬᠢᠵᠦ᠂ ᠰᠤᠷᠭᠠᠭᠤᠯᠢ ᠡᠬᠢᠯᠡᠭᠰᠡᠭᠡᠷ ᠬᠤᠶᠠᠷ ᠦᠵᠦᠭᠦᠷ ᠤᠨ ᠨᠠᠷᠡ ᠶᠢ ᠭᠡᠷ ᠲᠡᠭᠡᠨ ᠦᠩᠭᠡᠷᠡᠭᠰᠡᠨ ᠤᠳᠠᠭ᠎ᠠ ᠦᠭᠡᠢ ᠬᠡᠨ᠎ᠡ᠃ ᠵᠧᠦ ᠪᠠᠭᠰᠢ ᠰᠤᠷᠤᠭᠴᠢᠳ ᠲᠠᠢ  ᠪᠠᠨ ᠬᠢᠴᠢᠶᠡᠯ ᠤᠨ ᠵᠠᠪᠰᠠᠷᠯᠠᠭ᠎ᠠ ᠪᠠᠷ ᠤᠶᠢᠷᠡᠳᠴᠦ ᠤᠶᠢᠯᠠᠭᠠᠯᠴᠠᠨ᠂ ᠭᠡᠷ ᠤᠨ ᠠᠬᠠᠮᠠᠳ ᠲᠠᠢ ᠬᠠᠷᠢᠴᠡᠨ᠂ ᠪᠠᠭᠰᠢ ᠭᠡᠷ  ᠤᠨ ᠠᠬᠠᠮᠠᠳ ᠬᠠᠮᠳᠤᠷᠠᠯᠴᠠᠨ᠂ ᠰᠤᠷᠤᠭᠴᠢᠳ ᠤᠨ ᠢᠶᠠᠨ ᠪᠡᠶ᠎ᠡ ᠰᠡᠳᠬᠢᠴᠡ ᠶᠢᠨ ᠪᠠᠶᠢᠲᠡᠯ ᠢ ᠴᠠᠭ ᠢᠮᠠᠬᠲᠡ ᠠᠩᠬᠠᠷᠤᠨ᠂ ᠴᠠᠭ ᠤᠨ ᠠᠰᠠᠭᠤᠳᠡᠯ ᠢ ᠴᠠᠭ ᠲᠤ ᠨᠢ ᠰᠢᠢᠳᠪᠦᠷᠢᠯᠡᠬᠦ ᠮᠠᠶ᠋ᠢᠭ ᠢᠶᠠᠷ ᠦᠰᠪᠦᠷᠢ ᠶᠢᠨ ᠬᠡᠦᠭᠡᠳ ᠤᠨ ᠢᠷᠡᠭᠡᠳᠤᠢ ᠳᠤ ᠬᠠᠷᠢᠭᠤᠴᠠᠬᠤ ᠪᠤᠯ ᠪᠠᠭᠰᠢ ᠪᠤᠯᠤᠭᠰᠡᠳ ᠤᠨ ᠲᠠᠷᠬᠠᠨ ᠬᠠᠷᠢᠭᠤᠴᠠᠯᠭ᠎ᠠ ᠭᠡᠵᠦ ᠦᠪᠡᠷ ᠢ ᠪᠠᠨ ᠴᠢᠩᠭ᠎ᠠ ᠱᠠᠭᠠᠷᠳᠠᠵᠦ ᠬᠢᠭᠰᠡᠨ ᠴᠢᠷᠮᠠᠶᠢᠯᠭ᠎ᠠ ᠲᠠᠢ ᠰᠠᠶᠢᠨ ᠪᠠᠭᠰᠢ ᠬᠡᠲᠡᠭ ᠨᠢ ᠲᠡᠭᠦᠨ ᠤ ᠶᠡᠷᠢᠶ᠎ᠡ ᠬᠦᠭᠡᠷᠤᠭᠡ ᠠᠴᠠ ᠢᠯᠡᠭᠡᠨ ᠦᠵᠡᠭᠲᠡᠬᠦ ᠶᠤᠮ᠃      ᠲᠡᠶᠢᠮᠦ ᠯᠡ ᠳ᠋ᠠ᠂ ᠪᠠᠭᠰᠢ ᠬᠡᠵᠦ ᠲᠡᠷᠡᠭᠦ ᠬᠡᠷᠡᠯᠲᠦ ᠴᠠᠮᠬᠠᠭ ᠠᠳᠠᠯᠢ᠂ ᠰᠤᠷᠤᠭᠴᠢ ᠶᠢᠨ ᠦᠰᠬᠦ ᠨᠠᠰᠤᠨ ᠳᠤᠨᠢ ᠵᠠᠮᠴᠢᠯᠠᠬᠴᠢ ᠪᠤᠯᠵᠦ᠂ ᠬᠦᠮᠦᠨ ᠪᠤᠯᠬᠤ ᠤᠬᠠᠭᠠᠨ ᠢ ᠮᠡᠲᠡᠭᠦᠯᠲᠡᠭ᠃ ᠪᠠᠭᠰᠢ ᠬᠡᠭᠴᠢ ᠦᠩᠭᠡᠲᠦ ᠪᠢᠷ ᠠᠳᠠᠯᠢ᠂ ᠠᠮᠢᠳᠤᠷᠡᠯ ᠤᠨ ᠵᠠᠮ ᠢ ᠨᠢ ᠦᠩᠭᠡᠯᠡᠵᠦ᠂ ᠤᠬᠠᠭᠠᠨ ᠮᠡᠲᠡᠯᠭᠡ ᠪᠠᠷ ᠲᠤᠳᠤᠭᠠᠲᠦ ᠰᠡᠳᠬᠢᠯ ᠢ ᠨᠢ ᠴᠢᠮᠡᠲᠡᠭ᠃ ᠪᠠᠭᠰᠢ ᠬᠡᠭᠴᠢ ᠯᠡ ᠠᠳᠠᠯᠢ᠂ ᠦᠪᠡᠷ ᠢ ᠪᠠᠨ ᠵᠤᠷᠢᠭᠤᠯᠵᠦ᠂ ᠢᠷᠡᠭᠡᠳᠤᠢ ᠶᠢᠨ ᠤᠷᠤᠭᠰᠢᠯᠠᠬᠤ ᠵᠠᠮ ᠢ ᠨᠢ ᠬᠡᠷᠡᠯᠳᠤᠭᠦᠯᠵᠦ ᠶᠠᠪᠤᠳᠠᠭ ᠡᠶᠢᠮᠦ ᠯᠡ ᠵᠢᠷ ᠤᠨ ᠨᠢᠭᠡᠨ ᠬᠦᠮᠦᠰ ᠶᠤᠮ ᠳ᠋ᠠ᠃                                                                ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号