ᠮᠤᠩᠭᠤᠯᠵᠢᠨ ᠭᠤᠸ᠎ᠠ ᠪᠦᠰᠡᠭᠦᠶᠢᠴᠤᠤᠯ ᠤᠨ ᠤᠶᠤᠳᠡᠯ ᠰᠤᠷᠬᠤ ᠮᠦᠷᠦᠭᠡᠳᠤᠯ
ᠨᠡᠶᠢᠲᠡᠯᠡᠭᠰᠡᠨ ᠴᠠᠭ᠄
2019-10-22
                                          ᠰᠤᠷᠪᠤᠯᠵᠢᠯᠠᠬᠴᠢ᠄ ᠤᠶᠠᠬᠠᠨ    ᠪᠠᠳᠠᠷᠠᠬᠤ      ᠮᠠᠨ ᠤ ᠬᠤᠰᠢᠭᠤᠨ ᠤ ᠦᠨᠳᠦᠰᠦᠲᠡᠨ ᠤ ᠭᠠᠷ ᠤᠷᠠᠯᠠᠯ ᠤᠨ ᠲᠠᠪᠤᠨ ᠵᠦᠢᠯ ᠤᠨ ᠤᠷ᠎ᠡ ᠮᠡᠷᠭᠡᠵᠢᠯ ᠤᠨ ᠪᠤᠯᠪᠠᠰᠤᠷᠡᠯ ᠤᠨ ᠬᠤᠪᠴᠠᠰᠦ ᠵᠠᠬᠪᠦᠷ ᠤᠨ ᠪᠤᠯᠪᠠᠰᠤᠷᠡᠯ ᠤᠨ ᠠᠩᠬᠢ ᠦᠢᠷ᠎ᠡ ᠳᠤ ᠠᠮᠵᠢᠯᠲᠡ ᠲᠠᠢ ᠦᠨᠳᠦᠷᠯᠡᠵᠦ᠂ ᠡᠨᠡ ᠤᠳᠠᠭᠠᠨ ᠤ ᠪᠤᠯᠪᠠᠰᠤᠷᠡᠯ ᠳᠤ ᠦᠨᠳᠦᠰᠦᠲᠡᠨ ᠤ ᠬᠤᠪᠴᠠᠰᠦ ᠵᠠᠰᠠᠯ ᠤᠨ ᠦᠢᠯᠡᠰ ᠢ ᠤᠳᠠᠭᠠᠨ ᠵᠢᠯ ᠡᠷᠬᠢᠯᠡᠭᠰᠡᠨ ᠦᠪᠦᠷ ᠮᠤᠩᠭᠤᠯ ᠤᠨ ᠮᠤᠩᠭᠤᠯ ᠵᠢᠷᠤᠭ ᠪᠢᠴᠢᠯᠭᠡ ᠶᠢᠨ ᠤᠷᠠᠯᠢᠭ ᠤᠨ ᠲᠤᠰᠬᠠᠢ ᠪᠤᠯᠪᠠᠰᠤᠷᠡᠯ ᠤᠨ ᠲᠡᠭᠡᠲᠦ ᠰᠤᠷᠭᠠᠭᠤᠯᠢ ᠶᠢᠨ ᠪᠠᠭᠰᠢ ᠨᠠᠷᠡᠨ᠎ᠡ᠂ ᠤᠨᠳᠤᠷᠤᠨ᠎ᠡ ᠬᠤᠶᠠᠷ ᠢ ᠤᠷᠢᠨ ᠵᠠᠯᠠᠵᠦ ᠬᠢᠴᠢᠶᠡᠯᠯᠡᠭᠦᠯᠦᠭᠰᠡᠨ ᠪᠠᠶᠢᠨ᠎ᠡ᠃ ᠪᠤᠯᠪᠠᠰᠤᠷᠡᠯ ᠨᠢ ᠮᠦᠨ ᠰᠠᠭᠤᠷᠢ ᠠᠩᠬᠢ ᠪᠡ ᠮᠡᠷᠭᠡᠵᠢᠯ ᠲᠡᠭᠡᠭᠰᠢᠯᠡᠭᠦᠯᠬᠦ ᠠᠩᠬᠢ ᠭᠡᠵᠦ ᠬᠤᠪᠢᠶᠠᠨ ᠨᠢᠭᠡ ᠰᠡᠷ᠎ᠡ ᠶᠢᠨ ᠬᠤᠭᠤᠴᠠᠭ᠎ᠠ ᠲᠠᠢ ᠶᠠᠪᠤᠬᠳᠠᠵᠦ᠂ ᠮᠠᠨ ᠤ ᠬᠤᠰᠢᠭᠤᠨ ᠤ ᠮᠤᠩᠭᠤᠯ ᠤᠶᠤᠳᠡᠯ ᠳᠤ ᠲᠤᠷ᠎ᠡ ᠪᠠᠬ᠎ᠠ ᠲᠠᠢ ᠤᠷᠠᠨ ᠤᠶᠤᠳᠠᠯᠴᠢᠳ ᠢᠳᠡᠪᠬᠢᠯᠡᠨ ᠤᠷᠤᠯᠴᠠᠪᠡ᠃      ᠲᠤᠰ ᠤᠳᠠᠭᠠᠨ ᠤ ᠪᠤᠯᠪᠠᠰᠤᠷᠡᠯ ᠤᠨ ᠨᠢᠭᠡᠨ ᠬᠢᠯᠡᠰ ᠴᠡᠭ ᠪᠤᠯ ᠪᠦᠷᠢᠶᠡᠳ᠂ ᠤᠷᠳᠤᠰ᠂ ᠲᠠᠷᠬᠠᠨ᠂ ᠮᠤᠤᠮᠢᠩᠭᠠᠨ᠂ ᠴᠠᠬᠠᠷ ᠵᠡᠷᠭᠡ ᠲᠡᠪᠤᠨ ᠤᠪᠤᠭ ᠲᠦᠷᠦᠯ ᠤᠨ ᠬᠤᠪᠴᠠᠰᠦ ᠶᠢ ᠤᠷᠠᠯᠠᠨ ᠤᠶᠤᠵᠦ᠂ ᠬᠦᠮᠦᠰ ᠲᠤ ᠤᠶᠤᠳᠡᠯ᠂ ᠡᠮᠵᠢᠶᠠᠷᠢ ᠶᠢᠨ ᠢᠯᠭᠠᠭ᠎ᠠ ᠶᠢ ᠬᠦᠨ ᠲᠠᠨᠢᠭᠤᠯᠤᠭᠰᠡᠨ ᠪᠦᠭᠡᠳ ᠤᠶᠤᠳᠡᠯ ᠳᠤ ᠨᠢᠭᠡ ᠴᠦ ᠭᠠᠷ ᠲᠦᠷᠦᠭᠡ ᠦᠭᠡᠢ ᠪᠦᠰᠡᠭᠦᠶᠢᠴᠤᠤᠯ ᠪᠤᠯᠪᠠᠰᠤᠷᠡᠯ ᠢᠶᠠᠷ ᠲᠠᠮᠵᠢᠨ ᠪᠡᠶ᠎ᠡ ᠪᠠᠨ ᠲᠠᠭᠠᠭᠠᠭᠰᠡᠨ ᠨᠢᠭᠡ ᠵᠠᠬ᠎ᠠ ᠲᠡᠪᠡᠯ ᠲᠡᠷᠯᠢᠭ ᠤᠶᠤᠵᠦ ᠭᠠᠷᠭᠠᠭᠰᠡᠨ ᠨᠢ ᠭᠠᠶᠢᠬᠠᠮᠰᠢᠭ ᠪᠤᠯᠵᠦ᠂ ᠡᠨᠡ ᠨᠢ ᠮᠦᠨ ᠴᠦ ᠮᠤᠩᠭᠤᠯ ᠪᠦᠰᠡᠭᠦᠶᠢᠴᠤᠳ ᠤᠨ ᠲᠦᠷᠦᠯᠬᠢ ᠤᠷ᠎ᠡ ᠠᠪᠢᠶᠠᠰ᠂ ᠤᠶᠤᠨ ᠲᠠᠷᠢᠬᠢᠨ ᠳᠠᠬᠢ ᠮᠤᠩᠭᠤᠯ ᠤᠶᠤᠳᠡᠯ ᠤᠨ ᠮᠡᠲᠡᠷᠡᠮᠵᠢ ᠶᠢ ᠬᠠᠷᠠᠭᠤᠯᠵᠦ᠂ ᠲᠡᠲᠡᠨ ᠤ ᠤᠶᠤᠳᠡᠯ ᠰᠤᠷᠬᠤ ᠬᠦᠰᠡᠯ ᠢ ᠪᠠᠶᠡᠯᠡᠭᠦᠯᠵᠦ ᠴᠢᠳᠠᠵᠠᠢ᠃      ᠬᠤᠪᠴᠠᠰᠦ ᠵᠠᠬᠪᠦᠷ ᠤᠨ ᠪᠤᠯᠪᠠᠰᠤᠷᠡᠯ ᠤᠨ ᠠᠩᠬᠢ ᠪᠤᠯ ᠬᠤᠰᠢᠭᠤᠨ ᠤ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ ᠤᠨ ᠡᠷᠬᠢᠯᠡᠭᠰᠡᠨ ᠦᠨᠳᠦᠰᠦᠲᠡᠨ ᠤ ᠭᠠᠷ ᠤᠷᠠᠯᠠᠯ ᠤᠨ ᠤᠷ᠎ᠡ ᠮᠡᠷᠭᠡᠵᠢᠯ ᠤᠨ ᠪᠤᠯᠪᠠᠰᠤᠷᠡᠯ ᠤᠨ ᠲᠡᠭᠦᠰᠭᠡᠯ ᠠᠩᠬᠢ ᠪᠠᠶᠢᠵᠦ᠂ ᠲᠠᠪᠤᠨ ᠰᠡᠷ᠎ᠡ ᠶᠢᠨ ᠬᠤᠭᠤᠴᠠᠭ᠎ᠠ ᠲᠠᠢ ᠶᠠᠪᠤᠬᠳᠠᠭᠰᠡᠨ ᠪᠤᠯᠪᠠᠰᠤᠷᠡᠯ ᠨᠢ ᠡᠯ᠎ᠡ ᠲᠦᠷᠦᠯ ᠤᠨ ᠭᠠᠷ ᠤᠷᠠᠯᠠᠯ ᠤᠨ ᠮᠡᠷᠭᠡᠵᠢᠯ ᠤᠨ ᠬᠦᠮᠦᠰ ᠢ ᠪᠤᠯᠪᠠᠰᠤᠷᠡᠭᠤᠯᠤᠨ ᠴᠠᠭᠠᠷᠠᠭᠤᠯᠵᠦ᠂ ᠰᠢᠯᠢᠲᠡᠭ ᠰᠤᠩᠭᠤᠳᠠᠭ ᠤᠯᠠᠨ ᠲᠦᠷᠦᠯ  ᠤᠨ ᠤᠷᠠᠨ ᠪᠦᠲᠦᠭᠡᠯ ᠢᠶᠠᠨ ᠤᠷᠠᠯᠠᠨ ᠭᠠᠷᠭᠠᠵᠦ᠂ ᠤᠳᠠᠯ ᠦᠭᠡᠢ ᠦᠨᠳᠦᠰᠦᠲᠡᠨ ᠤ ᠭᠠᠷ ᠤᠷᠠᠯᠠᠯ ᠤᠨ ᠪᠦᠬᠦᠶᠢᠯᠡ ᠲᠠᠪᠤᠨ ᠲᠦᠷᠦᠯ ᠤᠨ ᠤᠷᠠᠨ ᠪᠦᠲᠦᠭᠡᠯ ᠤᠨ ᠲᠡᠯᠭᠡᠨ ᠦᠵᠡᠭᠦᠯᠦᠯᠭᠡ ᠲᠠ ᠪᠢᠲᠡᠨ ᠤ ᠬᠠᠷᠠᠭ᠎ᠠ ᠶᠢ ᠮᠢᠯᠢᠶᠠᠬᠤ ᠪᠤᠯᠤᠨ᠎ᠡ︕                                 ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号