ᠦᠷᠦᠭᠡᠯ ᠤᠨ ᠭᠡᠦᠭᠡᠳ ᠢ ᠦᠪᠡᠷ ᠤᠨ ᠦᠷ᠎ᠡ ᠪᠠᠨ ᠰᠢᠭ ᠬᠠᠶᠢᠷᠠᠯᠠᠭᠰᠡᠨ ᠴᠡᠴᠡᠷᠯᠢᠭ ᠤᠨ ᠪᠠᠭᠰᠢ — ᠬᠤᠸᠠᠷ
ᠨᠡᠶᠢᠲᠡᠯᠡᠭᠰᠡᠨ ᠴᠠᠭ᠄
2019-10-17
     ᠦᠷ᠎ᠡ ᠬᠤᠶᠢᠴᠢᠰ ᠢᠶᠠᠨ ᠬᠦᠮᠦᠵᠢᠭᠦᠯᠬᠦ ᠤᠶᠢᠯᠠ ᠠᠵᠢᠯᠯᠠᠭ᠎ᠠ ᠳᠤ ᠡᠷᠲᠡᠮ ᠮᠡᠲᠡᠯᠭᠡ᠂ ᠠᠪᠢᠶᠠᠰ ᠴᠢᠳᠠᠪᠦᠷᠢ᠂ ᠤᠷ᠎ᠡ ᠤᠬᠠᠭᠠᠨ᠂ ᠪᠡᠶ᠎ᠡ ᠰᠡᠳᠬᠢᠯ᠂ ᠪᠦᠬᠦᠶᠢᠯᠡ ᠠᠮᠢᠳᠤᠷᠡᠯ ᠢᠶᠠᠨ ᠬᠠᠷᠡᠮ ᠦᠭᠡᠢ ᠵᠤᠷᠢᠭᠤᠯᠤᠨ ᠬᠦᠴᠦ ᠪᠠᠨ ᠡᠷᠭᠦᠵᠦ ᠶᠠᠪᠤᠭ᠎ᠠ ᠡᠷᠲᠡᠮᠳᠠᠨ ᠪᠠᠭᠰᠢ ᠨᠠᠷ ᠤᠨ ᠰᠢᠷᠭᠠᠭᠤ ᠴᠢᠷᠮᠠᠶᠢᠯᠭ᠎ᠠ ᠢᠷᠠᠭᠤ ᠠᠯᠳᠠᠷ ᠢ ᠲᠤᠷᠠᠳᠤᠭᠠᠳ ᠪᠠᠷᠠᠰᠢ ᠦᠭᠡᠢ᠂ ᠡᠭᠦᠨ ᠤ ᠲᠤᠮᠲᠡ ᠦᠭᠡ ᠬᠡᠯᠡᠨ ᠳᠤ ᠰᠠᠶᠢᠨ ᠤᠷᠤᠭ᠎ᠠ ᠦᠭᠡᠢ ᠬᠡᠦᠭᠡᠳ ᠢ ᠲᠤᠳᠤᠮᠳᠠᠵᠦ ᠬᠡᠯᠡ ᠶᠠᠷᠢᠶ᠎ᠡ ᠶᠢ ᠨᠢ ᠲᠡᠭᠰᠢᠯᠡᠨ ᠪᠠᠶ᠎ᠡ ᠳᠡᠭᠡᠨ ᠡᠵᠡᠨ ᠪᠤᠯᠬᠤ ᠬᠡᠦᠭᠡᠳ ᠪᠤᠯᠭᠠᠨ ᠬᠦᠮᠦᠵᠢᠭᠦᠯᠬᠦ ᠴᠡᠴᠡᠷᠯᠢᠭ ᠤᠨ ᠪᠠᠭᠰᠢ ᠶᠢᠨ ᠭᠠᠪᠢᠶ᠎ᠡ ᠵᠢᠳᠭᠦᠯ ᠢ ᠨᠡᠩ ᠲᠡᠮᠳᠡᠭᠯᠡᠭᠦᠰᠢᠲᠠᠢ︕      

     ᠲᠦᠮᠡ ᠮᠢᠩᠭᠠᠨ ᠴᠡᠴᠡᠷᠯᠢᠭ ᠤᠨ ᠪᠠᠭᠰᠢ ᠲᠤᠮᠲᠡ ᠤᠳᠤ ᠪᠤᠯᠤᠨ ᠬᠢᠯᠠᠯᠵᠠᠵᠦ ᠪᠠᠶᠢᠭ᠎ᠠ ᠨᠢᠭᠡᠨ ᠪᠠᠭᠰᠢ ᠪᠤᠯ

ᠮᠠᠨ ᠤ ᠬᠤᠰᠢᠭᠤᠨ ᠤ ᠦᠨᠳᠦᠰᠦᠲᠡᠨ ᠤ ᠭᠡᠦᠭᠡᠳ ᠤᠨ ᠴᠡᠴᠡᠷᠯᠢᠭ ᠤᠨ ᠬᠤᠸᠠᠷ ᠪᠠᠭᠰᠢ ᠪᠤᠯᠤᠨ᠎ᠡ᠃

     ᠬᠤᠸᠠᠷ 1998 ᠤᠨ ᠠᠴᠠ 2008 ᠤᠨ ᠪᠤᠯᠳᠠᠯ᠎ᠡ ᠮᠠᠨ ᠤ ᠬᠤᠰᠢᠭᠤᠨ ᠤ ᠮᠠᠨᠳᠤᠯ ᠪᠠᠯᠭᠠᠰᠤᠨ ᠤ

ᠪᠠᠭ᠎ᠠ ᠰᠤᠷᠭᠠᠭᠤᠯᠢ ᠳᠤ ᠪᠠᠭᠰᠢᠯᠡᠵᠦ᠂ 2008 ᠤᠨ ᠠᠴᠠ ᠤᠳᠤ ᠪᠤᠯᠳᠠᠯ᠎ᠡ ᠬᠤᠰᠢᠭᠤᠨ ᠤ ᠦᠨᠳᠦᠰᠦᠲᠡᠨ ᠤ

ᠭᠡᠦᠭᠡᠳ ᠤᠨ ᠴᠡᠴᠡᠷᠯᠢᠭ ᠲᠤ ᠪᠠᠭᠰᠢᠯᠡᠵᠦ ᠪᠤᠢ᠂ ᠪᠠᠭᠰᠢ ᠶᠢᠨ ᠠᠵᠢᠯ ᠢ ᠬᠢᠭᠰᠡᠨ ᠬᠤᠷᠢᠭᠠᠳ ᠵᠢᠯ ᠤᠨ ᠲᠤᠷᠰᠢ

ᠬᠤᠸᠠᠷ ᠦᠷᠦᠭᠡᠯ ᠤᠨ ᠬᠡᠦᠭᠡᠳ ᠢ ᠦᠪᠡᠷ ᠤᠨ ᠦᠷ᠎ᠡ ᠪᠠᠨ ᠰᠢᠭ ᠬᠠᠶᠢᠷᠠᠯᠠᠨ ᠲᠤᠳᠤᠮᠳᠠᠵᠦ᠂ ᠪᠠᠭᠰᠢᠨᠠᠷ ᠤᠨ

ᠲᠤᠮᠲᠡ ᠪᠠᠨ ᠡᠶ᠎ᠡ ᠨᠠᠶᠢᠷᠲᠠᠢ᠂ ᠭᠡᠷ ᠤᠨ ᠠᠬᠠᠮᠠᠳ ᠤᠨ ᠬᠦᠨᠳᠦᠳᠭᠡᠯ ᠪᠢᠰᠢᠷᠡᠯ ᠢ ᠤᠯᠤᠭᠰᠠᠭᠠᠷ ᠢᠷᠡᠵᠠᠢ᠃ ᠲᠡᠷᠡᠪᠡᠷ

ᠪᠠᠰᠡ ᠲᠤᠬᠠᠶᠢᠯᠠᠭᠰᠡᠨ ᠠᠵᠢᠯ ᠳᠠᠭᠠᠨ ᠨᠡᠩ ᠢᠯᠡᠭᠦᠦ ᠴᠠᠭᠠᠷᠠᠬᠤ ᠶᠢᠨ ᠲᠤᠯᠠᠲᠡ ᠦᠪᠡᠷᠲᠡᠭᠡᠨ ᠵᠠᠰᠠᠬᠤ ᠤᠷᠤᠨ

ᠲᠠᠷᠡᠴᠢᠯᠡᠨ ᠤᠯᠤᠰ ᠠᠯᠤᠰᠯᠠᠭᠰᠡᠨ ᠪᠠᠭᠰᠢᠨᠠᠷ ᠤᠨ ᠰᠤᠷᠤᠯᠴᠠᠯᠭ᠎ᠠ ᠰᠤᠷᠢᠯᠭ᠎ᠠ ᠪᠡ ᠤᠷᠤᠯᠳᠤᠭᠠᠨ ᠲᠡᠮᠡᠴᠡᠭᠡᠨ ᠢᠶᠠᠷ

ᠤᠯᠠᠨᠲᠡ ᠤᠷᠤᠯᠴᠠᠵᠦ ᠠᠮᠵᠢᠯᠲᠡ ᠤᠯᠤᠭᠰᠡᠨ ᠤᠳᠠᠭ᠎ᠠ ᠪᠤᠢ᠃

     

     ᠡᠭᠦᠨ ᠢ ᠪᠠᠨ ᠲᠠᠷᠠᠭᠠᠯᠠᠨ ᠲᠤᠷᠠᠳᠪᠡᠯ᠂ 2015 ᠤᠨ ᠳᠤ ᠦᠪᠦᠷ ᠮᠤᠩᠭᠤᠯ ᠤᠨ ᠴᠡᠴᠡᠷᠯᠢᠭ ᠤᠨ ᠪᠠᠭᠰᠢ

ᠨᠠᠷ ᠤᠨ ᠦᠨᠳᠦᠰᠦᠨ ᠴᠢᠳᠠᠪᠦᠷᠢ ᠶᠢᠨ ᠤᠷᠤᠯᠳᠤᠭᠠᠨ ᠳᠤ ᠲᠡᠷᠢᠭᠦᠨ ᠪᠠᠶᠢᠷᠢ ᠳᠤ ᠲᠤᠳᠤᠷᠠᠵᠦ᠂ 2016 ᠤᠨ ᠳᠤ

ᠠᠯᠠᠱᠠ ᠠᠶᠢᠮᠠᠭ ᠲᠤ ᠶᠠᠪᠤᠬᠳᠠᠭᠰᠡᠨ ᠨᠠᠢᠮᠠᠨ ᠮᠤᠵᠢ ᠤᠷᠤᠨ ᠤ ︽ᠡᠷᠡᠭᠡᠢ ᠮᠡᠷᠭᠡᠨ︾ ᠱᠠᠭ᠎ᠠ ᠲᠤᠬᠯᠠᠭᠠᠮ ᠤᠨ

ᠤᠷᠤᠯᠳᠤᠭᠠᠨ ᠤ ᠰᠢᠯᠢᠲᠡᠭ ᠪᠠᠶᠢᠷᠢ᠂ 2017 ᠤᠨ ᠤ ᠲᠤᠮᠳᠠᠲᠦ ᠮᠤᠩᠭᠤᠯ ᠬᠤᠶᠠᠷ ᠤᠯᠤᠰ ᠤᠨ ᠴᠡᠴᠡᠷᠯᠢᠭ ᠤᠨ

ᠪᠠᠭᠰᠢ ᠶᠢᠨ ᠤᠷ᠎ᠡ ᠴᠢᠳᠠᠪᠦᠷᠢ ᠶᠢᠨ ᠤᠷᠤᠯᠳᠤᠭᠠᠨ ᠤ ᠦᠨᠳᠦᠰᠦᠨ ᠴᠢᠳᠠᠪᠦᠷᠢ ᠶᠢᠨ ᠲᠡᠯ᠎ᠡ ᠪᠠᠷ ᠲᠡᠷᠢᠭᠦᠨ ᠳᠤ

ᠲᠤᠳᠤᠷᠡᠵᠦ᠂ ᠪᠦᠷᠢᠨ ᠴᠢᠳᠠᠪᠦᠷᠢ ᠶᠢᠨ ᠲᠡᠯ᠎ᠡ ᠪᠠᠷ ᠭᠤᠷᠪᠠᠳᠤᠭᠠᠷ ᠲᠡᠰ ᠲᠤ ᠲᠤᠳᠤᠷᠡᠨ᠂ ᠮᠠᠨ ᠤ ᠬᠤᠰᠢᠭᠤᠨ ᠤ

ᠴᠡᠴᠡᠷᠯᠢᠭ ᠤᠨ ᠪᠠᠭᠰᠢ ᠶᠢᠨ ᠨᠡᠷ᠎ᠡ ᠠᠯᠳᠠᠷ ᠢ ᠬᠢᠯᠢ ᠠᠯᠤᠰᠯᠠᠨ ᠲᠠᠭᠤᠷᠢᠰᠬᠠᠵᠦ ᠶᠠᠪᠤᠵᠦ ᠪᠠᠶᠢᠪᠡ᠃ ᠮᠦᠨ ᠤᠷᠴᠢᠮ

 ᠤᠨ 5 ᠵᠢᠯ ᠳᠤ ᠭᠡᠦᠭᠡᠳ ᠢ ᠲᠤᠳᠤᠮᠳᠠᠵᠦ ᠦᠪᠡᠷ ᠤᠨ ᠦᠷ᠎ᠡ ᠪᠠᠨ ᠤᠮᠠᠷᠳᠠᠬᠤ ᠶᠠᠪᠤᠳᠡᠯ ᠵᠦᠩᠲᠡᠭᠡᠨ

ᠲᠤᠬᠢᠶᠠᠯᠳᠤᠳᠠᠭ᠃ ᠴᠡᠴᠡᠷᠯᠢᠭ ᠤᠨ ᠪᠠᠭᠰᠢ ᠦᠲᠡ ᠳᠡᠭᠡᠨ ᠴᠡᠴᠡᠷᠯᠢᠭ ᠤᠨ ᠬᠡᠦᠭᠡᠳ ᠤᠳ ᠤᠨ ᠢᠶᠠᠨ ᠬᠤᠭᠤᠯᠠ

ᠤᠮᠳᠠᠭᠠᠨ ᠪᠡ ᠤᠨᠳᠠᠯᠭ᠎ᠠ ᠠᠴᠠ ᠡᠬᠢᠯᠡᠨ ᠬᠠᠮᠢᠶᠠᠷᠬᠤ ᠤᠴᠢᠷ ᠠᠴᠠ ᠭᠡᠷ ᠲᠡᠭᠡᠨ ᠬᠠᠷᠢᠬᠤ ᠵᠠᠪ ᠦᠭᠡᠢ ᠪᠠᠶᠢᠳᠠᠭ᠃

ᠬᠤᠸᠠᠷ ᠨᠢᠭᠡᠨ ᠪᠠᠭᠰᠢ ᠬᠦᠮᠦᠨ ᠮᠦᠨ ᠴᠦ ᠪᠠᠰᠡ ᠨᠢᠭᠡᠨ ᠡᠵᠢ ᠬᠦᠮᠦᠨ᠂ ᠲᠡᠷᠡ ᠦᠪᠡᠷ ᠤᠨ ᠭᠡᠦᠭᠡᠳ ᠲᠡᠭᠡᠨ

ᠦᠲᠡ ᠳᠤ ᠬᠠᠷᠢᠬᠤ ᠳᠤ ᠨᠢ ᠬᠤᠭᠤᠯᠠ ᠪᠤᠯᠭᠤᠭᠠᠵᠦ ᠦᠭᠴᠦ ᠲᠡᠶᠢᠯᠭᠦ ᠦᠭᠡᠢ ᠪᠠᠨ ᠶᠠᠷᠢᠬᠤᠯᠠᠷ ᠡᠵᠢ ᠬᠦᠮᠦᠨ ᠤ

ᠦᠷ᠎ᠡ ᠪᠠᠨ ᠦᠷᠦ ᠡᠪᠡᠳᠦᠭᠰᠡᠨ ᠰᠡᠳᠬᠢᠯ ᠤᠨ ᠰᠢᠮᠰᠢᠷᠡᠯ᠂ ᠮᠦᠨ ᠠᠵᠢᠯᠴᠢ ᠬᠦᠮᠦᠨ ᠤ ᠦᠷ᠎ᠡ ᠡᠷᠲᠡ ᠤᠬᠠᠭᠠᠵᠢᠨ

ᠲᠤᠮᠤᠭᠠᠵᠢᠳᠠᠭ ᠰᠢᠭ᠋ ᠦᠬᠢᠨ ᠤ ᠪᠠᠨ ᠬᠠᠷᠠᠬᠠᠨ ᠪᠠᠭ᠎ᠠ ᠠᠴᠠ ᠪᠠᠨ ᠪᠡᠶ᠎ᠡ ᠪᠠᠨ ᠲᠠᠭᠠᠭᠠᠵᠦ ᠠᠪᠤ ᠡᠵᠢ ᠪᠠᠨ

ᠰᠠᠨᠠᠭᠠᠰᠢᠷᠠᠭᠤᠯᠬᠤ ᠦᠭᠡᠢ ᠪᠠᠶᠢᠳᠡᠯ ᠢ ᠲᠤᠷᠠᠳᠬᠤᠯᠠᠷ ᠪᠠᠰᠡ ᠶᠡᠭᠡ ᠤᠮᠤᠭᠰᠢᠯ ᠲᠠᠢ ᠪᠠᠶᠢᠪᠡ᠃

     ᠰᠠᠶᠢᠨ ᠰᠠᠨᠠᠭᠠᠨ ᠤᠨ ᠦᠵᠦᠭᠦᠷ ᠰᠦ ᠭᠡᠲᠡᠭ ᠢᠶᠠᠷ ᠡᠴᠢᠨᠡᠨ ᠵᠢᠯ ᠤᠨ ᠲᠤᠷᠰᠢ ᠤᠯᠠᠨ ᠭᠡᠦᠭᠡᠳ ᠢ ᠦᠪᠡᠷ

 ᠤᠨ ᠦᠷ᠎ᠡ ᠪᠠᠨ ᠰᠢᠭ ᠦᠭᠦᠭᠡᠷᠳᠤᠨ ᠬᠠᠶᠢᠷᠠᠯᠠᠵᠦ ᠦᠰᠭᠡᠵᠦ ᠪᠤᠶᠢᠵᠢᠭᠤᠯᠤᠭᠰᠡᠨ ᠤ ᠡᠴᠤᠰ ᠲᠤ ᠬᠤᠸᠠᠷ 2017

ᠤᠨ ᠳᠤ ᠬᠤᠰᠢᠭᠤᠨ ᠤ ᠲᠡᠰ ᠤᠨ ᠰᠢᠯᠢᠲᠡᠭ ᠪᠠᠭᠰᠢ ᠪᠠᠷ ᠦᠨᠡᠯᠡᠭᠲᠡᠵᠦ ᠪᠠᠶᠢᠬᠰᠡᠨ ᠪᠤᠯ ᠡᠨᠡ ᠵᠢᠯ ᠪᠤᠯᠬᠤ ᠳᠤ

ᠪᠤᠭᠤᠲᠦ ᠬᠤᠲᠡ ᠶᠢᠨ ᠲᠡᠰ ᠤᠨ ᠰᠢᠯᠢᠲᠡᠭ ᠪᠠᠭᠰᠢ ᠪᠠᠷ ᠦᠨᠡᠯᠡᠭᠲᠡᠵᠦ᠂ ᠢᠷᠡᠭᠤ ᠠᠯᠳᠠᠷ ᠤᠨ ᠲᠡᠮᠲᠡᠭ ᠢᠶᠠᠷ ᠡᠩᠭᠡᠷ

 ᠢᠶᠠᠨ ᠮᠢᠯᠢᠶᠠᠯᠭᠠᠭᠰᠡᠨ ᠪᠠᠶᠢᠨ᠎ᠡ᠃

     ᠡᠶᠢᠨ ᠬᠦ ᠠᠷᠡᠳ ᠤᠨ ᠪᠠᠭᠰᠢ ᠶᠢᠨ ᠠᠤᠭ᠎ᠠ ᠦᠢᠯᠡᠰ ᠲᠡᠭᠡᠨ ᠮᠡᠷᠡᠶᠢᠨ ᠶᠠᠪᠤᠵᠦ᠂ ᠮᠤᠩᠭᠤᠯ ᠤᠨ ᠮᠠᠨᠢ

ᠤᠳᠤᠨ ᠰᠤᠳᠤᠨ ᠦᠷ᠎ᠡ ᠶᠢ ᠪᠦᠦᠪᠡᠶᠢᠯᠡᠨ ᠬᠦᠮᠦᠵᠢᠭᠦᠯᠵᠦ ᠶᠠᠪᠤᠭ᠎ᠠ ᠬᠤᠸᠠᠷ ᠪᠠᠭᠰᠢ ᠶᠢᠨ ᠦᠢᠯᠡᠰ ᠤᠨ ᠬᠠᠷᠭᠤᠢ

ᠤᠯᠠᠮ ᠰᠠᠷᠠᠭᠤᠯ ᠲᠡᠷᠳᠠᠩ ᠪᠠᠶᠢᠬᠤ ᠶᠢ ᠬᠦᠰᠡᠶ᠎ᠡ᠂ ᠮᠦᠨ ᠨᠠᠷᠡᠲᠦ ᠬᠤᠷᠸ᠎ᠠ ᠳᠤ ᠨᠠᠨᠳᠢᠨ ᠮᠡᠷᠭᠡᠵᠢᠯ ᠢ ᠡᠵᠡᠮᠰᠢᠭᠰᠡᠨ

ᠲᠦᠭ ᠲᠦᠮᠡᠨ ᠮᠤᠩᠭᠤᠯ ᠪᠠᠭᠰᠢ ᠨᠠᠷ ᠲᠠᠭᠠᠨ ᠮᠠᠨᠲᠦ ᠬᠦᠰᠡᠶ᠎ᠡ︕

                                 

                                     ᠨᠠᠶᠢᠷᠠᠭᠤᠯᠤᠭᠴᠢ᠄ ᠽᠠᠨᠳᠠᠨᠮᠦ᠋ᠴᠢᠷ

                                     ᠬᠦᠢᠴᠡᠳᠭᠡᠭᠴᠢ ᠬᠢᠨᠠᠬᠴᠢ᠄ ᠸᠠᠩ ᠸᠧᠨ ᠶᠢᠩ

                                     ᠶᠡᠷᠦᠩᠭᠡᠢ ᠬᠢᠨᠠᠬᠴᠢ᠄ ᠵᠠᠩ ᠬᠦᠢ ᠵᠧᠨ

                                 ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ

 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号