ᠪᠠᠭᠠᠳᠤᠷ ᠤᠨ ᠵᠤᠷᠢᠭ ᠰᠠᠨᠠᠭ᠎ᠠ ᠶᠢ ᠲᠠᠬᠢᠨ ᠠᠮᠢᠯᠠᠭᠤᠯᠤᠬᠰᠠᠨ ︽ᠲᠠᠯ᠎ᠠ ᠨᠤᠳᠤᠭ ᠤᠨ ᠪᠢᠴᠢᠬᠠᠨ ᠪᠠᠭᠠᠳᠤᠷ ᠡᠬᠡᠴᠢ ᠦᠬᠢᠨ ᠲᠡᠬᠦᠦ︾
ᠨᠡᠶᠢᠲᠡᠯᠡᠭᠰᠡᠨ ᠴᠠᠭ᠄
2018-05-30
     ᠦᠪᠦᠷ ᠮᠤᠩᠭᠤᠯ ᠤᠨ ᠦᠨᠳᠦᠰᠦᠳᠡᠨ ᠤ ᠤᠷᠠᠯᠢᠭ ᠵᠦᠴᠦᠬᠡ ᠶᠢᠨ ᠬᠦᠷᠢᠶᠡᠯᠡᠩ ᠤᠨ ᠵᠤᠬᠢᠶᠠᠨ ᠪᠦᠳᠦᠬᠡᠵᠤ ᠲᠤᠬᠯᠠᠬᠰᠠᠨ ᠲᠠᠭᠤᠯᠠᠯᠳᠤ ᠵᠦᠴᠦᠬᠡ ︽ᠲᠠᠯ᠎ᠠ ᠨᠤᠳᠤᠭ ᠤᠨ ᠪᠢᠴᠢᠬᠠᠨ ᠪᠠᠭᠠᠳᠤᠷ ᠡᠬᠡᠴᠢ ᠦᠬᠢᠨ ᠲᠡᠬᠦᠦ︾ ᠨᠢ ᠠᠷᠪᠠᠨ ᠲᠦᠷᠪᠡᠳᠦᠭᠡᠷ ᠬᠤᠭᠤᠴᠠᠭᠠᠨ ᠤ ᠲᠤᠮᠳᠠᠳᠤ ᠤᠯᠤᠰ ᠤᠨ ᠦᠪᠦᠷ ᠮᠤᠩᠭᠤᠯ ᠤᠨ ᠲᠠᠯ᠎ᠠ ᠨᠤᠳᠤᠭ ᠤᠨ ᠰᠤᠶᠤᠯ ᠤᠨ ᠨᠠᠶᠢᠷ ᠲᠤ ᠠᠩᠬ᠎ᠠ ᠲᠤᠬᠯᠠᠬᠰᠠᠨ ᠠᠴᠠ ᠨᠠᠰᠢ᠂ ᠦᠷᠭᠡᠨ ᠤᠯᠠᠨ ᠦᠵᠡᠭᠴᠢᠳ ᠢᠯᠠᠩᠭᠤᠶ᠎ᠠ ᠪᠠᠭᠠᠴᠤᠳ ᠬᠡᠦᠬᠡᠳ ᠤᠨ ᠲᠤᠮᠳᠠ ᠴᠢᠩᠭ᠎ᠠ ᠲᠤᠰᠬᠠᠯ ᠭᠠᠷᠤᠬᠰᠠᠨ ᠶᠤᠮ᠃              ᠮᠡᠳᠡᠭᠡ ᠰᠤᠷᠳᠠᠯᠴᠢᠯᠠᠭ᠎ᠠ ᠭᠠᠵᠠᠷ ᠰᠠᠢ ᠦᠬᠡᠢ ᠲᠠᠷᠬᠠᠵᠤ ᠤᠯᠠᠨ ᠵᠦᠢᠯ ᠤᠨ ᠤᠳᠬ᠎ᠠ ᠤᠷᠠᠯᠢᠭ ᠤᠨ ᠬᠡᠯᠪᠡᠷᠢ ᠶᠢᠨ ᠲᠤᠬᠯᠠᠯᠳᠠ ᠦᠵᠡᠬᠦᠯᠦᠯᠬᠡ ᠬᠦᠮᠦᠰ ᠤᠨ ᠬᠠᠷᠠᠭ᠎ᠠ ᠶᠢ ᠡᠷᠢᠶᠡᠨᠳᠦᠬᠦᠯᠦᠭᠰᠡᠨ᠂ ᠤᠨᠴᠠᠭᠠᠢᠢᠯᠠᠨ ᠬᠠᠭᠠᠰ ᠵᠠᠭᠤᠨ ᠤ ᠬᠤᠪᠢᠰᠤᠯᠳᠠ ᠤᠯᠠᠷᠢᠯᠳᠠ ᠶᠢ ᠦᠩᠬᠡᠷᠡᠭᠡᠭᠡᠳ ᠬᠦᠮᠦᠰ ᠤᠨ ᠦᠵᠡᠯ ᠰᠠᠨᠠᠭ᠎ᠠ ᠦᠵᠡᠯᠳᠡ ᠲᠠᠨᠢᠯᠳᠠ᠂ ᠭᠤᠸ᠎ᠠ ᠲᠠᠭᠠᠰᠢᠶᠠᠯ ᠤᠨ ᠬᠠᠨᠳᠤᠯᠭ᠎ᠠ ᠴᠢᠨᠠᠬᠰᠢᠯᠠᠨ ᠦᠷᠳᠡᠭ ᠤᠨ ᠲᠤᠬᠠᠢ ᠦᠨᠡᠯᠠᠯᠳᠠ ᠳᠤ ᠴᠤ ᠴᠦᠮ ᠯᠤᠳᠤ ᠶᠡᠭᠡ ᠬᠤᠪᠢᠷᠠᠯᠳᠠ ᠭᠠᠷᠤᠬᠰᠠᠨ ᠦᠨᠦᠳᠦᠷ᠂ ᠡᠨᠡᠬᠦ ᠦᠯᠢᠬᠡᠷ ᠢ ᠶᠠᠮᠠᠷᠰᠢᠦ ᠬᠡᠯᠪᠡᠷᠢ ᠪᠠᠷ ᠦᠵᠡᠭᠴᠢᠳ ᠤᠨ ᠡᠮᠦᠨ᠎ᠠ ᠲᠠᠬᠢᠨ ᠠᠮᠢᠯᠠᠭᠤᠯᠵᠤ ᠲᠡᠳᠠᠨ ᠤ ᠵᠢᠷᠦᠬᠡ ᠰᠡᠳᠬᠢᠯ ᠢ ᠲᠤᠯᠬᠢᠰᠤᠭᠤᠯᠵᠤ ᠴᠢᠳᠠᠬᠤ ᠪᠤᠢ ᠬᠡᠳᠡᠭ ᠨᠢ ᠨᠢᠬᠡᠨ ᠬᠠᠳᠠᠭᠤ ᠰᠢᠯᠭᠠᠯᠳᠠ ᠪᠤᠯᠬᠤ ᠨᠢ ᠶᠠᠷᠢᠶᠠᠨ ᠦᠬᠡᠢ᠃              ᠲᠤᠰ ᠵᠦᠴᠦᠬᠡ ᠶᠢᠨ ᠵᠤᠬᠢᠶᠠᠨ ᠪᠦᠳᠦᠬᠡᠬᠦ ᠡᠩᠨᠡᠭᠡ ᠶᠢᠨ ᠬᠢᠨ ᠠᠬᠠᠮᠠᠳ ᠨᠢᠬᠡ ᠦᠶ᠎ᠠ ᠶᠢᠨ ᠵᠦᠴᠦᠬᠡᠴᠢᠳ ᠤᠨ ᠨᠢᠮᠪᠠᠢ ᠵᠢᠯᠤᠭᠤᠳᠤᠯᠭ᠎ᠠ ᠲᠤᠤᠷ᠎ᠠ᠂ ᠤᠯᠠᠨ ᠤ ᠬᠦᠰᠡᠯ ᠢ ᠬᠦᠰᠡᠷᠳᠡᠬᠦᠯᠦᠯ ᠦᠬᠡᠢ ᠪᠠᠷ ᠨᠢᠬᠡ ᠵᠦᠢᠯ ᠤᠨ ᠴᠤ᠋ ᠰᠢᠨ᠎ᠠ ᠬᠠᠷᠠᠭᠠᠰᠤ ᠵᠢᠴᠢ ᠤᠷᠠᠯᠢᠭ ᠤᠨ ᠲᠦᠯᠦᠬᠡᠨ ᠤ ᠬᠡᠬᠦ ᠰᠢᠨᠳᠡᠷᠠᠰᠢ ᠦᠬᠡᠢ ᠬᠦᠰᠡᠯ ᠬᠦᠬᠡᠬᠡᠴᠠᠯᠳᠦᠯ ᠢᠶᠠᠷ ᠰᠢᠯᠢᠳᠡᠭ ᠤᠯᠠᠮᠵᠢᠯᠠᠯ ᠢᠶᠠᠨ ᠡᠷᠢᠯᠬᠢᠯᠡᠵᠤ᠂ ᠦᠨᠳᠦᠰᠦᠳᠡᠨ ᠤ ᠪᠠᠭᠠᠳᠤᠷ ᠢᠶᠠᠨ ᠮᠠᠬᠳᠠᠨ ᠲᠠᠭᠤᠯᠠᠬᠰᠠᠨ᠂ ᠴᠠᠭ ᠦᠶ᠎ᠠ ᠶᠢᠨ ᠵᠤᠷᠢᠭ ᠰᠠᠨᠠᠭ᠎ᠠ ᠶᠢ ᠪᠠᠳᠠᠷᠠᠭᠤᠯᠤᠬᠰᠠᠨ ᠲᠤᠰ ᠦᠯᠢᠬᠡᠷ ᠢ ᠲᠠᠶᠢᠰᠠᠨ᠎ᠠ ᠲᠡᠬᠢᠨ ᠠᠮᠢᠯᠠᠭᠤᠯᠵᠤ ᠪᠠᠶᠠᠷᠯᠠᠭᠤᠰᠢᠳᠠᠢ ᠠᠮᠵᠢᠯᠳᠠ ᠤᠯᠤᠬᠰᠨᠨ ᠪᠠᠶᠢᠨ᠎ᠠ᠃              ᠤᠷᠠᠨ ᠬᠠᠪᠤᠯᠢᠭ ᠤᠷᠠᠯᠢᠭ ᠤᠨ ᠰᠡᠳᠬᠢᠮᠵᠢ ᠪᠤᠯᠤᠨ ᠬᠤᠷᠴᠠ ᠲᠤᠳᠤ ᠴᠠᠭ ᠦᠶ᠎ᠠ ᠶᠢᠨ ᠵᠤᠷᠢᠭ ᠰᠠᠨᠠᠭ᠎ᠠ          ᠲᠤᠰ ᠵᠦᠴᠦᠬᠡ ᠶᠢᠨ ᠵᠦᠴᠦᠬᠡ ᠨᠠᠶᠢᠷᠠᠭᠤᠯᠤᠬᠴᠢ ᠠᠴᠠ᠂ ᠤᠳᠤᠬᠠᠨ ᠤ ᠤᠯᠠᠩᠬᠢ ᠪᠠᠭᠠᠴᠤᠳ ᠬᠡᠦᠬᠡᠳ ᠤᠨ ᠬᠡᠷ ᠪᠦᠯᠢ ᠶᠢᠨ ᠬᠠᠶᠢᠷ᠎ᠠ ᠬᠠᠯᠠᠮᠵᠢ ᠳᠤ ᠬᠡᠳᠦ ᠪᠦᠬᠡᠴᠡᠶᠢᠯᠡᠭᠳᠡᠵᠤ᠂ ᠲᠡᠳᠡᠨ ᠤ ᠪᠠᠶ᠎ᠠ ᠲᠡᠬᠡᠷ᠎ᠡ ᠲᠤᠮᠳᠠᠳᠤ ᠶᠢᠨ ᠦᠨᠳᠦᠰᠦᠳᠡᠨ ᠤ ᠡᠷᠡᠯᠬᠡᠭ ᠪᠠᠭᠠᠳᠤᠷᠯᠢᠭ᠂ ᠠᠵᠢᠯᠴᠢ ᠬᠦᠳᠡᠯᠮᠦᠷᠢᠴᠢ᠂ ᠲᠡᠰᠪᠦᠷᠢ ᠬᠠᠳᠠᠭᠤᠵᠢᠯᠳᠠᠢ ᠰᠢᠯᠢᠳᠡᠭ ᠤᠯᠠᠮᠵᠢᠯᠠᠯ ᠪᠤᠯᠤᠨ ᠦᠨᠳᠦᠰᠦᠳᠠᠨ ᠤ ᠵᠠᠩ ᠠᠷᠠᠨᠰᠢᠨ‌ᠤᠯᠠᠮ ᠢᠶᠠᠷ ᠲᠤᠳᠠᠬᠳᠠᠵᠤ ᠪᠠᠶᠢᠬᠤ᠂ ᠨᠠᠶᠢᠳᠠᠴᠢ ᠦᠵᠡᠯ ᠤᠨ ᠵᠤᠷᠢᠭ ᠰᠠᠨᠠᠭ᠎ᠠ᠂ ᠢᠳᠡᠬᠡᠯ ᠪᠢᠰᠢᠷᠠᠯ ᠪᠤᠯᠤᠨ ᠬᠠᠶᠢᠷ᠎ᠠ ᠬᠠᠯᠠᠮᠵᠢ ᠵᠡᠷᠬᠡ ᠤᠯᠠᠮᠵᠢᠯᠠᠯᠳᠤ ᠰᠠᠶᠢᠨ ᠰᠠᠶᠢᠬᠠᠨ ᠵᠠᠩ ᠰᠤᠷᠳᠠᠯ ᠲᠡᠳᠡᠨ ᠤ ᠰᠡᠳᠬᠢᠯ ᠳᠤ ᠤᠯᠠᠮ ᠢᠶᠠᠷ  ᠪᠠᠯᠠᠷᠬᠠᠢᠢᠰᠢᠵᠤ ᠪᠠᠶᠢᠬᠤ ᠠᠬᠤᠢ ᠪᠠᠶᠢᠳᠠᠯ ᠢ ᠰᠡᠷᠭᠡᠭ ᠢᠶᠠᠷ ᠪᠠᠷᠢᠵᠤ ᠴᠢᠳᠡᠬᠰᠠᠨ ᠪᠠᠶᠢᠨ᠎ᠠ᠃ ᠲᠠᠯ᠎ᠠ ᠨᠤᠳᠤᠭ ᠤᠨ ᠪᠢᠴᠢᠬᠠᠨ ᠪᠠᠭᠠᠳᠤᠷ ᠡᠬᠡᠴᠢ ᠦᠬᠢᠨ ᠲᠠᠬᠦᠦ ᠬᠤᠶᠠᠷ ᠤᠨ ᠶᠠᠮᠠᠷᠪᠠ ᠬᠦᠴᠢᠷ ᠪᠡᠷᠬᠡ ᠠᠴᠠ ᠠᠶᠤᠬᠤ ᠦᠬᠡᠢ ᠲᠡᠰᠪᠦᠷᠢ ᠲᠡᠪᠴᠢᠶᠡᠷᠢ᠂ ᠬᠠᠮᠳᠤ ᠨᠠᠶᠢᠳᠠ ᠪᠠᠨ ᠬᠠᠶᠢᠷᠠᠯᠠᠬᠤ ᠪᠠᠳᠤ ᠴᠢᠩᠭ᠎ᠠ ᠢᠳᠡᠬᠡᠯ ᠪᠢᠰᠢᠷᠡᠯ ᠵᠡᠷᠬᠡ ᠰᠠᠶᠢᠨ ᠰᠠᠶᠢᠬᠠᠨ ᠵᠠᠩ ᠰᠤᠷᠳᠠᠯ ᠨᠢ ᠤᠳᠤᠬᠢ ᠬᠡᠦᠬᠡᠳ ᠲᠤ ᠨᠢᠬᠡ ᠤᠳᠠᠭᠠᠨ ᠤ ᠬᠠᠮᠤᠭ ᠤᠨ ᠠᠮᠢᠳᠤᠯᠢᠭ ᠰᠠᠶᠢᠬᠠᠨ ᠬᠢᠴᠢᠶᠠᠯ ᠶᠤᠮ᠃ ᠡᠶᠢᠮᠦ ᠠᠴᠠ᠂ ᠬᠡᠷᠬᠢᠨ ᠲᠤᠬᠠᠢ ᠶᠢᠨ ᠵᠢᠯ ᠤᠨ ᠲᠠᠯ᠎ᠠ ᠨᠤᠳᠤᠭ ᠤᠨ ᠪᠢᠴᠢᠬᠠᠨ ᠪᠠᠭᠠᠳᠤᠷ ᠡᠬᠡᠴᠢ ᠦᠬᠢᠨ ᠲᠡᠬᠦᠦ ᠬᠤᠶᠠᠷ ᠤᠨ ᠪᠡᠶ᠎ᠠ ᠲᠡᠬᠡᠷᠡᠬᠢ ᠡᠨᠡᠬᠦ ᠤᠶᠤᠨ ᠰᠠᠨᠠᠭᠠᠨ ᠤ ᠡᠳ᠋ ᠬᠦᠷᠦᠩᠬᠡ ᠶᠢ ᠤᠳᠤᠬᠢ ᠬᠦᠮᠦᠰ ᠤᠨ ᠰᠡᠳᠬᠢᠯ ᠳᠤ ᠢᠳᠡᠭᠡᠰᠢᠬᠦᠯᠵᠤ ᠲᠡᠳᠡᠨ ᠤ ᠰᠡᠳᠬᠢᠯ ᠳᠤ ᠬᠦᠷᠬᠡᠬᠦ ᠪᠤᠢ ᠬᠡᠲᠡᠭ ᠨᠢ ᠲᠤᠰ ᠲᠠᠭᠤᠯᠠᠯᠳᠤ ᠵᠦᠴᠦᠬᠡ ᠶᠢᠨ ᠵᠤᠬᠢᠶᠠᠨ ᠪᠦᠳᠦᠬᠡᠯᠬᠡ ᠶᠢᠨ ᠭᠤᠤᠯ ᠵᠤᠷᠢᠯᠳᠠ ᠪᠤᠯᠵᠠᠢ᠃              ᠲᠡᠳᠡ ᠬᠤᠶᠠᠷ ᠤᠨ ᠦᠯᠢᠬᠡᠷ ᠤᠯᠠᠩᠬᠢ ᠬᠦᠮᠦᠰ ᠲᠤ ᠮᠠᠷᠳᠠᠬᠳᠠᠬᠤ ᠰᠢᠬᠠᠬᠰᠠᠨ ᠪᠦᠭᠡᠳ ᠴᠢᠨᠠᠭᠰᠢᠯᠠᠨ ᠤᠯᠠᠩᠬᠢ ᠵᠠᠯᠠᠭᠤ ᠪᠠᠭᠠᠴᠤᠳ ᠲᠤ ᠠᠪᠴᠤ ᠬᠡᠯᠡᠪᠡᠯ ᠲᠡᠳᠡᠡ ᠤ ᠪᠠᠭᠠᠳᠤᠷᠯᠢᠭ ᠦᠢᠯᠠ ᠶᠠᠪᠤᠳᠠᠯ ᠨᠢ ︽ᠢᠳᠡᠬᠡᠭᠳᠡᠰᠢ ᠦᠬᠡᠢ︾᠂ ︽ᠪᠤᠯᠤᠮᠵᠢ ᠪᠠᠶᠢᠬᠤ ᠦᠬᠡᠢ︾ ᠡᠰᠡᠬᠦᠯ᠎ᠠ ︽ᠰᠡᠳᠬᠢᠭᠳᠡᠰᠢ ᠦᠬᠡᠢ︾ ᠬᠡᠬᠦ ᠲᠦᠷᠦᠭᠳᠡᠯ ᠦᠭᠬᠦᠨ᠎ᠡ᠃ ᠲᠤᠰ ᠵᠦᠴᠦᠬᠡ ᠡᠬᠢᠯᠡᠮᠡᠭᠴᠡ ᠨᠢᠬᠡᠨ ᠦᠶ᠎ᠠ ᠶᠢᠨ ᠬᠦᠮᠦᠰ ᠤᠨ ᠤᠶᠤᠨ ᠰᠠᠨᠠᠭᠠᠨ ᠤ ᠲᠤᠭ ᠲᠡᠮᠳᠡᠭ ᠪᠤᠯᠤᠬᠰᠠᠨ ᠲᠠᠯ᠎ᠠ ᠨᠤᠳᠤᠭ ᠤᠨ ᠡᠬᠡᠴᠢ ᠦᠬᠢᠨ ᠲᠡᠬᠦᠦ  ᠬᠤᠶᠠᠷ ᠲᠠᠶᠢᠰᠠᠨ᠎ᠠ ᠢᠯᠡᠷᠡᠬᠦ ᠪᠤᠯᠤᠨ᠎ᠠ᠃ ᠵᠠᠯᠭᠠᠭᠠᠳ ᠴᠡᠭᠡᠨ ᠬᠦᠰᠢᠬᠡᠨ ᠲᠡᠭᠡᠷ᠎ᠠ᠂ ᠡᠵᠢ᠂ ᠡᠮᠡᠭᠡ᠂ ᠡᠪᠦᠭᠡ ᠵᠢᠴᠢ ᠬᠡᠷ ᠤᠨ ᠠᠬᠠᠮᠠᠳ ᠨᠡᠷ ᠤᠨ ᠬᠡᠦᠬᠡᠳ ᠠᠴᠢᠨᠡᠷ ᠢᠶᠠᠨ ᠡᠷᠬᠡ ᠲᠡᠩᠬᠢ ᠲᠠᠯᠪᠢᠵᠤ ᠬᠡᠳᠤ ᠬᠠᠶᠢᠷᠠᠯᠠᠵᠤ ᠪᠠᠶᠢᠬᠤ ᠦᠵᠡᠭᠳᠡᠯ ᠢᠯᠡᠷᠡᠨ᠎ᠡ᠃ ᠡᠨᠡ ᠦᠶ᠎ᠠ ᠳᠤ᠂ ᠵᠦᠴᠦᠬᠡ ᠳᠤ ᠲᠤᠰᠬᠠᠢᠢᠯᠠᠨ ᠲᠤᠬᠢᠷᠠᠭᠤᠯᠤᠬᠰᠠᠨ— ᠬᠦᠮᠦᠨᠴᠢᠯᠡᠭᠰᠡᠨ ᠦᠬᠡ ᠶᠠᠷᠢᠵᠤ ᠴᠢᠳᠠᠳᠠᠭ ᠨᠢᠬᠡᠨ ᠢᠮᠠᠭ᠎ᠠ ᠬᠡᠬᠦᠳᠡᠭ ᠲᠦᠬᠦᠷᠡᠩ ᠬᠢᠯᠢᠩ ᠬᠤᠷᠤᠰᠤᠯ ᠲᠠᠢ ᠪᠠᠷ ᠬᠦᠮᠦᠰ ᠤᠨ ᠲᠤᠮᠳᠠ ᠲᠠᠭᠠᠷᠢᠨ ᠤᠷᠤᠵᠤ᠂ ᠤᠳᠤᠬᠠᠨ ᠤ  ᠬᠦᠮᠦᠰ ᠤᠨ ︽ᠡᠳᠦᠷ ᠲᠤᠵᠢ ᠺᠤᠮᠫᠢᠦ᠋ᠲ᠋ᠧᠷ ᠭᠠᠷ ᠤᠳᠠᠰᠤ ᠪᠠᠨ ᠱᠠᠭᠠᠢᠢᠵᠤ︾ ︽ᠶᠠᠭᠤ ᠪᠦᠬᠦᠨ ᠢ ᠢᠳᠡᠬᠡᠬᠦ ᠭᠡᠮᠡᠷ᠂ ᠪᠠᠰᠠ ᠶᠠᠭᠤ  ᠪᠤᠯᠭᠠᠨ ᠢ ᠢᠳᠡᠬᠡᠬᠦ ᠦᠬᠡᠢ ᠪᠠᠶᠢᠳᠠᠭ︾ ︽ᠬᠡᠪᠡᠷᠡᠭ ᠨᠤᠮᠤᠢ ᠤᠪᠯᠠᠨ ᠬᠠᠭᠤᠷᠮᠠᠬᠯᠠᠬᠤ︾ ᠵᠡᠷᠬᠡ ᠠᠮᠢᠳᠦᠷᠠᠯ ᠤᠨ ᠪᠠᠶᠢᠳᠠᠯ ᠪᠤᠯᠤᠨ ᠤᠶᠤᠨ ᠰᠠᠨᠠᠭᠠᠨ ᠤ ᠪᠠᠶᠢᠳᠠᠯ ᠢ ᠨᠢᠬᠡ ᠨᠢᠬᠡ ᠪᠠᠷ ᠲᠤᠭᠠᠴᠢᠨ᠎ᠠ᠁ ᠲᠠᠬᠢᠭᠠᠳ ᠡᠨᠡᠬᠦ ᠢᠮᠠᠭ᠎ᠠ ᠨᠢ ᠤᠪᠠᠳᠢᠰ ᠲᠠᠢ ᠲᠠᠰᠢᠭᠤᠷ ᠢᠶᠠᠨ ᠨᠢᠬᠡ ᠲᠠᠰᠢᠭᠤᠷᠳᠠᠮᠠᠬᠴᠠ ᠤᠳᠤᠬᠠᠨ ᠤ ᠬᠦᠮᠦᠰ ᠢ ︽ᠪᠦᠬᠦᠨ ᠢ ᠨᠢᠬᠡ ᠰᠦᠷᠦᠭ ᠲᠠᠯ᠎ᠠ ᠨᠤᠳᠤᠭ ᠤᠨ ᠬᠤᠨᠢ︾ ᠪᠤᠯᠭᠠᠨ ᠬᠤᠪᠢᠷᠠᠭᠤᠯᠵᠤ᠂ ᠲᠡᠬᠦᠨ ᠢ ᠲᠠᠭᠠᠵᠤ ︽50 ᠭᠠᠷᠤᠢ ᠵᠢᠯ ᠤᠨ ᠡᠮᠦᠨᠡᠬᠢ ᠲᠡᠷᠡ ᠡᠳᠦᠷ ᠲᠤ ᠪᠤᠴᠠᠵᠤ︾᠂ ︽ᠲᠡᠳᠡᠨᠦᠰ ᠲᠤ ᠵᠤᠷᠢᠭ ᠰᠦᠰᠦ ᠪᠤᠯᠤᠨ ᠬᠦᠴᠦᠨ ᠬᠠᠶᠢᠷᠠᠯᠠᠨ᠎ᠠ︾᠃ ᠲᠠᠬᠢᠭᠠᠳ ᠵᠦᠴᠦᠬᠡ ᠶᠢᠨ ᠦᠵᠡᠭᠳᠡᠯ ᠤᠨ ᠬᠦᠨᠵᠡᠬᠡᠶᠢᠷᠡᠬᠦ ᠶᠢ ᠲᠠᠭᠠᠯᠳᠤᠨ᠂ ᠲᠠᠯ᠎ᠠ ᠨᠤᠳᠤᠭ ᠤᠨ ᠪᠢᠴᠢᠬᠠᠨ ᠡᠬᠡᠴᠢ ᠦᠬᠢᠨ ᠲᠡᠬᠦᠦ ᠬᠤᠶᠠᠷ ᠢ ᠲᠠᠭᠠᠵᠤ ᠬᠠᠮᠳᠤᠪᠡᠷ ᠲᠡᠷᠡ ᠤᠳᠠᠭ᠎ᠠ ᠶᠢᠨ ᠴᠠᠰᠤ ᠰᠢᠭᠤᠷᠭ᠎ᠠ ᠶᠢ ᠦᠩᠬᠡᠷᠡᠬᠦᠯᠵᠤ ᠠᠮᠢ ᠨᠠᠰᠤᠨ ᠤ ᠭᠠᠶᠢᠬᠠᠮᠰᠢᠭ ᠢ ᠡᠬᠦᠳᠦᠭᠰᠡᠨ ᠡᠳᠡᠬᠡᠷ ᠬᠦᠮᠦᠰ᠂ ᠨᠢᠬᠡᠨ ᠤᠳᠠᠭ᠎ᠠ ᠶᠢᠨ ︽ᠤᠶᠤᠨ ᠰᠠᠨᠠᠭᠠᠨ ᠤ ᠤᠬᠢᠶᠠᠯᠭ᠎ᠠ︾ ᠶᠢ ᠬᠦᠷᠳᠡᠨ᠂ ᠲᠡᠷᠡ ᠬᠦ ᠴᠠᠭ ᠦᠶ᠎ᠠ ᠶᠢᠨ ᠲᠡᠷᠡ ᠬᠡᠰᠡᠭ ︽ᠡᠬᠦᠷᠢᠳᠡ ᠮᠠᠷᠳᠠᠬᠳᠠᠰᠢ ᠦᠬᠡᠢ ᠡᠷᠬᠢᠴᠡᠬᠦᠯᠦᠯ︾ ᠢ ᠬᠠᠮᠳᠤᠪᠡᠷ ᠡᠷᠢᠵᠤ ᠤᠯᠤᠨ᠎ᠠ᠃ ᠡᠶᠢᠮᠦᠷᠬᠦ ᠤᠷᠠᠨ ᠬᠠᠪᠤᠯᠢᠭ ᠤᠷᠠᠯᠢᠭ ᠤᠨ ᠰᠡᠳᠬᠢᠮᠵᠢ ᠨᠢ ᠲᠠᠦᠬᠡ ᠪᠤᠯᠤᠨ ᠪᠤᠳᠠᠳᠤ ᠠᠬᠤᠢ ᠶᠢ ᠨᠢᠬᠳᠠ ᠬᠤᠯᠪᠤᠵᠤ᠂ ᠬᠤᠪᠢᠰᠬᠠᠯᠳᠤ ᠰᠢᠯᠢᠳᠡᠭ ᠤᠯᠠᠮᠵᠢᠯᠠᠯ ᠳᠤ ᠬᠦᠴᠦᠷᠭᠡᠭ ᠶᠡᠭᠡ ᠤᠷᠠᠯᠢᠭ ᠤᠨ ᠨᠠᠪᠴᠢᠯᠳᠠ ᠪᠤᠯᠤᠨ ᠨᠦᠯᠦᠬᠡᠯᠡᠬᠦ ᠬᠦᠴᠦᠨ ᠤᠯᠭᠤᠬᠰᠠᠨ ᠪᠠᠶᠢᠨ᠎ᠠ᠃               ᠬᠦᠴᠦᠷᠭᠡᠭ ᠶᠡᠭᠡ ᠤᠶᠤᠨ ᠰᠠᠨᠠᠭᠠᠨ ᠤ ᠬᠦᠴᠦᠨ ᠪᠤᠯᠤᠨ ᠤᠷᠢ ᠵᠠᠯᠠᠭᠤ ᠨᠠᠰᠤᠨ ᠤ ᠴᠤᠭ ᠵᠤᠯᠪᠤᠭ᠎ᠠ            ᠲᠤᠰ ᠵᠦᠴᠦᠬᠡ ᠶᠢᠨ ᠨᠦᠬᠦᠬᠡ ᠨᠢᠬᠡ ᠢᠯᠠ ᠲᠤᠳᠤ ᠤᠨᠴᠠᠯᠢᠭ ᠬᠡᠪᠡᠯ ᠭᠤᠤᠯ ᠪᠠᠭᠠᠳᠤᠷ ᠪᠤᠯᠤᠭᠰᠠᠨ ᠪᠢᠴᠢᠬᠠᠨ ᠡᠬᠡᠴᠢ ᠦᠬᠢᠨ ᠲᠡᠬᠦᠦ ᠬᠤᠶᠠᠷ ᠤᠨ ᠲᠦᠷᠢ ᠲᠦᠷᠬᠦ ᠶᠢ ᠲᠤᠯᠭᠠᠭᠤᠷᠢᠯᠠᠬᠰᠠᠨ ᠬᠦᠴᠦᠷᠭᠡᠭ ᠶᠡᠭᠡ ᠤᠶᠤᠨ ᠰᠠᠨᠠᠭᠠᠨ ᠤ ᠬᠦᠴᠦᠨ ᠵᠢᠴᠢ ᠵᠦᠴᠦᠬᠡ ᠶᠢᠨ ᠲᠤᠳᠤᠷᠠᠬᠢ ᠬᠦᠮᠦᠨ ᠤ ᠲᠦᠷᠢ ᠶᠢᠨ ᠤᠨᠴᠠᠯᠢᠭ ᠰᠢᠨᠵᠢ ᠪᠤᠯᠤᠨ ᠵᠠᠯᠠᠭᠤ ᠵᠤᠬᠢᠶᠠᠨ ᠪᠦᠳᠦᠬᠡᠭᠴᠢᠳ ᠤᠨ ᠬᠡᠪ ᠨᠠᠮᠪᠠ ᠠᠴᠠ ᠪᠤᠯᠤᠬᠰᠠᠨ ᠪᠦᠬᠦ ᠵᠦᠴᠦᠬᠡ ᠳᠤ ᠨᠠᠪᠴᠢᠭᠰᠡᠨ ᠤᠷᠢ ᠵᠠᠯᠠᠭᠤ ᠴᠤᠭ ᠵᠤᠯᠪᠤᠭ᠎ᠠ ᠪᠤᠯᠤᠨ᠎ᠠ᠃ ᠯᠦᠩ ᠮᠸᠢ ᠪᠤᠯᠤᠨ ᠢᠤᠢ ᠷᠦᠩ ᠨᠢ ᠬᠦᠰᠡᠯᠡᠩ ᠢᠳᠡᠬᠡᠯ ᠪᠢᠰᠢᠷᠠᠯ ᠢᠶᠠᠷ ᠪᠢᠯᠬᠠᠬᠰᠠᠨ ᠲᠡᠷᠡᠬᠦ ᠴᠠᠭ ᠦᠶ᠎ᠠ ᠶᠢᠨ ᠲᠦᠯᠦᠬᠡᠯᠡᠬᠦ ᠬᠦᠮᠦᠨ ᠪᠤᠯᠤᠬᠰᠠᠨ ᠤ ᠬᠤᠪᠢ ᠳᠤ᠂ ᠰᠡᠳᠬᠢᠯ ᠵᠢᠷᠦᠬᠡᠨ ᠳᠡᠭᠡᠨ ᠢᠳᠡᠬᠡᠯ ᠪᠢᠰᠢᠷᠡᠯ ᠪᠤᠯᠤᠨ ᠰᠠᠶᠢᠨ ᠰᠠᠶᠢᠬᠠᠨ ᠤ ᠲᠦᠯᠦᠬᠡᠨ ᠤ ᠬᠦᠰᠡᠯᠡᠩ ᠬᠦᠬᠡᠬᠡᠴᠡᠯᠳᠦᠯ ᠢ ᠡᠪᠦᠷᠯᠡᠭᠰᠡᠨ ᠪᠠᠶᠢᠳᠠᠭ᠃ ᠡᠬᠡᠴᠢ ᠦᠬᠢᠨ ᠲᠡᠬᠦᠦ ᠬᠤᠶᠠᠷ ᠤᠨ ᠨᠢᠬᠡ ᠨᠢ ᠪᠦᠵᠢᠭ ᠪᠦᠵᠢᠭᠯᠡᠬᠦ ᠲᠤᠷᠠᠳᠠᠢ᠂ ︽ᠠᠯᠢ ᠨᠢᠬᠡᠨ ᠡᠳᠦᠷ ᠲᠠᠶᠢᠰᠠᠨ᠎ᠠ ᠭᠠᠷᠴᠤ ᠰᠠᠨᠠᠭ᠎ᠠ ᠪᠠᠨ ᠠᠭᠤᠵᠢᠷᠠᠳᠠᠯ᠎ᠠ ᠪᠦᠵᠢᠭᠯᠡᠭᠡᠳ︾ ︽ᠲᠠᠶᠢᠰᠠ ᠲᠦᠬᠦᠷᠡᠩ ᠰᠤᠷᠭᠤᠭ ᠴᠡᠴᠡᠭ︾ ᠢᠶᠠᠷ ᠮᠢᠯᠢᠶᠠᠯᠭᠠᠬᠤ ᠶᠢ ᠬᠦᠰᠡᠳᠡᠭ᠃ ᠨᠦᠬᠦᠬᠡ ᠨᠢ ᠴᠠᠭ ᠠᠭᠤᠷ ᠤᠨ ᠰᠢᠨᠵᠢᠯᠡᠬᠦ ᠤᠬᠠᠭᠠᠨᠳᠠᠨ ᠪᠤᠯᠵᠤ ︽ᠡᠬᠦᠯᠡ ᠶᠢ ᠦᠬᠡ ᠰᠤᠨᠤᠰᠬᠤ ᠪᠤᠯᠭᠠᠵᠤ︾ ︽ᠨᠠᠷᠠ ᠬᠤᠷ᠎ᠠ ᠨᠢ ᠲᠠᠩᠴᠡᠭᠰᠡᠨ ᠲᠠᠯ᠎ᠠ ᠨᠤᠳᠤᠭ︾ ᠢᠶᠠᠨ ︽ᠵᠤᠯ ᠵᠢᠷᠭᠠᠯ ᠤᠨ ᠤᠷᠳᠤᠨ︾ ᠪᠤᠯᠭᠠᠨ ᠬᠤᠪᠢᠷᠠᠭᠤᠯᠬᠤ ᠶᠢ ᠰᠠᠨᠠᠳᠠᠭ᠃ ᠲᠡᠨᠢᠬᠡᠷ ᠠᠭᠤᠳᠠᠮ ᠲᠠᠯ᠎ᠠ ᠨᠤᠳᠤᠭ ᠲᠤ ᠦᠰᠦᠨ ᠪᠦᠢᠵᠢᠬᠰᠠᠨ ᠲᠡᠳᠠ ᠬᠤᠶᠠᠷ ᠪᠤᠯ ᠮᠤᠩᠭᠤᠯ ᠦᠨᠳᠦᠰᠦᠳᠡᠨ ᠤ ᠬᠤᠶᠢᠴᠢᠰ᠂ ᠪᠠᠭᠠᠳᠤᠷ ᠢ ᠰᠢᠳᠦᠬᠦ ᠪᠤᠯ ᠲᠡᠳᠡᠨ ᠤ ᠤᠶᠤᠨ ᠰᠠᠨᠠᠭᠠᠨ ᠤ ᠲᠦᠷᠦᠯᠬᠢ ᠴᠢᠨᠠᠷ᠂ ᠡᠷᠡᠯᠬᠡᠭ ᠪᠠᠭᠠᠳᠤᠷᠯᠢᠭ ᠪᠤᠯ ᠲᠡᠳᠡᠨ ᠤ ᠴᠢᠰᠦᠨ ᠳᠤᠨᠢ ᠰᠢᠩᠭᠡᠵᠤ ᠪᠠᠶᠢᠳᠠᠭ ᠦᠨᠳᠦᠰᠦᠳᠡᠨ ᠤ ᠵᠠᠩ ᠠᠷᠠᠨᠰᠢᠨ ᠶᠤᠮ᠃ ᠡᠶᠢᠮᠦ ᠪᠤᠯᠬᠤᠯᠠᠷ ᠦᠬᠢᠨ ᠲᠡᠬᠦᠦ ᠨᠢ᠂ ︽ᠪᠢ ᠨᠢᠬᠡᠬᠳᠡ 9 ᠨᠠᠰᠤᠯᠠᠴᠢᠬᠠᠯ᠎ᠠ᠂ ᠪᠢᠴᠢᠬᠠᠨ ᠵᠢᠭᠠᠯ ᠪᠢᠰᠢ \ ᠲᠠᠯ᠎ᠠ ᠨᠤᠳᠤᠭ ᠲᠤ \ ᠵᠤᠯᠵᠠᠭ᠎ᠠ ᠪᠦᠷᠬᠦᠳ ᠵᠢᠬᠦᠷ ᠢᠶᠠᠨ ᠲᠡᠯᠬᠡᠨ ᠲᠡᠬᠦᠯᠢᠨ ᠨᠢᠰᠦᠯ᠎ᠠ \ ᠬᠦᠬᠡ ᠤᠬᠳᠠᠷᠭᠤᠢ ᠶᠢ ᠬᠦᠰᠡᠨ ᠲᠡᠮᠡᠦᠯᠵᠤ \ ᠵᠤᠷᠢᠬᠳᠠᠢ ᠪᠠᠷ ᠨᠢᠰᠦᠨ ᠲᠡᠬᠦᠯᠢᠯ᠎ᠠ︾ ᠬᠡᠵᠤ ᠲᠠᠭᠤᠯᠠᠳᠠᠭ ᠪᠠᠶᠢᠨ᠎ᠠ︔ ᠶᠠᠭ ᠡᠶᠢᠮᠦ ᠠᠴᠠ ᠠᠪᠤ ᠡᠵᠢ ᠨᠢ ᠲᠡᠳᠡᠨ ᠠᠴᠠ ᠬᠠᠮᠤᠭ ᠠᠴᠠ ᠪᠢᠰᠢᠷᠠᠨ ᠬᠦᠨᠳᠦᠳᠬᠡᠳᠡᠭ ᠬᠦᠮᠦᠨ ᠬᠡᠨ ᠪᠤᠢ ᠬᠡᠵᠤ ᠠᠰᠠᠭᠤᠬᠤ ᠳᠤ ᠡᠨᠡ ᠬᠤᠶᠠᠷ ︽ᠬᠠᠮᠳᠤ ᠨᠠᠶᠢᠳᠠ ᠪᠠᠨ ᠬᠠᠶᠢᠷᠠᠯᠠᠳᠠᠭ︾ ︽ᠬᠦᠳᠡᠯᠮᠦᠷᠢ ᠶᠢ ᠬᠠᠶᠢᠷᠠᠯᠠᠳᠠᠭ︾ ᠬᠡᠦᠬᠡᠳ ᠦᠴᠦᠬᠡᠨ ᠴᠤ ᠲᠠᠳᠠᠭᠠᠯᠵᠠᠯ ᠦᠬᠡᠢ ᠪᠠᠷ ︽ᠶᠠᠷᠢᠶᠠᠨ ᠦᠬᠡᠢ ᠯᠸᠢ ᠹᠧᠩ ᠠᠪᠠᠭ᠎ᠠ︾ ᠬᠡᠵᠤ ᠬᠠᠷᠢᠭᠤᠯᠤᠬᠰᠠᠨ ᠳ᠋ᠠᠭ᠃ ᠲᠤᠬᠰᠢᠨ ᠰᠢᠷᠦᠬᠦᠨ ᠴᠠᠰᠤ ᠰᠢᠭᠤᠷᠭ᠎ᠠ ᠬᠤᠨᠢᠨ ᠰᠦᠷᠦᠭ ᠢ ᠨᠢ ᠨᠦᠷᠢᠨ ᠲᠠᠭᠠᠷᠢᠬᠤ ᠦᠶ᠎ᠠ ᠳᠤ᠂ ᠲᠡᠳᠡᠨ ᠤ ᠤᠶᠤᠨ ᠰᠡᠳᠬᠢᠯ ᠢ ᠡᠵᠡᠮᠳᠡᠭᠰᠡᠨ ᠢᠳᠡᠬᠡᠯ ᠪᠢᠰᠢᠷᠠᠯ ᠨᠢ ᠬᠠᠮᠳᠤ ᠨᠠᠶᠢᠳᠠ ᠯᠡ ᠪᠠᠶᠢᠵᠤ᠂ ᠪᠤᠯᠪᠠᠷᠠᠢ ᠵᠦᠬᠡᠯᠡᠨ ᠪᠠᠶ᠎ᠠ ᠴᠤᠬᠴᠠ ᠪᠠᠷ ᠢᠶᠠᠨ᠂ ᠪᠦᠬᠦ ᠰᠡᠳᠬᠢᠯ ᠪᠦᠬᠦ ᠵᠤᠷᠢᠭ ᠢᠶᠠᠷ ᠢᠶᠠᠨ ᠬᠤᠨᠢᠨ ᠰᠦᠷᠦᠭ ᠢᠶᠠᠨ ᠦᠬᠦᠨ ᠬᠠᠮᠠᠭᠠᠯᠠᠵᠠᠢ᠃ ᠲᠡᠳᠡ ᠤᠷᠳᠤ ᠬᠤᠭᠤᠴᠠᠭ᠎ᠠ ᠪᠠᠷ ᠴᠠᠰᠤ ᠰᠢᠭᠤᠷᠭ᠎ᠠ ᠲᠠᠢ ᠲᠡᠮᠡᠴᠡᠵᠤ᠂ ᠦᠬᠦᠯ ᠤᠨ ᠲᠠᠪᠠᠭᠠᠨ ᠳᠤ ᠬᠦᠷᠬᠦ ᠦᠶ᠎ᠠ ᠳᠤ᠂ ᠦᠬᠦᠪᠡᠴᠤ ᠬᠤᠶᠠᠭᠤᠯᠠ ᠪᠠᠨ ᠰᠠᠯᠬᠤ ᠦᠬᠡᠢ ᠠᠮᠢ ᠨᠠᠰᠤᠨ ᠤ ᠬᠦᠴᠦᠷᠭᠡᠭ ᠲᠠᠭᠤᠨ ᠢ ᠬᠠᠩᠬᠢᠨᠠᠭᠤᠯᠵᠠᠢ᠄ ᠦᠬᠢᠨ ᠲᠡᠬᠦᠦ ᠶᠢᠨ ᠬᠢᠨᠢ ᠦᠷᠦᠬᠡᠰᠦᠨ ᠢᠰᠡᠬᠡᠢ ᠭᠤᠳᠤᠯ ᠨᠢ ᠭᠡᠭᠡᠭᠳᠡᠵᠤ ᠬᠡᠳᠦ᠋ᠢᠨᠠᠢ ᠬᠦᠯ ᠨᠢ ᠨᠢᠬᠡᠨᠳᠡ ᠮᠦᠰᠦᠨ ᠪᠦᠮᠪᠦᠭᠡ ᠪᠤᠯᠵᠤ ᠬᠦᠯᠳᠡᠭᠰᠡᠨ ᠪᠠᠶᠢᠳᠠᠯ᠎ᠠ ᠡᠬᠡᠴᠢ ᠨᠢ ᠮᠦᠨ ᠬᠦ ᠦᠬᠢᠨ ᠲᠡᠬᠦᠦ ᠪᠠᠨ ︽ᠪᠤᠰᠤ︕ ᠪᠤᠰᠤ︕ ᠴᠢ ᠯᠠᠪᠳᠠᠢ ᠨᠢᠬᠡᠨ ᠰᠢᠯᠢᠳᠡᠭ ᠪᠦᠵᠢᠭᠴᠢᠨ ᠪᠤᠯᠵᠤ ᠲᠡᠶᠢᠯᠦᠨ᠎ᠠ︾ ᠬᠡᠵᠤ ᠵᠤᠷᠢᠬᠵᠢᠭᠤᠯᠤᠨ ᠬᠠᠰᠬᠢᠷᠴᠤ ᠪᠠᠶᠢᠯ᠎ᠠ᠃ ᠪᠢᠰᠢᠷᠡᠬᠦᠰᠢᠳᠡᠢ ᠨᠢ᠂ ᠵᠠᠯᠠᠭᠤ ᠵᠤᠬᠢᠶᠠᠨ ᠪᠦᠳᠦᠬᠡᠭᠴᠢᠳ ᠮᠠᠨᠢ ᠦᠪᠡᠷ ᠤᠨ ᠪᠠᠶ᠎ᠠ ᠲᠡᠭᠡᠷ᠎ᠡ ᠤᠨᠴᠠ ᠪᠠᠶᠢᠳᠠᠭ ᠤᠷᠢ ᠵᠠᠯᠠᠭᠤ ᠶᠢᠨ ᠴᠤᠭ ᠵᠤᠯᠪᠤᠭ᠎ᠠ ᠪᠠᠨ ᠵᠦᠴᠦᠬᠡ ᠶᠢᠨ ᠦᠵᠡᠭᠳᠡᠯ ᠪᠤᠯᠤᠨ ᠲᠠᠭᠤᠤ ᠶᠢᠨ ᠦᠬᠡ ᠲᠤᠮᠳᠠ ᠠᠭᠤᠰᠬᠠᠵᠤ᠂ ᠪᠦᠬᠦ᠋ᠢᠯᠡ ᠵᠦᠴᠦᠬᠡ ᠨᠢ ᠤᠷᠠᠢ ᠵᠠᠯᠠᠭᠤ ᠶᠢᠨ ᠷᠤᠮᠠᠨᠲ᠋ᠢᠭ ᠠᠭᠤᠷ ᠠᠮᠢᠰᠬᠤᠯ ᠢᠶᠠᠷ ᠪᠢᠯᠬᠠᠵᠠᠢ᠃ ᠪᠢᠴᠢᠬᠠᠨ ᠡᠬᠡᠴᠢ ᠦᠬᠢᠨ ᠲᠡᠬᠦᠦ ᠬᠤᠶᠠᠷ ᠤᠨ ᠰᠠᠶᠢᠨ ᠰᠠᠶᠢᠬᠠᠨ ᠢᠷᠡᠬᠡᠳᠦᠢ ᠶᠢᠨ ᠲᠤᠬᠠᠢ ᠲᠠᠭᠤᠯᠠᠬᠰᠠᠨ ᠬᠡᠰᠡᠭ ᠲᠤ᠂ ᠯᠦᠩ ᠮᠸᠢ᠄ ᠪᠢ ᠬᠦᠬᠡ ᠲᠡᠭᠷᠢ ᠪᠠᠷ ᠠᠶᠠᠷᠬᠠᠨ ᠨᠡᠬᠦᠳᠡᠯᠯᠡᠬᠦ ᠬᠦᠪᠦᠩ ᠴᠠᠭᠠᠨ ᠡᠬᠦᠯᠡ ᠶᠢ ᠬᠠᠷᠠᠵᠤ ᠰᠠᠭᠤᠬᠤ ᠲᠤᠷᠠᠳᠠᠢ \ ᠠᠯᠢ ᠨᠢᠬᠡᠨ ᠡᠳᠦᠷ ᠡᠬᠦᠯᠡᠨ ᠳᠤ ᠵᠢᠬᠦᠷ ᠤᠷᠭᠤᠭᠤᠯᠬᠤ ᠶᠢ ᠬᠦᠰᠡᠨ ᠰᠠᠨᠠᠳᠠᠭ \ ᠵᠤᠨ ᠤ ᠪᠤᠷᠤᠭᠠᠨ ᠡᠪᠦᠯ ᠤᠨ ᠴᠠᠰᠤᠨ ᠬᠦᠰᠡᠯ ᠵᠡᠬᠦᠳᠤ ᠶᠢ ᠮᠠᠨᠢ ᠤᠮᠳᠠᠯᠠᠵᠤ \ ᠨᠠᠷᠠ ᠬᠤᠷ᠎ᠠ ᠨᠢ ᠲᠠᠩᠴᠡᠭᠰᠡᠨ ᠲᠠᠯ᠎ᠠ ᠨᠤᠳᠤᠭ ᠮᠢᠨᠢ ᠲᠠᠷᠤᠢ ᠵᠢᠷᠭᠠᠯ‌‍ᠤᠨ ᠤᠷᠳᠤᠨ ᠭᠡᠵᠤ ᠲᠠᠭᠤᠯᠠᠯ᠎ᠠ᠃ ᠢᠤᠢ ᠷᠦᠩ᠄ ᠪᠢ ᠪᠦᠵᠢᠭᠯᠡᠬᠦ ᠲᠤᠷᠠᠳᠠᠢ \ ᠲᠠᠯ᠎ᠠ ᠨᠤᠳᠤᠭ ᠤᠨ ᠤᠶᠠᠬᠠᠨ ᠰᠠᠯᠬᠢ ᠡᠶᠡᠪᠡᠷᠬᠦ ᠰᠠᠷᠠᠨ ᠨᠢ ᠮᠢᠨᠦ ᠦᠵᠡᠭᠴᠢ \ ᠪᠢ ᠰᠠᠯᠬᠢᠨ ᠤ ᠲᠤᠮᠳᠠ ᠨᠢᠭᠤᠵᠤ᠂ ᠰᠠᠷᠠᠨ ᠡᠬᠦᠯᠡᠨ ᠤ ᠴᠠᠭᠠᠨ᠎ᠠ ᠲᠠᠯᠳᠠᠯᠠᠨ \ ᠵᠡᠬᠦᠳᠦᠨ ᠤ ᠰᠡᠬᠦᠳᠡᠷ ᠢᠶᠠᠷ ᠭᠢᠰᠬᠢᠯᠡᠨ ᠨᠢᠬᠡᠯᠡ ᠲᠡᠭᠡᠷ᠎ᠡ ᠪᠠᠶᠠᠷ ᠵᠢᠷᠭᠠᠯ ᠤᠨ ᠤᠷᠳᠤᠨ ᠳᠤ ᠬᠦᠷᠦᠨ᠎ᠠ ᠬᠡᠵᠤ ᠲᠠᠭᠤᠯᠠᠨ᠎ᠠ᠃               ᠭᠠᠮᠰᠢᠭ ᠵᠤᠳ ᠬᠦᠷᠴᠤ ᠢᠷᠡᠬᠦ ᠦᠶ᠎ᠠ ᠳᠤ ᠴᠤ ᠴᠤᠪᠤᠭᠤ ᠲᠡᠭᠵᠢᠨ‌ᠢᠤᠢ ᠷᠦᠩ ᠵᠡᠬᠦᠳᠤᠨ ᠳᠤ ᠪᠠᠨ ᠪᠠᠶᠢᠬᠤ ᠬᠡᠮᠡᠷᠬᠡᠨ ᠴᠠᠰᠤᠨ ᠴᠡᠴᠡᠭ ᠤᠨ ᠲᠤᠮᠳᠠ ᠰᠤᠭᠳᠤᠭᠤᠷᠠᠵᠤ᠂ ᠦᠪᠡᠷ ᠤᠨ ᠡᠷᠬᠡ ᠦᠬᠡᠢ ᠪᠦᠵᠢᠭᠯᠡᠵᠤ ᠡᠬᠢᠯᠡᠵᠡᠢ᠃ ᠴᠠᠰᠤᠨ ᠯᠠᠪᠰᠠᠯᠠᠵᠤ ᠬᠦᠢᠳᠡᠨ ᠰᠢᠭᠤᠷᠭ᠎ᠠ ᠲᠡᠭᠳᠡᠭᠰᠡᠨ ᠴᠤ ᠪᠢᠴᠢᠬᠠᠨ ᠡᠬᠡᠴᠢ ᠦᠬᠢᠨ ᠲᠡᠬᠦᠦ ᠬᠤᠶᠠᠷ ᠦᠴᠦᠬᠡᠨ ᠴᠤ ᠠᠶᠤᠵᠤ ᠰᠦᠷᠳᠡᠯ ᠦᠬᠡᠢ‌‍ᠪᠠᠷ ᠬᠤᠨᠢᠨ ᠰᠦᠷᠦᠭ ᠢᠶᠠᠨ ᠲᠠᠭᠠᠭᠤᠯᠤᠨ ᠬᠠᠶᠠ ᠪᠦᠵᠢᠭᠯᠡᠨ ᠬᠠᠶᠠ ᠲᠠᠭᠤᠯᠠᠵᠤ ᠶᠠᠪᠤᠨ᠎ᠠ᠃ ᠡᠨᠡ ᠪᠤᠯ ᠪᠠᠭᠠᠳᠤᠷᠯᠢᠭ ᠦᠵᠡᠯ ᠪᠤᠯᠤᠨ ᠨᠠᠶᠢᠳᠡᠴᠢ ᠦᠵᠡᠯ ᠤᠨ ᠮᠠᠬᠳᠠᠭᠠᠯ ᠲᠠᠭᠤᠤ᠂ ᠮᠦᠨᠴᠤ ᠤᠷᠬᠢᠯᠤᠮ᠎ᠠ ᠴᠠᠯᠬᠢᠯᠤᠮ᠎ᠠ ᠤᠷᠢ ᠵᠠᠯᠠᠭᠤ ᠠᠮᠢ ᠨᠠᠰᠤᠨ ᠤ ᠮᠠᠬᠳᠠᠭᠠᠯ ᠲᠠᠭᠤᠤ ᠠᠵᠢ᠃               ᠦᠪᠡᠷᠮᠢᠴᠡ ᠤᠨᠴᠠᠭᠠᠢ ᠲᠦᠷᠢ ᠪᠦᠳᠦᠬᠡᠯᠳᠠ ᠪᠤᠯᠤᠨ ᠤᠳᠬ᠎ᠠ ᠬᠦᠨ ᠤᠷᠠᠨ ᠵᠤᠬᠢᠶᠠᠯ ᠤᠨ ᠦᠨᠦᠷ ᠠᠮᠳᠠ        ᠵᠦᠴᠦᠬᠡ ᠶᠢᠨ ᠬᠤᠶᠠᠷ ᠪᠢᠴᠢᠬᠠᠨ ᠭᠤᠤᠯ ᠪᠠᠭᠠᠳᠤᠷ᠂ ᠡᠬᠡᠴᠢ ᠨᠢ ᠲᠠᠭᠤᠤ ᠲᠠᠭᠤᠯᠠᠬᠤ ᠳᠤ ᠪᠠᠨ ᠠᠪᠢᠶᠠᠰ ᠲᠠᠢ᠂ ᠦᠬᠢᠨ ᠲᠡᠬᠦᠦ ᠨᠢ ᠪᠦᠵᠢᠭᠯᠡᠬᠦ ᠲᠤᠷᠠᠳᠠᠢ᠂ ᠢᠩᠬᠢᠵᠤ ᠲᠤᠬᠢᠷᠠᠭᠤᠯᠤᠬᠰᠠᠨ ᠨᠢ ᠲᠦᠷᠦᠯᠬᠢ ᠲᠠᠭᠤᠤ ᠪᠦᠵᠢᠭ ᠲᠤ ᠠᠪᠢᠶᠠᠰ ᠲᠠᠢ ᠮᠤᠩᠭᠤᠯ ᠦᠨᠳᠦᠰᠦᠳᠡᠨ ᠤ ᠤᠨᠴᠠᠯᠢᠭ ᠲᠤ ᠵᠤᠬᠢᠴᠠᠬᠰᠠᠨ ᠮᠦᠷᠳᠡᠬᠡᠨ ᠲᠠᠭᠤᠯᠠᠯᠳᠤ ᠵᠦᠴᠦᠬᠡ ᠶᠢᠨ ᠱᠠᠭᠠᠷᠳᠠᠯᠭ᠎ᠠ ᠲᠠᠢ ᠨᠠᠶᠢᠴᠠᠨ᠎ᠠ᠃ ᠡᠬᠡᠴᠢ ᠨᠢ ᠦᠬᠢᠨ ᠲᠡᠬᠦᠦ ᠳᠡᠭᠡᠨ ᠠᠷᠭ᠎ᠠ ᠦᠬᠡᠢ ᠬᠠᠶᠢᠷᠠᠳᠠᠢ᠂ ᠬᠡᠬᠦ ᠳᠡᠭᠡᠨ ᠦᠷᠬᠦᠯᠵᠢ ᠦᠬᠢᠨ ᠲᠡᠬᠦᠦ ᠪᠠᠷ ᠢᠶᠠᠨ ᠲᠤᠬᠯᠠᠭᠠᠮ ᠬᠢᠵᠤ ᠱᠤᠭᠯᠠᠳᠠᠭ︔ ᠦᠬᠢᠨ ᠲᠡᠬᠦᠦ ᠨᠢ ᠴᠤᠪᠤᠭᠤ ᠲᠡᠭᠵᠢᠨ᠂ ᠶᠠᠭᠤ ᠪᠤᠯᠭᠠᠨ ᠳᠤ ᠡᠷᠳᠡᠮ ᠴᠢᠳᠡᠯ ᠢᠶᠠᠨ ᠭᠠᠶᠢᠬᠠᠭᠤᠯᠳᠠᠭ᠂ ᠬᠡᠪᠡᠴᠦ ︽ᠲᠠᠦᠯᠠᠢ ᠰᠢᠭ᠋ ᠠᠶᠤᠮᠠᠳᠠᠭᠠᠢ︾᠃ ᠪᠢᠴᠢᠬᠠᠨ ᠡᠬᠡᠴᠢ ᠦᠬᠢᠨ ᠲᠡᠬᠦᠦ ᠬᠤᠶᠠᠷ ᠤᠨ ᠡᠨᠡᠬᠦ ᠵᠠᠩ ᠠᠷᠠᠨᠰᠢᠨ ᠤ ᠵᠦᠷᠢᠶ᠎ᠠ ᠨᠢ ᠬᠦᠢᠳᠡᠨ ᠴᠠᠰᠤ ᠲᠤᠬᠰᠢᠨ ᠰᠢᠭᠤᠷᠭ᠎ᠠ ᠶᠢᠨ ᠭᠠᠮᠰᠢᠭ ᠤᠨ ᠲᠤᠮᠳᠠ ᠠᠮᠢ ᠨᠠᠰᠤᠨ ᠤ ᠭᠠᠶᠢᠬᠠᠮᠰᠢᠭ ᠢ ᠡᠬᠦᠳᠬᠦ ᠶᠠᠪᠤᠴᠠ ᠳᠤ ᠠᠭᠠᠵᠢᠮ ᠢᠶᠠᠷ ᠲᠡᠯᠭᠡᠭᠳᠡᠵᠤ ᠦᠵᠡᠭᠴᠢᠳ ᠤᠨ ᠰᠡᠳᠬᠢᠯ ᠳᠤ ᠬᠦᠨ ᠰᠠᠭᠤᠬᠳᠠᠯ ᠦᠯᠡᠳᠡᠬᠡᠵᠡᠢ᠃ ᠦᠵᠡᠭᠴᠢᠳ ᠤᠨ ᠰᠡᠳᠬᠢᠯ ᠳᠤ ᠦᠯᠡᠳᠡᠭᠡᠭᠰᠡᠨ ᠪᠠᠰᠠ ᠨᠢᠬᠡᠨ ᠬᠦᠨ ᠰᠠᠭᠤᠬᠳᠠᠯ ᠬᠡᠪᠡᠯ᠂ ᠵᠦᠴᠦᠭᠡ ᠵᠤᠬᠢᠶᠠᠭᠴᠢ ᠠᠴᠠ ᠬᠤᠨᠢᠨ ᠰᠦᠷᠦᠭ ᠢ ᠬᠦᠮᠦᠨᠴᠢᠯᠡᠨ ᠠᠮᠢᠯᠠᠭᠤᠯᠤᠬᠰᠠᠨ ᠪᠦᠬᠡᠳ ᠲᠤᠰ ᠲᠤᠰ ᠠᠳᠠᠯᠢ ᠪᠤᠰᠤ ᠶᠢᠨ ᠵᠠᠩ ᠠᠷᠠᠨᠰᠢᠨ ᠲᠠᠢ ᠲᠦᠷᠢ ᠪᠤᠯᠭᠠᠨ ᠱᠤᠭᠤᠵᠠᠢ᠃ ᠡᠩ ᠲᠡᠷᠢᠬᠦᠨ ᠳᠤ ᠬᠤᠨᠢ ᠪᠤᠯᠤᠨ ᠢᠮᠠᠭ᠎ᠠ ᠬᠤᠶᠠᠷ ᠵᠦᠢᠯ ‍ᠤᠨ‌ᠠᠳᠠᠯᠢ ᠪᠤᠰᠤ ᠠᠮᠢᠳᠠᠨ ᠳᠤ ᠦᠨᠳᠦᠰᠦᠯᠡᠵᠤ᠂ ︽ᠪᠡᠰᠡ‌ᠨᠢᠬᠡ ᠵᠦᠢᠯ ᠤᠨ ᠬᠤᠨᠢ ᠬᠠᠷᠢᠭᠤᠯᠬᠤ ᠲᠠᠭᠤᠤ︾ ᠶᠢᠨ ᠲᠤᠮᠳᠠ ᠬᠤᠨᠢ ᠪᠤᠯᠤᠨ ᠢᠮᠠᠭ᠎ᠠ ᠶᠢᠨ ᠬᠠᠮᠳᠤ ᠶᠢᠨ ᠡᠯᠬᠦᠬᠡ ᠲᠠᠭᠤᠤ ᠶᠢ ᠲᠤᠬᠢᠷᠠᠭᠤᠯᠵᠤ᠂ ᠬᠤᠶᠠᠷ ᠵᠦᠢᠯ ᠤᠨ ᠠᠮᠢᠳᠠᠨ ᠤ ᠠᠳᠠᠯᠢ ᠪᠤᠰᠤ ᠵᠠᠩ ᠠᠷᠠᠨᠰᠢᠨ ᠪᠤᠯᠤᠨ ᠤᠨᠴᠠᠯᠢᠭ ᠰᠢᠨᠵᠢ ᠵᠢᠴᠢ ᠬᠠᠷᠢᠯᠴᠠᠨ ᠱᠤᠬᠯᠠᠵᠤ ᠬᠠᠷᠢᠯᠴᠠᠨ ᠲᠦᠰᠢᠯᠴᠡᠬᠦ ᠬᠠᠷᠢᠴᠠᠭ᠎ᠠ ᠶᠢ ᠠᠮᠢᠳᠤᠯᠢᠭ ᠬᠦᠬᠡᠷᠦᠬᠦᠨ ᠢᠯᠡᠷᠡᠬᠦᠯᠦᠭᠰᠡᠨ ᠪᠠᠶᠢᠨ᠎ᠠ᠃ ᠲᠡᠷᠠᠭ᠎ᠠ ᠨᠢ᠂ ᠵᠦᠴᠦᠬᠡ ᠶᠢᠨ ᠦᠵᠡᠭᠳᠡᠯ ᠤᠨ ᠬᠡᠷᠡᠭᠴᠡᠭᠡ ᠶᠢ ᠦᠨᠳᠦᠰᠦᠯᠡᠵᠤ᠂ ᠲᠤᠰ ᠲᠤᠰ ︽ᠬᠡᠳᠡᠷ ᠵᠠᠩ ᠲᠠᠢ ᠬᠤᠨᠢ︾ ᠪᠤᠯᠤᠨ ︽ᠮᠡᠨᠡᠭᠷᠡᠬᠦᠦ ᠬᠤᠨᠢ︾ ︽ᠬᠤᠷᠴᠠ ᠡᠪᠡᠷᠳᠤ ᠢᠮᠠᠭ᠎ᠠ︾ ᠵᠡᠷᠬᠡ ᠲᠦᠷᠢ ᠶᠢ ᠲᠤᠰ ᠲᠤᠰ ᠪᠦᠳᠦᠬᠡᠵᠤ᠂ ᠡᠬᠦᠨ ᠢᠶᠠᠷ ᠠᠳᠠᠯᠢ ᠪᠤᠰᠤ ᠵᠦᠴᠦᠬᠡ ᠶᠢᠨ ᠦᠵᠡᠭᠳᠡᠯ ᠡᠰᠡᠬᠦᠯ᠎ᠡ ᠨᠠᠷᠢᠯᠢᠭ ᠵᠦᠢᠯᠡᠰ ᠢ ᠠᠬᠢᠭᠤᠯᠬᠤ ᠳᠤ ᠬᠦᠳᠡᠯᠬᠡᠬᠦ ᠬᠦᠴᠦᠨ ᠤᠯᠭᠤᠬᠰᠠᠨ ᠪᠠᠶᠢᠨ᠎ᠠ᠃              ᠤᠨᠴᠠᠭᠠᠢᠢᠯᠠᠨ ᠲᠤᠷᠠᠳᠤᠭᠤᠰᠢᠳᠠᠢ ᠨᠢ᠂ ᠭᠤᠤᠯ ᠰᠡᠳᠦᠪ ᠢᠶᠠᠨ ᠬᠦᠨᠵᠡᠬᠡᠶᠢᠷᠡᠬᠦᠯᠵᠤ ᠵᠦᠴᠦᠬᠡ ᠶᠢᠨ ᠦᠩᠬᠡ ᠪᠤᠳᠤᠭ ᠢᠶᠠᠨ ᠲᠤᠪᠤᠶᠢᠯᠭᠠᠵᠤ ᠦᠳᠬᠡᠷᠡᠬᠦᠯᠬᠦ ᠶᠢᠨ ᠲᠦᠯᠦᠬᠡ᠂ ᠪᠦᠳᠦᠬᠡᠯ ᠳᠤ ᠬᠤᠨᠢᠨ ᠰᠦᠷᠦᠭ ᠢᠶᠠᠷ ᠤᠳᠤ ᠦᠶ᠎ᠠ ᠶᠢᠨ ᠭᠡᠷ ᠤᠨ ᠠᠬᠠᠮᠠᠳ᠂ ᠬᠡᠦᠬᠡᠳ᠂ ᠵᠠᠯᠠᠭᠤ ᠢᠨᠠᠭ ᠠᠮᠠᠷᠠᠭ ᠵᠡᠷᠬᠡ ᠶᠢ ᠠᠮᠢᠯᠠᠭᠤᠯᠤᠨ ᠲᠦᠷᠢᠵᠢᠬᠦᠯᠵᠤ᠂ ︽ᠡᠬᠡ ᠬᠡᠦᠬᠡᠳ ᠬᠤᠨᠢ︾ ︽ᠢᠨᠠᠭ ᠠᠮᠠᠷᠠᠭ ᠬᠤᠨᠢ︾ ︽ᠠᠬ᠎ᠠ ᠲᠡᠬᠦᠦ ᠬᠤᠨᠢ︾ ᠵᠡᠷᠬᠡ ᠲᠦᠷᠢ ᠶᠢ ᠪᠦᠳᠦᠬᠡᠭᠰᠡᠨ ᠪᠦᠬᠡᠳ ᠡᠳᠡᠭᠡᠷ ᠠᠳᠠᠯᠢ ᠪᠤᠰᠤ ︽ᠨᠡᠶᠢᠬᠡᠮ ᠤᠨ ᠪᠠᠶᠢᠷᠢ ᠰᠠᠭᠤᠷᠢ︾ ᠲᠠᠢ ᠬᠤᠨᠢᠳ ᠢ ᠪᠢᠴᠢᠬᠠᠨ ᠡᠬᠡᠴᠢ ᠦᠬᠢᠨ ᠲᠡᠬᠦᠦ ᠬᠤᠶᠠᠷ ᠯᠤᠭ᠎ᠠ ᠬᠠᠮᠳᠤᠪᠡᠷ ᠲᠡᠮᠡᠴᠡᠬᠦᠯᠵᠤ ᠬᠠᠮᠤᠭ ᠡᠴᠦᠰ ᠲᠡᠭᠡᠨ ᠴᠠᠰᠤ ᠰᠢᠭᠤᠷᠭ᠎ᠠ ᠶᠢ ᠢᠯᠠᠨ ᠲᠠᠪᠠᠭᠤᠯᠵᠠᠢ᠃ ᠡᠨᠡ ᠦᠶ᠎ᠠ ᠳᠤ᠂ ᠠᠳᠠᠯᠢ ᠪᠤᠰᠤ ᠴᠠᠭ ᠦᠶ᠎ᠠ ᠶᠢᠨ ᠬᠦᠮᠦᠰ ‍ᠤᠨ‌ᠤᠶᠤᠨ ᠰᠠᠳᠬᠢᠯ ᠨᠡᠪᠳᠡᠷᠡᠯᠴᠡᠵᠤ᠂ ᠲᠤᠬᠠᠢ ᠶᠢᠨ ᠵᠢᠯ ᠤᠨ ᠪᠠᠭᠠᠳᠤᠷ ᠡᠬᠡᠴᠢ ᠦᠬᠢᠨ ᠲᠡᠬᠦᠦ ᠬᠤᠶᠠᠷ ᠤᠨ ᠦᠢᠯᠡ ᠶᠠᠪᠤᠳᠠᠯ᠂ ᠡᠷᠬᠢᠮ ᠨᠠᠨᠳᠢᠨ ᠵᠤᠷᠢᠭ ᠰᠠᠨᠠᠭ᠎ᠠ ᠤᠳᠤ ᠦᠶ᠎ᠠ ᠶᠢᠨ ᠬᠦᠮᠦᠰ ᠤᠨ ᠰᠡᠳᠬᠢᠯ ᠤᠨ ᠬᠦᠪᠴᠢ ᠶᠢ ᠲᠤᠷᠬᠢᠭᠤᠯᠬᠤ ᠶᠤᠮ᠃ ᠬᠡᠬᠦ ᠳᠡᠭᠡᠨ ︽ᠪᠢᠳᠡ ᠬᠠᠮᠳᠤ ᠪᠠᠶᠢᠵᠤ ᠯᠠ ᠪᠠᠶᠢᠪᠠᠯ ᠬᠡᠷ ᠤᠷᠤᠨ ᠮᠢᠨᠢ ᠨᠢᠳᠤᠨ ᠡᠮᠦᠨ᠎ᠠ ᠪᠠᠶᠢᠨ᠎ᠠ︾ ᠬᠡᠬᠦ ᠤᠶᠠᠩᠭᠠᠯᠠᠨ ᠤᠩᠰᠢᠬᠤ ᠲᠠᠪᠳᠠᠯᠳᠠ ᠲᠤᠮᠳᠠ᠂ ᠲᠤᠬᠠᠢ ᠶᠢᠨ ᠵᠢᠯ ᠤᠨ ᠲᠠᠯ᠎ᠠ ᠨᠤᠳᠤᠭ ᠤᠨ ᠪᠢᠴᠢᠬᠠᠨ ᠪᠠᠭᠠᠳᠤᠷ ᠡᠬᠡᠴᠢ ᠦᠬᠢᠨ ᠲᠡᠬᠦᠦ ᠬᠤᠶᠠᠷ ᠦᠵᠡᠭᠴᠢᠳ ᠢ ᠲᠠᠭᠠᠭᠤᠯᠤᠨ ᠨᠢᠬᠡᠨ ᠤᠳᠠᠭ᠎ᠠ ᠶᠢᠨ ᠴᠠᠭ ᠦᠶ᠎ᠠ ᠶᠢᠨ ᠦᠰᠦᠷᠦᠯᠳᠡ ᠪᠤᠯᠤᠨ ᠤᠶᠤᠨ ᠲᠠᠵᠢᠬᠡᠯ ᠤᠨ ᠡᠷᠢᠯ ᠤᠨ ᠠᠶᠠᠨ ᠢ ᠪᠡᠶᠡᠯᠡᠬᠦᠯᠦᠨ᠎ᠠ᠁ ᠶᠡᠷᠦᠩᠬᠡᠶᠢᠯᠡᠪᠡᠯ᠂ ᠲᠤᠰ ᠲᠠᠭᠤᠯᠠᠯᠳᠤ ᠵᠦᠴᠦᠬᠡ ᠲᠡᠬᠦᠨ ᠤ ᠢᠯᠠ ᠲᠤᠳᠤ ᠵᠤᠷᠢᠭ ᠰᠠᠨᠠᠭ᠎ᠠ᠂ ᠤᠷᠠᠨ ᠬᠠᠪᠤᠯᠢᠭ ᠤᠷᠠᠯᠢᠭ ᠤᠨ ᠰᠡᠳᠬᠢᠮᠵᠢ ᠪᠤᠯᠤᠨ ᠤᠳᠬ᠎ᠠ ᠬᠦᠨ ᠤᠷᠠᠨ ᠵᠤᠬᠢᠶᠠᠯ ᠤᠨ ᠦᠨᠦᠷ ᠠᠮᠳᠠ ᠪᠠᠷ ᠢᠶᠠᠨ ᠪᠠᠭᠠᠳᠤᠷ ᠬᠦᠮᠦᠰ ᠤᠨ ᠡᠷᠬᠢᠨ ᠪᠤᠴᠠᠬᠤ ᠶᠢ ᠤᠷᠢᠶᠠᠯᠠᠨ ᠲᠠᠭᠤᠳᠠᠬᠰᠠᠨ᠂ ᠰᠢᠯᠢᠳᠡᠭ ᠤᠯᠠᠮᠵᠢᠯᠠᠯ  ᠢᠶᠠᠨ ᠵᠠᠯᠭᠠᠮᠵᠢᠯᠠᠨ ᠪᠠᠳᠠᠷᠠᠭᠤᠯᠬᠤ ᠬᠠᠷᠢᠭᠤᠴᠠᠯᠭ᠎ᠠ ᠡᠬᠦᠷᠬᠡᠯᠡᠯ ᠢ ᠢᠯᠡᠷᠡᠬᠦᠯᠵᠤ ᠴᠢᠳᠠᠬᠰᠠᠨ ᠪᠠᠶᠢᠨ᠎ᠠ᠃ ᠶᠠᠷᠢᠶᠠᠨ‌ᠦᠬᠡᠢ᠂ ᠵᠤᠬᠢᠶᠠᠨ ᠪᠦᠳᠦᠬᠡᠯᠬᠡ ᠶᠢᠨ ᠲᠤᠷᠰᠢᠯᠭ᠎ᠠ ᠬᠠᠷᠢᠴᠠᠩᠭᠤᠢ ᠪᠠᠷ ᠮᠡᠬᠦᠰ᠂ ᠲᠤᠬᠯᠠᠬᠴᠢᠳ ᠤᠨ ᠨᠦᠬᠦᠴᠡᠯ ᠤᠨ ᠵᠤᠬᠢᠬᠤ ᠬᠢᠵᠠᠭᠠᠷᠯᠠᠯ ᠵᠡᠷᠬᠡ ᠤᠯᠠᠨ ᠲᠠᠯ᠎ᠠ ᠠᠴᠠ ᠰᠢᠯᠳᠠᠭᠠᠯᠠᠬᠳᠠᠵᠤ᠂ ᠨᠡᠩ ᠭᠤᠶᠢᠳᠠ ᠰᠠᠶᠢᠬᠠᠨ ᠲᠤᠬᠯᠠᠬᠳᠠᠵᠤ ᠪᠤᠯᠬᠤ ᠪᠠᠶᠢᠬᠰᠠᠨ ᠲᠤᠰ ᠵᠦᠴᠦᠬᠡ ᠨᠢ ᠵᠠᠷᠢᠮ ᠬᠠᠷᠠᠮᠰᠠᠯ ᠢ ᠦᠯᠡᠳᠡᠭᠡᠭᠰᠡᠨ ᠪᠠᠶᠢᠨ᠎ᠠ᠃ ᠲᠤᠰ ᠵᠦᠴᠦᠬᠡ ᠶᠢ ᠵᠤᠬᠢᠶᠠᠨ ᠪᠦᠳᠦᠬᠡᠭᠰᠡᠨ ᠵᠠᠯᠠᠭᠤ ᠨᠢᠭᠡ ᠦᠶ᠎ᠡ ᠶᠢᠨ ᠬᠢᠨ ᠬᠤᠶᠢᠰᠢᠳᠠ ᠶᠢᠨ ᠤᠷᠠᠯᠢᠭ ᠤᠨ ᠦᠢᠯᠡᠳᠦᠯᠬᠡ ᠲᠤᠮᠳᠠ ᠪᠠᠨ ᠲᠠᠰᠤᠷᠠᠯᠳᠠ ᠦᠬᠡᠢ ᠬᠠᠰᠢᠷᠵᠢᠵᠤ ᠪᠤᠯᠪᠠᠰᠤᠷᠠᠨ᠂ ᠨᠠᠩ ᠲᠤᠷᠪᠢᠯᠢᠭ ᠨᠡᠩ ᠰᠢᠯᠢᠳᠡᠭ ᠪᠦᠳᠦᠬᠡᠯ ᠭᠠᠷᠭᠠᠬᠤ ᠶᠢ ᠬᠦᠰᠡᠨ ᠵᠦᠩᠨᠡᠵᠤ ᠪᠠᠶᠢᠨ᠎ᠠ᠃          
 
ᠢᠷᠡᠯᠲᠡ᠄ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号