2024 ᠣᠨ ᠤ ︽ᠦᠨᠡᠨᠴᠢ ᠢᠲᠡᠭᠡᠮᠵᠢᠲᠡᠶ ᠣᠳᠣᠨ︾ ᠠᠳᠢᠶ᠎ᠠ᠄ ᠬᠢᠯᠢ ᠬᠢᠵᠠᠭᠠᠷ ᠢ ᠰᠠᠬᠢᠨ ᠬᠠᠮᠠᠭᠠᠯᠠᠵᠤ ᠲᠦᠮᠡᠨ ᠡᠷᠦᠬᠡ ᠶᠢᠨ ᠠᠮᠤᠷ ᠲᠣᠭᠲᠠᠭᠤᠨ ᠢ ᠬᠠᠮᠠᠭᠠᠯᠠᠨ᠎ᠠ
ᠨᠡᠶᠢᠲᠡᠯᠡᠭᠰᠡᠨ ᠴᠠᠭ᠄
2025/7/4
      ︽ᠪᠢ ᠡᠨᠡ ᠬᠦ ᠲᠠᠯ᠎ᠠ ᠨᠤᠲᠤᠭ ᠲᠤ ᠲᠦᠷᠦᠵᠦ ᠦᠰᠦᠭᠰᠡᠨ ᠪᠤᠯᠬᠤᠷ ᠬᠢᠯᠢ ᠬᠢᠵᠠᠭᠠᠷ ᠢᠶᠠᠨ ᠰᠠᠬᠢᠵᠤ ᠤᠯᠤᠰ ᠭᠡᠷ ᠢᠶᠠᠨ ᠬᠠᠮᠠᠭᠠᠯᠠᠬᠤ ᠪᠣᠯ ᠮᠢᠨᠦ ᠡᠭᠦᠷᠭᠡᠯᠡᠪᠡᠰᠦ ᠵᠣᠬᠢᠬᠤ  ᠬᠠᠷᠢᠭᠤᠴᠠᠯᠭ᠎ᠠ ᠶᠤᠮ︾ ᠭᠡᠰᠡᠨ ᠪᠣᠷᠣᠭᠵᠢᠭᠤᠨ ᠲᠠᠩᠭᠠᠷᠢᠭ ᠨᠢ ᠠᠳᠢᠶ᠎ᠠ ᠶᠢᠨ 40 ᠵᠢᠯ ᠤᠨ ᠲᠤᠷᠰᠢ ᠰᠢᠨᠳᠠᠷᠠᠰᠢ ᠦᠭᠡᠢ ᠪᠠᠷ ᠪᠠᠲᠤ ᠰᠠᠬᠢᠭᠰᠠᠨ᠂ ᠦᠨᠡᠨᠴᠢ  ᠢᠳᠡᠭᠡᠮᠵᠢ ᠶᠢᠨ ᠬᠠᠮᠤᠭ ᠤᠨ ᠭᠦᠨ ᠬᠦᠨᠵᠡᠭᠡᠢ ᠲᠠᠶᠢᠯᠪᠤᠷᠢ  ᠪᠤᠯᠵᠠᠢ᠃      ᠠᠳᠢᠶ᠎ᠠ 1962 ᠣᠨ ᠤ 6 ᠰᠠᠷ᠎ᠠ ᠳᠤ ᠲᠦᠷᠦᠵᠠᠢ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ᠂ ᠥᠪᠥᠷ ᠮᠣᠩᠭᠤᠯ ᠤᠨ ᠪᠤᠭᠤᠲᠤ ᠬᠤᠳᠠ ᠶᠢᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠮᠠᠨᠳᠤᠯ ᠪᠠᠯᠭᠠᠰᠤᠨ ᠤ ᠪᠠᠶᠠᠨᠬᠠᠷ᠎ᠠ ᠭᠠᠴᠠᠭᠠᠨ ᠤ ᠨᠢᠭᠡᠨ ᠡᠩ ᠤᠨ ᠮᠠᠯᠴᠢᠨ ᠪᠣᠯᠤᠨ᠎ᠠ᠃ 1984 ᠣᠨ ᠳᠤ ᠴᠡᠷᠢᠭ ᠠᠴᠠ ᠬᠠᠯᠠᠭᠳᠠᠭᠰᠠᠨ ᠤ ᠳᠠᠷᠠᠭ᠎ᠠ᠂ ᠲᠡᠷᠡ ᠡᠵᠢ ᠶᠢᠨ ᠢᠶᠠᠨ ︽ᠠᠮᠤᠷ ᠲᠣᠭᠲᠠᠭᠤᠨ ᠡᠬᠡ ᠤᠯᠤᠰ ᠦᠭᠡᠢ ᠪᠣᠯ ᠠᠮᠤᠭᠤᠯᠠᠩ ᠲᠦᠪᠰᠢᠨ ᠠᠮᠢᠳᠤᠷᠠᠯ ᠪᠠᠶᠢᠵᠤ ᠴᠢᠳᠠᠬᠤ ᠦᠭᠡᠢ︾ ᠭᠡᠬᠦ ᠰᠤᠷᠭᠠᠯ ᠢ ᠪᠠᠲᠤ ᠴᠡᠭᠡᠵᠢᠯᠡᠵᠦ᠂ ︽ᠪᠢ ᠠᠳᠡ ᠲᠦᠷᠦᠵᠦ ᠦᠰᠦᠭᠰᠡᠨ ᠪᠤᠯᠬᠤᠷ  ᠠᠳᠡᠬᠢ ᠪᠠᠨ ᠰᠠᠬᠢᠨ ᠬᠠᠮᠠᠭᠠᠯᠠᠬᠤ ᠶᠣᠰᠣᠲᠠᠢ︾ ᠭᠡᠬᠦ ᠤᠭ ᠰᠠᠨᠠᠭ᠎ᠠ ᠪᠠᠨ ᠪᠠᠲᠤ ᠴᠡᠭᠡᠵᠢᠯᠡᠵᠦ᠂ ᠡᠬᠡᠨᠡᠷ ᠲᠠᠢ ᠪᠠᠨ ᠬᠤᠶᠠᠭᠤᠯᠠ ᠳᠤᠮᠳᠠᠳᠤ ᠮᠣᠩᠭᠤᠯ ᠤᠨ ᠬᠢᠯᠢ ᠳᠡᠭᠡᠷᠡᠬᠢ ︽ᠬᠢᠯᠢ ᠶᠢᠨ ᠬᠠᠮᠠᠭᠠᠯᠠᠭᠴᠢ︾ ᠪᠣᠯᠤᠭᠰᠠᠨ ᠪᠠᠶᠢᠨ᠎ᠠ᠃      40 ᠵᠢᠯ ᠤᠨ ᠲᠤᠷᠰᠢ ᠳᠤ ᠂ ᠠᠳᠢᠶ᠎ᠠ ᠶᠢᠨ ᠬᠢᠯᠢ  ᠶᠢ ᠲᠣᠭᠤᠷᠢᠨ ᠴᠠᠭᠳᠠᠵᠤ ᠶᠠᠪᠤᠭᠰᠠᠨ ᠵᠠᠮ ᠤᠨ ᠤᠷᠲᠤ ᠨᠢ 10 ᠲᠦᠮᠡᠨ ᠺᠢᠯᠣᠮᠧᠲᠷ ᠲᠤ ᠬᠦᠷᠴᠦ᠂ ᠳᠡᠯᠡᠬᠡᠶ ᠶᠢᠨ ᠪᠦᠰᠡᠯᠡᠭᠦᠷ ᠢ ᠬᠤᠶᠠᠷ ᠴᠠᠭᠠᠷᠢᠭ ᠢᠯᠡᠭᠦᠦ  ᠲᠤᠭᠤᠷᠢᠭᠰᠠᠨ ᠲᠠᠢ ᠲᠡᠩᠴᠡᠨ᠎ᠡ᠃ ᠲᠡᠷᠡ ᠬᠢᠯᠢ ᠶᠢᠨ ᠱᠤᠭᠤᠮ ᠳᠡᠭᠡᠷᠡᠬᠢ ᠠᠭᠤᠯᠠ ᠨᠢᠷᠤᠭᠤᠳ ᠪᠦᠷᠢ ᠶᠢ᠂ ᠪᠡᠯᠴᠢᠭᠡᠷ ᠡᠪᠡᠰᠦ ᠨᠢᠭᠡᠪᠦᠷᠢ ᠶᠢ ᠰᠠᠶᠢᠨ ᠮᠡᠳᠡᠳᠡᠭ ᠲᠤᠯᠠ ᠨᠡᠷ᠎ᠡ ᠨᠢᠳᠡᠷ ᠲᠤ ᠪᠠᠨ ᠨᠡᠶᠢᠴᠡᠭᠰᠡᠨ ︽ᠠᠮᠢᠳᠤ ᠭᠠᠵᠠᠷ ᠤᠨ ᠵᠢᠷᠤᠭ︾ ᠪᠣᠯᠤᠨ᠎ᠠ᠃ ᠡᠨᠡ ᠬᠦ ᠦᠨᠡᠨᠴᠢ ᠰᠢᠳᠤᠷᠭᠤ ᠪᠠ ᠪᠠᠲᠤ  ᠵᠤᠷᠢᠭ ᠢᠶᠠᠷ ᠲᠡᠷᠡ ᠬᠢᠯᠢ ᠶᠢᠨ ᠲᠣᠮᠢᠯᠠᠭᠰᠠᠨ ᠰᠠᠯᠪᠤᠷᠢ ᠶᠢ ᠬᠠᠮᠵᠢᠨ ᠮᠠᠯ ᠬᠤᠯᠠᠭᠠᠶᠢᠯᠠᠭᠰᠠᠨ᠂ ᠬᠢᠯᠢ ᠳᠠᠪᠠᠵᠤ ᠬᠤᠯᠠᠭᠠᠶᠢᠯᠠᠨ ᠠᠩᠨᠠᠭᠰᠠᠨ᠂ ᠠᠷᠠᠰᠤ ᠨᠣᠣᠰᠣ ᠨᠢᠭᠤᠴᠠ ᠪᠠᠷ ᠠᠷᠠᠯᠵᠢᠶᠠᠯᠠᠭᠰᠠᠨ᠂ ᠬᠠᠤᠯᠢ ᠪᠤᠰᠤ ᠪᠠᠷ ᠬᠢᠯᠢ ᠳᠤ ᠣᠷᠣᠵᠤ ᠢᠷᠡᠭᠰᠡᠨ ᠵᠡᠷᠭᠡ ᠬᠢᠯᠢ ᠳᠤ ᠬᠤᠯᠪᠣᠭᠳᠠᠭᠰᠠᠨ ᠬᠡᠷᠡᠭ ᠢ ᠬᠡᠳᠦᠨ ᠠᠷᠪᠠᠨ ᠤᠳᠠᠭ᠎ᠠ ᠢᠯᠡᠷᠡᠭᠦᠯᠵᠦ᠂ ᠴᠡᠷᠢᠭ ᠴᠠᠭᠳᠠᠭ᠎ᠠ ᠠᠷᠠᠳ ᠬᠠᠮᠲᠤᠷᠠᠨ ᠵᠠᠭᠤ ᠭᠠᠷᠤᠢ ᠤᠳᠠᠭ᠎ᠠ ᠴᠠᠭᠳᠠᠨ ᠰᠡᠷᠭᠡᠶᠢᠯᠡᠵᠦ᠂ ᠤᠮᠠᠷᠠᠲᠤ ᠬᠢᠯᠢ ᠶᠢᠨ ᠠᠮᠤᠷ ᠲᠣᠭᠲᠠᠭᠤᠨ ᠢ ᠬᠠᠮᠠᠭᠠᠯᠠᠬᠤ ᠳᠤ ᠳᠤᠲᠠᠭᠳᠠᠵᠤ ᠪᠣᠯᠤᠰᠢ ᠦᠭᠡᠢ ᠪᠠᠲᠤ ᠪᠠᠬᠢ ᠬᠦᠴᠦᠨ ᠪᠣᠯᠤᠭᠰᠠᠨ ᠪᠠᠶᠢᠨ᠎ᠠ᠃      2018 ᠤᠨ᠂ 2019 ᠣᠨ ᠳᠤ᠂ ᠠᠳᠢᠶ᠎ᠠ ︽ᠥᠪᠥᠷ ᠮᠣᠩᠭᠤᠯ ᠤᠨ ᠰᠠᠶᠢᠨ ᠬᠥᠮᠦᠨ ︾ ᠢᠶᠠᠷ ᠰᠣᠩᠭᠤᠭᠳᠠᠵᠤ᠂ ︽ᠳᠣᠯᠣᠳᠤᠭᠠᠷ ᠬᠤᠭᠤᠴᠠᠭᠠᠨ ᠤ ᠪᠥᠬᠦ ᠤᠯᠤᠰ ᠤᠨ ᠦᠨᠡᠨᠴᠢ ᠢᠲᠡᠭᠡᠮᠵᠢᠲᠡᠶ ᠶᠣᠰᠣ ᠰᠤᠷᠲᠠᠬᠤᠨ ᠤ ᠵᠢᠱᠢᠶᠡᠴᠢ︾᠂ ︽ᠪᠥᠬᠦ ᠤᠯᠤᠰ ᠤᠨ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠵᠢᠱᠢᠶᠡᠴᠢ ᠬᠤᠪᠢ ᠬᠥᠮᠦᠨ︾ ᠢᠶᠠᠷ ᠦᠨᠡᠯᠡᠭᠳᠡᠪᠡ᠃ ᠲᠡᠭᠦᠨ ᠤ ᠭᠡᠷ ᠪᠦᠯᠢ ᠨᠢ ᠪᠠᠰᠠ ︽ᠬᠤᠶᠠᠳᠤᠭᠠᠷ ᠬᠤᠭᠤᠴᠠᠭᠠᠨ ᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠣᠯᠪᠠᠰᠤᠨ ᠭᠡᠷ ᠪᠦᠯᠢ︾᠂ ︽ᠳᠤᠮᠳᠠᠳᠤ ᠤᠯᠤᠰ ᠤᠨ  ᠰᠦᠯᠵᠢᠶ᠎ᠡ ᠪᠠᠷ ᠰᠠᠴᠤᠭᠳᠠᠭᠰᠠᠨ ᠦᠯᠢᠭᠡᠷ · ᠥᠪᠥᠷ ᠮᠣᠩᠭᠤᠯ ᠢ ᠲᠤᠭᠳᠤᠯᠤᠭᠤᠯᠤᠭᠰᠠᠨ ᠬᠦᠮᠦᠰ︾᠂ ︽ᠤᠮᠠᠷᠠᠲᠤ ᠬᠢᠯᠢ ᠶᠢᠨ ᠵᠢᠱᠢᠶᠡᠴᠢ ᠬᠢᠯᠢ ᠬᠢᠵᠠᠭᠠᠷ ᠢ ᠬᠠᠮᠠᠭᠠᠯᠠᠭᠰᠠᠨ ᠣᠯᠠᠨ ᠲᠦᠮᠡᠨ︾ ᠢᠶᠠᠷ ᠦᠨᠡᠯᠡᠭᠳᠡᠪᠡ᠃ 2020 ᠣᠨ ᠳᠤ᠂ ᠲᠡᠷᠡ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠳᠡᠯᠮᠦᠷᠢ ᠶᠢᠨ ᠵᠢᠱᠢᠶᠡᠴᠢ ᠪᠠ ︽ᠤᠮᠠᠷᠠᠲᠤ ᠬᠢᠯᠢ ᠶᠢᠨ ᠵᠢᠱᠢᠶᠡᠴᠢ︾ ᠶᠢᠨ ᠴᠣᠯᠠ ᠶᠢ ᠭᠥᠷᠳᠡᠪᠡ︔ 2021 ᠣᠨ ᠳᠤ᠂ ᠳᠠᠬᠢᠨᠲᠠ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠢᠯᠢᠳᠡᠭ ᠡᠪ ᠬᠠᠮᠲᠤ ᠨᠠᠮ ᠤᠨ ᠭᠡᠰᠢᠭᠦᠨ︾᠂ ︽ᠪᠥᠬᠦ ᠤᠯᠤᠰ ᠤᠨ ᠬᠠᠮᠤᠭ ᠤᠨ ᠭᠤᠶᠣ ᠴᠡᠷᠢᠭ ᠢᠶᠠᠨ ᠬᠦᠷᠢᠶᠡᠯᠡᠭᠴᠢᠳ︾ ᠤᠨ ᠢᠷᠠᠭᠤ ᠠᠯᠳᠠᠷ ᠢ ᠭᠥᠷᠳᠡᠪᠡ︔ 2023 ᠣᠨ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ︽ᠠᠷᠪᠠᠨ ᠦᠨᠡᠨᠴᠢ ᠢᠲᠡᠭᠡᠮᠵᠢᠲᠡᠢ ᠬᠦᠮᠦᠨ︾ ᠪᠠᠷ ᠰᠣᠩᠭᠤᠭᠳᠠᠭᠰᠠᠨ ᠪᠥᠭᠡᠳ ︽ᠥᠪᠥᠷ ᠮᠣᠩᠭᠤᠯ ᠤᠨ ᠢᠷᠠᠭᠤ ᠠᠯᠳᠠᠷᠲᠤ ᠡᠷᠦᠬᠡ ᠶᠢᠨ ᠴᠡᠷᠢᠭ︾ ᠤᠨ ᠴᠣᠯᠠ ᠭᠥᠷᠳᠡᠪᠡ᠃ 2025 ᠣᠨ ᠳᠤ᠂ ᠠᠳᠢᠶ᠎ᠠ ᠶᠢᠨ ᠬᠡᠷ ᠪᠦᠯᠢ ᠨᠢ ︽ᠭᠤᠷᠪᠠᠳᠤᠭᠠᠷ ᠬᠤᠭᠤᠴᠠᠭᠠᠨ ᠤ ᠪᠥᠬᠦ ᠤᠯᠤᠰ ᠤᠨ ᠪᠣᠯᠪᠠᠰᠤᠨ ᠬᠡᠷ ᠪᠦᠯᠢ︾ ᠶᠢᠨ ᠢᠷᠠᠭᠤ ᠠᠯᠳᠠᠷ ᠢ ᠭᠥᠷᠳᠡᠵᠦ᠂ ᠠᠳᠢᠶ᠎ᠠ ᠨᠢ ᠬᠤᠪᠢ ᠬᠦᠮᠦᠨ ᠤ ︽ᠦᠨᠡᠨᠴᠢ ᠢᠲᠡᠭᠡᠮᠵᠢ ᠶᠢᠨ ᠣᠳᠣᠨ︾ ᠤ ᠡᠷᠬᠢᠮ ᠳᠡᠭᠡᠳᠦ ᠢᠷᠠᠭᠤ ᠠᠯᠳᠠᠷ ᠢ ᠭᠥᠷᠳᠡᠪᠡ᠃ ᠢᠷᠠᠭᠤ ᠠᠯᠳᠠᠷ ᠨᠢᠭᠡ ᠪᠦᠷᠢ ᠨᠢ ᠴᠥᠮ ᠲᠡᠭᠦᠨ ᠤ ᠬᠠᠭᠠᠰ ᠨᠠᠰᠤ ᠪᠠᠷ ᠢᠶᠠᠨ ᠬᠢᠯᠢ ᠬᠢᠵᠠᠭᠠᠷ ᠢ ᠰᠠᠬᠢᠨ ᠬᠠᠮᠠᠭᠠᠯᠠᠵᠤ᠂ ᠢᠲᠡᠭᠡᠯ ᠪᠢᠰᠢᠷᠡᠯ ᠳᠡᠭᠡᠨ ᠠᠮᠠᠯᠳᠤᠭᠰᠠᠨ ᠬᠠᠮᠤᠭ ᠤᠨ ᠳᠡᠭᠡᠳᠦ ᠰᠠᠶᠢᠰᠢᠶᠠᠯ ᠬᠥᠬᠢᠭᠦᠯᠦᠯ ᠪᠣᠯᠤᠨ᠎ᠠ᠃      ᠦᠵᠡᠯ ᠰᠠᠨᠠᠭ᠎ᠠ ᠨᠢ ᠤᠶᠤᠨ ᠰᠠᠨᠠᠭᠠᠨ ᠤ ᠢᠪᠡᠭᠡᠯ ᠢᠶᠠᠷ ᠦᠶ᠎ᠡ ᠤᠯᠠᠷᠢᠨ ᠤᠯᠠᠮᠵᠢᠯᠠᠭᠳᠠᠨ᠎ᠠ ᠃ ᠠᠳᠢᠶ᠎ᠠ ᠶᠢᠨ ᠦᠨᠡᠨᠴᠢ ᠢᠲᠡᠭᠡᠮᠵᠢ ᠪᠠ ᠪᠠᠲᠤ ᠰᠠᠬᠢᠬᠤ ᠶᠠᠪᠤᠳᠠᠯ ᠨᠢ ᠥᠪᠡᠷ ᠤᠨ ᠠᠮᠢ ᠨᠠᠰᠤ ᠪᠠᠨ ᠭᠡᠷᠡᠯᠲᠦᠭᠦᠯᠦᠭᠰᠡᠨ ᠢᠶᠠᠷ ᠪᠠᠷᠠᠬᠤ ᠦᠭᠡᠢ᠂ ᠨᠡᠩ ᠴᠤ ᠬᠤᠶᠢᠴᠢ ᠦᠶ᠎ᠡ ᠶᠢᠨ ᠬᠢᠨ ᠪᠠ ᠡᠷᠬᠢᠨ ᠲᠣᠭᠤᠷᠢᠨ ᠤ ᠮᠠᠯᠴᠢᠳ ᠢᠶᠠᠨ ᠭᠦᠨᠵᠡᠭᠡᠢ ᠨᠦᠯᠦᠭᠡᠯᠡᠪᠡ᠃ ᠲᠡᠭᠦᠨ ᠤ ᠤᠷᠢᠶᠠᠯᠠᠭ᠎ᠠ ᠳᠣᠣᠷ᠎ᠠ᠂ ᠶᠠᠫᠤᠨ ᠳᠤ 6 ᠵᠢᠯ ᠰᠤᠷᠤᠯᠴᠠᠭᠰᠠᠨ ᠶᠡᠭᠡ ᠬᠦᠦ ᠪᠢᠩᠪᠠ ᠪᠤᠯᠤᠨ ᠱᠠᠩᠬᠠᠢ ᠳᠤ ᠣᠯᠠᠨ ᠵᠢᠯ ᠠᠵᠢᠯᠯᠠᠭᠰᠠᠨ ᠪᠠᠭ᠎ᠠ ᠬᠦᠦ ᠠᠳᠠᠯᠢ ᠨᠤᠲᠤᠭ ᠳᠠᠭᠠᠨ ᠪᠣᠴᠠᠵᠤ᠂  ᠠᠪᠤ ᠡᠵᠢ ᠳᠡᠭᠡᠨ ᠬᠠᠨᠢ ᠪᠣᠯᠵᠤ ᠡᠬᠡ ᠤᠯᠤᠰ ᠤᠨ ᠤᠮᠠᠷᠠᠲᠤ ᠬᠢᠯᠢ ᠬᠢᠵᠠᠭᠠᠷ ᠢᠶᠠᠨ ᠰᠠᠬᠢᠨ ᠬᠠᠮᠠᠭᠠᠯᠠᠬᠤ ᠬᠦᠨᠳᠦ ᠬᠠᠷᠢᠭᠤᠴᠠᠯᠭ᠎ᠠ ᠶᠢ ᠦᠷᠭᠦᠯᠵᠢᠯᠡᠨ ᠬᠦᠢᠴᠡᠳᠭᠡᠪᠡ᠃ ᠲᠡᠭᠦᠨ ᠤ ᠦᠢᠯᠡ ᠶᠠᠪᠤᠳᠠᠯ ᠨᠢ ᠤᠴᠢ ᠪᠠᠳᠠᠷᠠᠨ᠂ ᠬᠢᠯᠢ ᠳᠣᠲᠣᠷᠠᠬᠢ ᠣᠯᠠᠨ ᠮᠠᠯᠴᠢᠳ ᠢ ᠳᠠᠶᠢᠴᠢᠯᠠᠵᠤ᠂ ᠬᠢᠯᠢ ᠬᠢᠵᠠᠭᠠᠷ ᠢᠶᠠᠨ ᠰᠠᠬᠢᠬᠤ ᠡᠩᠨᠡᠭᠡᠨ ᠳᠤ ᠤᠷᠤᠭᠤᠯᠵᠠᠢ᠃ ᠡᠳᠦᠭᠡ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠬᠢᠯᠢ ᠶᠢᠨ ᠬᠠᠮᠠᠭᠠᠯᠠᠭᠴᠢ ᠶᠢᠨ ᠡᠩᠨᠡᠭᠡ ᠡᠳᠦᠷ ᠢᠷᠡᠬᠦᠶ᠎ᠡ ᠪᠤᠵᠠᠭᠠᠶᠢᠷᠠᠵᠤ᠂ ᠲᠡᠳᠡ ᠦᠨᠡᠨᠴᠢ ᠰᠢᠳᠤᠷᠭᠤ  ᠪᠠᠨ ᠡᠬᠡ ᠤᠯᠤᠰ ᠤᠨ ᠤᠮᠠᠷᠠᠲᠤ ᠶᠢᠨ ᠬᠢᠯᠢ ᠶᠢᠨ ᠬᠠᠮᠠᠭᠠᠯᠠᠯᠲᠠ ᠶᠢᠨ ᠱᠤᠭᠤᠮ ᠳᠡᠭᠡᠷ᠎ᠡ ᠰᠡᠶᠢᠯᠵᠦ᠂ ︽ᠨᠠᠰᠤᠨ ᠲᠤᠷᠰᠢᠳᠠ ᠬᠢᠯᠢ ᠬᠢᠵᠠᠭᠠᠷ  ᠢᠶᠠᠨ ᠰᠠᠬᠢᠨ  ᠬᠠᠮᠠᠭᠠᠯᠠᠬᠤ︾ ᠭᠡᠬᠦ  ᠪᠠᠲᠤ ᠲᠠᠩᠭᠠᠷᠢᠭ ᠨᠢ ᠥᠷᠭᠡᠨ ᠠᠭᠤᠳᠠᠮ ᠲᠠᠯ᠎ᠠ ᠨᠤᠲᠤᠭ ᠲᠤ ᠭᠡᠷᠡᠯ ᠭᠢᠯᠪᠠᠭ᠎ᠠ  ᠰᠠᠴᠤᠷᠠᠭᠤᠯᠵᠤ᠂ ᠡᠪᠳᠡᠷᠡᠰᠢ ᠦᠭᠡᠢ ᠪᠠᠲᠤ ᠪᠠᠬᠢ ᠠᠷᠠᠳ ᠤᠨ ᠰᠡᠳᠬᠢᠯ ᠤᠨ ᠤᠷᠲᠤ ᠴᠠᠭᠠᠨ ᠬᠡᠷᠡᠮ ᠢ  ᠴᠤᠭᠴᠠᠯᠠᠪᠠ᠃
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号