ᠪᠣᠳᠠᠰ ᠤᠨ ᠪᠤᠰᠤ ᠰᠣᠶᠣᠯ ᠤᠨ ᠥᠪ ᠪᠤᠭᠤᠷᠤᠯᠴᠤᠳ ᠤᠨ ᠬᠢᠴᠢᠶᠡᠯ ᠤᠨ ᠲᠠᠩᠬᠢᠮ ᠳᠤ ᠣᠷᠤᠪᠠ  ᠤᠷᠠᠨ ᠭᠠᠷ ᠢᠶᠠᠷ ᠢᠶᠠᠨ ᠰᠣᠶᠣᠯ ᠢᠶᠠᠷ ᠨᠠᠰᠤᠲᠠᠨ ᠢ ᠠᠰᠠᠷᠠᠬᠤ ᠰᠢᠨ᠎ᠡ ᠵᠢᠷᠤᠭ ᠤᠨ ᠦᠵᠡᠮᠵᠢ ᠶᠢ ︽ᠭᠡᠶᠢᠷᠡᠭᠦᠯᠦᠨ᠎ᠡ︾
ᠨᠡᠶᠢᠲᠡᠯᠡᠭᠰᠡᠨ ᠴᠠᠭ᠄
2025/7/11
      ︽ᠨᠢᠭᠡ ᠪᠥᠭᠡᠮ ᠥᠩᠭᠡᠲᠦ ᠭᠤᠯᠢᠷ ᠪᠤᠭᠤᠷᠤᠯ ᠨᠠᠰᠤ ᠶᠢ ᠱᠤᠭᠤᠨ᠂ ᠠᠷᠪᠠᠨ ᠬᠤᠷᠤᠭᠤᠲᠤ ᠬᠠᠪᠤᠷ ᠤᠨ ᠰᠠᠯᠬᠢᠨ ᠥᠲᠡᠯᠦᠭᠡ ᠨᠠᠰᠤ ᠶᠢ ᠦᠯᠢᠶᠡᠨ᠎ᠡ︾᠃ 65 ᠨᠠᠰᠤᠲᠠᠢ ᠯᠢᠦ ᠢᠦᠢ ᠮᠧᠶ ᠥᠪᠡᠷ ᠤᠨ ᠴᠢᠮᠬᠢᠵᠦ ᠵᠣᠬᠢᠶᠠᠭᠰᠠᠨ ᠠᠨᠠᠷ ᠤᠨ ᠭᠤᠯᠢᠷ ᠤᠨ ᠱᠤᠭᠤᠮᠠᠯ ᠪᠦᠲᠦᠭᠡᠯ ᠢᠶᠠᠨ ᠭᠠᠷ ᠢᠶᠠᠷ ᠢᠶᠠᠨ ᠡᠷᠭᠦᠬᠦ ᠦᠶ᠎ᠡ ᠳᠤ᠂ ᠨᠢᠳᠦᠨ ᠤ ᠵᠣᠪᠬᠢᠨ ᠤ ᠦᠷᠴᠢᠯᠡᠭᠡᠨ ᠳᠤ ᠢᠨᠢᠶᠡᠮᠰᠦᠭᠯᠡᠯ ᠲᠣᠳᠤᠷᠠᠨ᠎ᠠ᠃ ᠣᠶᠢᠷ᠎ᠠ ᠳᠤ᠂ ᠠᠶᠢᠪᠠᠭ᠎ᠠ ᠨᠡᠶᠢᠭᠡᠮ ᠲᠣᠭᠤᠷᠢᠭ ᠤᠨ ᠬᠥᠳᠡᠯᠭᠡᠭᠡᠨ ᠤ ᠥᠷᠥᠭᠡᠨ ᠳᠤ ᠶᠡᠷᠦ ᠪᠤᠰᠤ ᠶᠢᠨ ᠬᠥᠷ ᠬᠥᠭᠵᠢᠶᠡᠨ ᠢᠶᠠᠷ ᠪᠢᠯᠬᠠᠭᠰᠠᠨ ᠭᠤᠯᠢᠷ ᠤᠨ ᠱᠤᠭᠤᠮᠠᠯ ᠤᠨ ᠬᠢᠴᠢᠶᠡᠯ ᠨᠢ ᠨᠡᠶᠢᠭᠡᠮ ᠲᠤᠭᠤᠷᠢᠭ ᠤᠨ ᠰᠠᠭᠤᠭᠤᠠᠯᠢ ᠠᠷᠠᠳ ᠢ ︽ᠠᠷᠠᠳ ᠤᠨ ᠳᠤᠮᠳᠠᠬᠢ ᠤᠷᠠᠯᠢᠭᠴᠢᠨ︾ ᠪᠣᠯᠭᠠᠵᠠᠢ᠃ ᠨᠤᠬᠤᠯᠠᠵᠤ᠂ ᠴᠢᠮᠬᠢᠵᠦ᠂ ᠱᠦᠷᠭᠦᠵᠦ᠂ ᠬᠠᠶᠢᠴᠢᠯᠠᠵᠤ᠂ ᠦᠩᠭᠡᠳᠤ ᠭᠤᠯᠢᠷ ᠨᠢ ᠬᠤᠷᠤᠭᠤᠨ ᠦᠵᠦᠭᠦᠷ ᠲᠤ ᠤᠷᠪᠠᠨ ᠬᠦᠷᠪᠡᠨ ᠤᠳᠠᠭᠰᠠᠨ ᠦᠭᠡᠢ ᠦᠷᠢᠯ ᠨᠢ ᠨᠢᠭᠲᠠᠷᠠᠭᠰᠠᠨ ᠠᠨᠠᠷ ᠤᠨ ᠦᠷ᠎ᠡ ᠶᠢᠨ ᠭᠤᠯᠢᠷ ᠤᠨ ᠱᠤᠭᠤᠮᠠᠯ ᠪᠦᠲᠦᠭᠡᠯ᠂ ᠵᠤᠯ ᠵᠢᠷᠭᠠᠯ ᠢᠶᠠᠷ ᠪᠢᠯᠬᠠᠭᠰᠠᠨ ︽ᠡᠷᠳᠡᠨᠢ ᠬᠤᠯᠤ︾ ᠵᠠᠯᠭᠠᠭ᠎ᠠ ᠵᠠᠯᠭᠠᠭ᠎ᠠ ᠪᠠᠷ ︽ᠮᠡᠨᠳᠦᠯᠡᠵᠦ︾᠂ ᠬᠠᠷᠢᠯᠴᠠᠨ ᠰᠣᠯᠢᠯᠴᠠᠬᠤ ᠳᠠᠭᠤᠨ᠂ ᠪᠠᠶᠠᠷᠯᠠᠨ ᠢᠨᠢᠶᠡᠯᠳᠦᠬᠦ ᠳᠠᠭᠤᠨ ᠴᠤᠤᠷᠢᠶᠠᠲᠤᠨ᠎ᠠ᠃ ᠠᠶᠢᠪᠠᠭ᠎ᠠ ᠨᠡᠶᠢᠭᠡᠮ ᠲᠣᠭᠤᠷᠢᠭ ᠶᠠᠭ ᠰᠠᠶ᠋ᠢᠬᠠᠨ ᠥᠭᠡᠷ᠎ᠡ ᠬᠡᠯᠪᠡᠷᠢ ᠪᠠᠷ ᠮᠢᠩᠭᠠᠨ ᠵᠢᠯ ᠤᠨ ᠪᠣᠳᠠᠰ ᠤᠨ ᠪᠤᠰᠤ ᠰᠣᠶᠣᠯ ᠤᠨ ᠥᠪ ᠤᠨ ᠤᠷ᠎ᠠ ᠮᠡᠷᠭᠡᠵᠢᠯ ᠢ ᠡᠭᠡᠯ ᠠᠷᠠᠳ ᠤᠨ ᠭᠡᠷ ᠲᠤ ᠣᠷᠣᠭᠤᠯᠵᠤ ᠪᠠᠶᠢᠨ᠎ᠠ᠃      ᠠᠵᠢᠯᠯᠠᠭ᠎ᠠ ᠶᠢᠨ ᠲᠤᠬᠠᠶ ᠶᠢᠨ ᠲᠠᠯᠠᠪᠠᠢ ᠳᠤ᠂ ᠪᠠᠭᠰᠢ ᠬᠤ᠋ ᡁᠢ ᠿᠦᠩ ᠬᠢᠯᠪᠠᠷ ᠣᠶᠢᠯᠠᠭᠠᠮᠵᠢᠲᠠᠶ ᠦᠭᠡ ᠬᠡᠯᠡ ᠪᠠᠷ ᠭᠤᠯᠢᠷ ᠱᠤᠭᠤᠬᠤ ᠤᠷᠠᠯᠢᠭ ᠤᠨ ᠥᠨᠢ ᠤᠳᠠᠭᠠᠨ ᠲᠡᠤᠬᠡ ᠶᠢᠨ ᠡᠬᠢ ᠰᠤᠷᠪᠤᠯᠵᠢ᠂ ᠥᠪᠡᠷᠮᠢᠴᠡ ᠤᠷᠠᠯᠢᠭ ᠤᠨ ᠦᠨ᠎ᠡ ᠥᠷᠲᠡᠭ ᠵᠢᠴᠢ ᠲᠡᠭᠦᠨ ᠤ ᠪᠣᠳᠠᠰ ᠤᠨ ᠪᠤᠰᠤ ᠰᠣᠶᠣᠯ ᠤᠨ ᠥᠪ ᠪᠣᠯᠤᠭᠰᠠᠨ ᠤ ᠴᠢᠬᠤᠯᠠ ᠪᠠᠶᠢᠷᠢ ᠰᠠᠭᠤᠷᠢ ᠶᠢ ᠲᠠᠨᠢᠯᠴᠠᠭᠤᠯᠤᠭᠰᠠᠨ ᠪᠥᠭᠡᠳ ᠲᠡᠭᠦᠨ ᠤ ᠠᠪᠴᠢᠷᠠᠭᠰᠠᠨ ᠨᠠᠷᠢᠯᠢᠭ ᠰᠠᠶᠢᠬᠠᠨ ᠭᠤᠯᠢᠷ ᠤᠨ ᠱᠤᠭᠤᠮᠠᠯ ᠢᠶᠠᠨ ᠳᠡᠯᠭᠡᠨ ᠦᠵᠡᠭᠦᠯᠵᠡᠶ᠃ ᠠᠮᠢᠳᠤ ᠳᠦᠷᠰᠦᠯᠢᠭ ᠵᠢᠵᠢᠭ ᠠᠮᠢᠲᠠᠨ᠂ ᠳᠠᠪᠬᠤᠷᠯᠠᠨ ᠳᠡᠯᠭᠡᠷᠡᠭᠰᠡᠨ ᠴᠡᠴᠡᠭ᠂ ᠥᠯᠵᠡᠢ ᠪᠡᠯᠭᠡ ᠶᠢ ᠪᠡᠯᠭᠡᠳᠡᠳᠡᠭ ᠤᠯᠠᠮᠵᠢᠯᠠᠯᠲᠤ ᠬᠡ ᠳᠦᠷᠰᠦ ᠁ ᠥᠩᠭᠡ ᠪᠤᠳᠤᠭ ᠨᠢ ᠬᠤᠷᠴᠠ ᠰᠣᠷᠭᠤᠭ᠂ ᠳᠦᠷᠰᠦ ᠨᠢ ᠠᠮᠢᠳᠤᠯᠢᠭ ᠪᠠᠶᠢᠭ᠎ᠠ ᠪᠦᠲᠦᠭᠡᠯ ᠨᠢ ᠭᠱᠠᠨ ᠵᠠᠭᠤᠷ᠎ᠠ ᠳᠤ ᠲᠤᠬᠠᠢ ᠶᠢᠨ ᠲᠠᠯᠠᠪᠠᠢ ᠶᠢᠨ ᠰᠠᠭᠤᠭᠠᠯᠢ ᠠᠷᠠᠳ ᠤᠨ ᠬᠠᠯᠠᠭᠤᠨ ᠰᠡᠳᠬᠢᠯᠭᠡ ᠶᠢ ᠬᠥᠭᠵᠢᠭᠡᠵᠦ᠂ ᠪᠠᠰᠠ ᠬᠦᠮᠦᠰ ᠢ ᠭᠤᠯᠢᠷ ᠤᠨ ᠱᠤᠭᠤᠮᠠᠯ ᠤᠨ ᠤᠷᠠᠯᠢᠭ ᠤᠨ ᠲᠤᠬᠠᠢ ᠨᠡᠩ ᠰᠢᠭᠤᠳ᠂ ᠨᠡᠩ ᠭᠦᠨ ᠭᠦᠨᠵᠡᠭᠡᠢ ᠣᠶᠢᠯᠠᠭᠠᠯᠲᠠ ᠲᠠᠢ ᠪᠣᠯᠭᠠᠪᠠ᠃      ᠣᠨᠣᠯ ᠤᠨ ᠲᠠᠶᠢᠯᠪᠤᠷᠢᠯᠠᠯᠲᠠ ᠶᠢᠨ ᠳᠠᠷᠠᠭ᠎ᠠ ᠪᠣᠯ ᠪᠣᠳᠠᠲᠠᠢ ᠬᠢᠬᠦ ᠶᠠᠪᠤᠴᠠ ᠮᠥᠨ᠃ ᠰᠠᠭᠤᠭᠠᠯᠢ ᠠᠷᠠᠳ ᠪᠣᠳᠤᠭᠳᠤ ᠭᠤᠯᠢᠷ ᠢᠶᠠᠨ ᠬᠦᠯᠢᠶᠡᠵᠦ ᠶᠠᠳᠠᠨ ᠠᠪᠴᠤ ᠬᠤ᠋ ᡁᠢ ᠿᠦᠩ ᠪᠠᠭᠰᠢ ᠶᠢᠨ ᠵᠢᠯᠤᠭᠤᠳᠤᠯᠭ᠎ᠠ ᠳᠣᠣᠷ᠎ᠠ ᠡᠬᠢᠯᠡᠨ ᠵᠣᠬᠢᠶᠠᠨ ᠪᠦᠲᠦᠭᠡᠵᠡᠢ᠂ ︽ᠠᠨᠠᠷ ᠤᠨ ᠲᠡᠭᠦᠰ ᠰᠠᠶᠢᠬᠠᠨ ᠴᠢᠨᠠᠷ ᠢ ᠳᠣᠪᠣᠶᠢᠯᠭᠠᠨ᠂ ᠣᠷᠣᠢ ᠳᠠᠬᠢ ᠴᠡᠴᠡᠭ ᠤᠨ ᠲᠣᠭᠳᠣᠢ ᠶᠢᠨ ᠠᠲᠤᠷᠢᠶ᠎ᠠ ᠶᠢ ᠠᠶ᠎ᠠ ᠪᠠᠷ ᠨᠢ ᠤᠷᠤᠰᠤᠮ᠎ᠠ ᠪᠠᠶᠢᠯᠭᠠᠨ᠎ᠠ᠃ ᠠᠨᠠᠷ ᠢ ᠱᠤᠭᠤᠬᠤ ᠨᠢ ᠠᠷᠠᠳ ᠤᠨ ᠰᠡᠳᠬᠢᠯ ᠢ ᠨᠢᠭᠲᠠᠷᠠᠭᠤᠯᠤᠭᠰᠠᠨ ᠮᠡᠲᠦ ᠲᠡᠭᠦᠰ ᠰᠠᠶᠢᠬᠠᠨ ᠲᠣᠭᠤᠷᠢᠭ ᠪᠠᠶᠢᠯᠭᠠᠵᠤ᠂ ᠠᠨᠠᠷ ᠤᠨ ᠦᠷ᠎ᠡ ᠶᠢ ᠨᠢᠭᠲᠠ ᠪᠥᠭᠡᠳ ᠰᠠᠮᠠᠭᠤᠷᠠᠭᠤᠯᠬᠤ ᠦᠭᠡᠢ ᠪᠠᠶᠢᠯᠭᠠᠵᠤ᠂ ᠮᠠᠨ ᠤ ᠨᠡᠶᠢᠭᠡᠮ ᠲᠣᠭᠤᠷᠢᠭ ᠲᠠᠢ ᠠᠳᠠᠯᠢ ᠪᠠᠷ ᠨᠢᠭᠲᠠᠷᠠᠨ ᠪᠦᠯᠬᠦᠮᠳᠡᠭᠦᠯᠬᠦ ᠬᠡᠷᠡᠭᠲᠡᠢ᠃︾ ᠣᠯᠠᠨ ᠢᠶᠠᠷ ᠢᠶᠠᠨ ᠠᠩᠬᠠᠷᠤᠯ ᠢᠶᠠᠨ ᠲᠠᠯᠪᠢᠵᠤ ᠳᠠᠭᠤᠷᠢᠶᠠᠨ᠂ ᠬᠠᠶᠢᠴᠢ ᠪᠠᠷ ᠠᠨᠠᠷ ᠤᠨ ᠬᠠᠪᠬᠠᠯᠠᠭ᠎ᠠ ᠶᠢ ᠬᠠᠶᠢᠴᠢᠯᠠᠨ ᠭᠠᠷᠭᠠᠵᠤ᠂ ᠰᠠᠮ ᠢᠶᠠᠷ ᠰᠤᠳᠠᠰᠤ ᠶᠢ ᠳᠠᠷᠤᠵᠤ ᠭᠠᠷᠭᠠᠨ᠂ ᠳᠠᠬᠢᠨ ᠤᠯᠠᠭᠠᠨ ᠥᠩᠭᠡᠲᠡᠢ ᠭᠤᠯᠢᠷ ᠢᠶᠠᠷ ᠦᠷ᠎ᠡ ᠶᠢ ᠵᠣᠬᠢᠶᠠᠪᠠ᠂ ᠠᠮᠢᠳᠤ ᠳᠦᠷᠰᠦᠯᠢᠭ ᠠᠨᠠᠷ ᠠᠭᠠᠵᠢᠮ ᠢᠶᠠᠷ ᠳᠦᠷᠰᠦᠵᠢᠪᠡ᠃ ᠲᠤᠬᠠᠢ ᠶᠢᠨ ᠲᠠᠯᠠᠪᠠᠢ ᠶᠢᠨ ᠠᠭᠤᠷ ᠠᠮᠢᠰᠬᠤᠯ ᠬᠦᠷ ᠬᠥᠭᠵᠢᠶᠡᠨ ᠲᠠᠢ ᠪᠠᠶᠢᠵᠤ᠂ ᠪᠠᠶᠠᠷᠯᠠᠨ ᠢᠨᠢᠶᠡᠯᠳᠦᠬᠦ ᠲᠠᠭᠤᠨ ᠲᠠᠰᠤᠷᠠᠯᠳᠠ ᠦᠭᠡᠢ ᠦᠷᠭᠦᠯᠵᠢᠯᠡᠵᠦ᠂ ᠤᠯᠠᠨ ᠢᠶᠠᠷ ᠢᠶᠠᠨ ᠬᠠᠷᠢᠯᠴᠠᠨ ᠰᠣᠯᠢᠯᠴᠠᠵᠤ᠂ ᠬᠠᠷᠢᠯᠴᠠᠨ ᠰᠤᠷᠤᠯᠴᠠᠵᠤ᠂ ᠬᠠᠮᠲᠤ ᠪᠠᠷ ᠢᠶᠠᠨ ᠭᠤᠯᠢᠷ ᠤᠨ ᠱᠤᠭᠤᠮᠠᠯ ᠱᠤᠭᠤᠵᠤ ᠪᠦᠲᠦᠭᠡᠬᠦ ᠪᠠᠶᠠᠷ ᠪᠠᠭ᠋ᠠᠳᠤᠯ ᠳᠤ ᠰᠣᠭᠲᠣᠭᠤᠷᠠᠪᠠ᠃ ᠡᠨᠡ ᠵᠢᠯ ᠰᠠᠶ᠋ᠢ ᠠᠵᠢᠯ ᠤᠨ ᠠᠮᠠᠷᠠᠯᠲᠠ ᠪᠠᠨ ᠠᠪᠤᠭᠰᠠᠨ ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠶᠠᠩ ᠰᠢᠶᠤᠤ ᠹᠧᠩ ᠪᠠᠶᠠᠷᠲᠠᠢ ᠪᠠᠷ ᠥᠪᠡᠷ ᠤᠨ ᠪᠦᠲᠦᠭᠡᠯ ᠢᠶᠠᠨ ᠳᠡᠯᠭᠡᠨ ᠦᠵᠡᠭᠦᠯᠭᠦ ᠳᠤ ᠪᠠᠨ᠄ ︽ᠨᠡᠶᠢᠭᠡᠮ ᠲᠣᠭᠤᠷᠢᠭ ᠤᠨ ᠡᠷᠭᠢᠯᠡᠭᠰᠡᠨ ᠪᠣᠳᠠᠰ ᠤᠨ ᠪᠤᠰᠤ ᠰᠣᠶᠣᠯ ᠤᠨ ᠥᠪ ᠤᠨ ᠭᠤᠯᠢᠷ ᠤᠨ ᠱᠤᠭᠤᠮᠠᠯ ᠤᠨ ᠬᠢᠴᠢᠶᠡᠯ ᠤᠨ ᠲᠠᠩᠬᠢᠮ ᠨᠢ ᠮᠠᠨ ᠤ ᠠᠵᠢᠯ ᠤᠨ ᠴᠢᠯᠥᠭᠡᠨ ᠤ ᠠᠮᠢᠳᠤᠷᠠᠯ ᠢ ᠪᠠᠶᠠᠯᠢᠭᠵᠢᠭᠤᠯᠬᠤ ᠪᠠᠷ ᠪᠠᠷᠠᠬᠤ ᠥᠬᠡᠶ᠂ ᠪᠠᠰᠠ ᠨᠠᠮᠠᠶᠢ ᠨᠢᠭᠡᠨ ᠭᠠᠷ ᠤᠷᠠᠯᠠᠯ ᠢ ᠰᠤᠷᠤᠯᠴᠠᠭᠤᠯᠵᠤ᠂ ᠪᠣᠳᠠᠰ ᠤᠨ ᠪᠤᠰᠤ ᠰᠣᠶᠣᠯ ᠤᠨ ᠥᠪ ᠤᠨ ᠭᠤᠯᠢᠷ ᠤᠨ ᠱᠤᠭᠤᠮᠠᠯ ᠤᠨ ᠲᠠᠯ᠎ᠠ ᠶᠢᠨ ᠮᠡᠳᠡᠯᠭᠡ ᠶᠢ ᠣᠶᠢᠯᠠᠭᠠᠭᠤᠯᠴᠢᠬᠠᠨ᠎ᠠ᠂ ᠮᠢᠨᠦ ᠦᠵᠡᠬᠦ ᠪᠠᠷ ᠡᠶᠢᠮᠦᠷᠬᠦ ᠠᠵᠢᠯᠯᠠᠭ᠎ᠠ ᠨᠢ ᠮᠠᠰᠢ ᠰᠠᠶᠢᠨ᠂ ᠪᠢ ᠢᠳᠡᠪᠬᠢᠲᠡᠶ ᠣᠷᠣᠯᠴᠠᠨ᠎ᠠ︾ ᠭᠡᠵᠦ ᠬᠡᠯᠡᠪᠡ᠃      ᠭᠤᠯᠢᠷ ᠨᠢ ᠪᠤᠭᠤᠷᠤᠯ ᠭᠡᠵᠢᠭᠡ ᠲᠠᠢ ᠨᠠᠰᠤᠲᠠᠨ ᠤ ᠭᠠᠷ ᠲᠤ ᠤᠶᠠᠨ ᠬᠠᠳᠠᠨ ᠤᠷᠠᠯᠢᠭ ᠪᠣᠯᠵᠤ᠂ ᠪᠣᠳᠠᠰ ᠤᠨ ᠪᠤᠰᠤ ᠰᠣᠶᠣᠯ ᠤᠨ ᠥᠪ ᠨᠢ ᠲᠡᠦᠬᠡ ᠶᠢᠨ ᠬᠠᠭᠤᠳᠠᠰᠤ ᠶᠢ ᠬᠠᠭᠠᠭᠰᠠᠨ ᠲᠡᠮᠳᠡᠭ ᠪᠢᠰᠢ ᠪᠣᠯᠵᠤ᠂ ᠬᠠᠷᠢᠨ ᠴᠠᠭ ᠦᠶ᠎ᠡ ᠳᠤ ᠠᠭᠤᠰᠤᠯᠴᠠᠨ ᠣᠷᠣᠭᠰᠠᠨ ᠬᠠᠯᠠᠭᠤᠨ ᠳᠤᠯᠠᠭᠠᠨ ᠤᠯᠠ ᠮᠥᠷ ᠪᠣᠯᠵᠠᠢ᠃ ᠡᠨᠡ ᠤᠳᠠᠭᠠᠨ ᠤ ︽ᠪᠣᠳᠠᠰ ᠤᠨ ᠪᠤᠰᠤ ᠰᠣᠶᠣᠯ ᠤᠨ ᠥᠪ ᠢ ᠮᠥᠩᠭᠦᠨ ᠨᠠᠰᠤᠨ ᠤ ᠬᠢᠴᠢᠶᠡᠯ ᠤᠨ ᠲᠠᠩᠬᠢᠮ ᠳᠤ ᠣᠷᠣᠭᠤᠯᠬᠤ︾ ᠠᠮᠢᠳᠤᠯᠢᠭ ᠦᠢᠯᠡᠳᠦᠯᠭᠡ ᠨᠢ ᠪᠣᠳᠠᠰ ᠤᠨ ᠪᠤᠰᠤ ᠰᠣᠶᠣᠯ ᠤᠨ ᠥᠪ ᠢ ᠨᠡᠶᠢᠭᠡᠮ ᠲᠣᠭᠤᠷᠢᠭ ᠲᠤ ᠦᠨᠳᠦᠰᠦᠯᠡᠭᠦᠯᠵᠦ ᠰᠣᠶᠣᠭᠠᠯᠠᠭᠤᠯᠤᠭᠰᠠᠨ ᠢᠶᠠᠷ ᠪᠠᠷᠠᠬᠤ ᠥᠬᠡᠶ᠂ ᠨᠠᠩ ᠴᠤ ᠪᠤᠭᠤᠷᠤᠯ ᠭᠡᠵᠢᠭᠡ ᠲᠠᠢ ᠨᠠᠰᠤᠲᠠᠶᠢᠴᠤᠳ ᠲᠤ ᠣᠶᠤᠨ ᠰᠠᠨᠠᠭᠠᠨ ᠤ ᠨᠠᠶᠢᠳᠠᠪᠤᠷᠢ ᠪᠠ ᠥᠷᠲᠡᠭ ᠤᠨ ᠰᠢᠨ᠎ᠡ ᠪᠠᠶᠢᠷᠢᠰᠢᠯ ᠢ ᠣᠯᠭᠤᠭᠰᠠᠨ ᠪᠠᠶᠢᠨ᠎ᠠ᠃ ᠠᠶᠢᠪᠠᠭ᠎ᠠ ᠵᠡᠭᠡᠯᠢ ᠶᠢᠨ ᠨᠡᠶᠢᠭᠡᠮ ᠲᠣᠭᠤᠷᠢᠭ ᠤᠨ ᠨᠠᠮ ᠤᠨ ᠶᠡᠷᠦᠩᠬᠡᠢ ᠡᠭᠦᠷ ᠤᠨ ᠱᠦᠵᠢ ᠯᠢᠶᠠᠩ ᠵᠢᠩ ᠰᠤᠷᠪᠤᠯᠵᠢᠯᠠᠭᠴᠢ ᠳᠤ᠄ ︽ᠨᠡᠶᠢᠭᠡᠮ ᠲᠣᠭᠤᠷᠢᠭ ᠲᠤ ᠪᠣᠳᠠᠰ ᠤᠨ ᠪᠤᠰᠤ ᠰᠣᠶᠣᠯ ᠤᠨ ᠥᠪ ᠤᠨ ᠱᠤᠭᠤᠮᠠᠯ ᠤᠨ ᠬᠢᠴᠢᠶᠡᠯ ᠨᠡᠭᠡᠭᠡᠵᠦ᠂ ᠤᠯᠠᠮᠵᠢᠯᠠᠯᠲᠤ ᠰᠣᠶᠣᠯ ᠢ ᠤᠯᠠᠮᠵᠢᠯᠠᠬᠤ ᠳᠤ ᠬᠦᠴᠦᠨ ᠨᠡᠮᠡᠷᠢᠯᠡᠬᠦ ᠪᠠᠷ ᠪᠠᠷᠠᠬᠤ ᠦᠭᠡᠢ ᠪᠠᠰᠠ ᠬᠠᠷᠢᠶ᠎ᠠ ᠣᠷᠣᠨ ᠤ ᠰᠠᠭᠤᠭᠠᠯᠢ ᠠᠷᠠᠳ ᠲᠤ ᠰᠤᠷᠤᠯᠴᠠᠬᠤ ᠲᠠᠪᠴᠠᠩ ᠪᠠᠶᠢᠭᠤᠯᠵᠤ ᠥᠭᠴᠡᠢ᠃ ᠡᠭᠦᠨ ᠤ ᠬᠠᠮᠲᠤ ᠪᠠᠰᠠ ᠣᠷᠣᠯᠭ᠎ᠠ ᠡᠭᠦᠳᠬᠦ ᠰᠢᠨ᠎ᠡ ᠠᠷᠭ᠎ᠠ ᠵᠠᠮ ᠢ ᠨᠡᠭᠡᠭᠡᠵᠦ᠂ ᠰᠠᠭᠤᠭᠠᠯᠢ ᠠᠷᠠᠳ ᠰᠤᠷᠤᠯᠴᠠᠯᠭ᠎ᠠ ᠪᠠᠷ ᠳᠠᠮᠵᠢᠨ ᠭᠠᠷ ᠲᠠᠬᠢ ᠪᠦᠲᠦᠭᠡᠯ ᠢᠶᠠᠨ ᠦᠨᠡᠨ ᠪᠣᠳᠠᠲᠠᠶ ᠣᠷᠣᠯᠭ᠎ᠠ ᠪᠣᠯᠭᠠᠨ ᠬᠤᠪᠢᠷᠠᠭᠤᠯᠵᠤ᠂ ᠨᠢᠭᠡ ᠯᠡ ᠤᠳᠠᠭ᠎ᠠ ᠳᠤ ᠢᠯᠡᠭᠦᠦ ᠶᠢ ᠣᠯᠬᠤ ᠶᠢ ᠪᠡᠶᠡᠯᠡᠭᠦᠯᠪᠡ᠃ ᠳᠠᠷᠠᠭᠠᠴᠢ ᠶᠢᠨ ᠠᠯᠬᠤᠮ ᠳᠤ᠂ ᠠᠶᠢᠪᠠᠭ᠎ᠠ ᠨᠡᠶᠢᠭᠡᠮ ᠲᠣᠭᠤᠷᠢᠭ ᠤᠨ ᠬᠢᠨ ᠨᠡᠩ ᠤᠯᠠᠨ ᠲᠦᠷᠦᠯ ᠵᠦᠢᠯ ᠤᠨ ᠪᠣᠳᠠᠰ ᠤᠨ ᠪᠤᠰᠤ ᠰᠣᠶᠣᠯ ᠤᠨ ᠥᠪ ᠤᠨ ᠬᠢᠴᠢᠶᠡᠯ ᠢ ᠥᠷᠨᠢᠭᠦᠯᠵᠦ᠂ ᠤᠯᠠᠮᠵᠢᠯᠠᠯᠲᠤ ᠰᠣᠶᠣᠯ ᠢ ᠰᠠᠭᠤᠭᠠᠯᠢ ᠠᠷᠠᠳ ᠤᠨ ᠠᠮᠢᠳᠤᠷᠠᠯ ᠳᠤ ᠦᠨᠡᠨ ᠬᠦ ᠠᠭᠤᠰᠬᠠᠨ ᠣᠷᠣᠭᠤᠯᠤᠨ᠎ᠠ᠃      ᠬᠤᠷᠤᠭᠤᠨ ᠦᠵᠦᠭᠦᠷ ᠠᠴᠠ ᠰᠡᠳᠬᠢᠯ ᠤᠨ ᠬᠤᠭᠤᠷᠣᠨᠳᠤ ᠬᠦᠷᠲᠡᠯ᠎ᠡ᠂ ᠰᠣᠶᠣᠯ ᠢ ᠤᠯᠠᠮᠵᠢᠯᠠᠬᠤ ᠠᠴᠠ ᠠᠷᠠᠳ ᠤᠨ ᠠᠮᠢᠳᠤᠷᠠᠯ ᠤᠨ ᠬᠠᠯᠠᠭᠤᠨ ᠳᠤᠯᠠᠭᠠᠨ ᠬᠦᠷᠲᠡᠯ᠎ᠡ᠂ ᠠᠶᠢᠪᠠᠭ᠎ᠠ ᠨᠡᠶᠢᠭᠡᠮ ᠲᠣᠭᠤᠷᠢᠭ ᠪᠣᠳᠠᠰ ᠤᠨ ᠪᠤᠰᠤ ᠰᠣᠶᠣᠯ ᠤᠨ ᠥᠪ ᠢᠶᠠᠷ ᠬᠤᠯᠪᠣᠭᠠᠰᠤ ᠪᠣᠯᠭᠠᠵᠤ᠂ ᠥᠲᠡᠯᠦᠭᠡ ᠨᠠᠰᠤᠨ ᠳᠤ ᠪᠠᠨ ᠰᠤᠷᠤᠯᠴᠠᠬᠤ ᠳᠤᠷᠠᠲᠠᠶ᠂ ᠥᠲᠡᠯᠦᠭᠡ ᠨᠠᠰᠤᠨ ᠳᠤ ᠪᠠᠨ ᠪᠠᠶᠠᠷ ᠴᠡᠩᠭᠡᠯ ᠲᠠᠢ᠂ ᠥᠲᠡᠯᠦᠭᠡ ᠨᠠᠰᠤᠨ ᠳᠤ ᠪᠠᠨ ᠬᠢᠬᠦ ᠶᠠᠭᠤᠮ᠎ᠠ ᠲᠠᠢ ᠵᠣᠯ ᠵᠢᠷᠭᠠᠯᠲᠤ ᠵᠢᠷᠤᠭ ᠤᠨ ᠦᠵᠡᠮᠵᠢ ᠶᠢ ᠵᠣᠬᠢᠶᠠᠨ ᠪᠦᠲᠦᠭᠡᠨ᠎ᠡ᠃
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号