7 ᠰᠠᠷ᠎ᠠ ᠶᠢᠨ 1 ᠤ ᠡᠳᠦᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠵᠢᠯᠴᠢᠨ ᠤ | ᠶᠡᠷᠦᠩᠬᠡᠶ ᠡᠪᠯᠡᠯ ᠤᠨ ᠤᠮᠠᠷᠠᠲᠤ ᠬᠢᠯᠢ ᠶᠢᠨ ᠠᠵᠢᠯᠲᠠᠨ ᠠᠵᠢᠯᠴᠢᠨ ᠤ ᠤᠯᠠᠭᠠᠨᠮᠥ᠋ᠴᠢᠷ ᠳᠠᠷᠬᠠᠨ ᠮᠤᠤᠮᠢᠩᠭᠠᠨ | ᠬᠤᠯᠪᠣᠭᠠᠲᠤ ᠬᠤᠰᠢᠭᠤᠨ ᠤ ᠮᠠᠨᠳᠤᠯ ᠪᠣᠭᠤᠮᠲᠠ ᠳᠤ ᠬᠦᠷᠴᠦ᠂ ᠲᠣᠭᠯᠠᠭᠴᠢᠳ ᠣᠷᠭᠢᠯᠤᠮ᠎ᠠ ᠬᠠᠯᠠᠭᠤᠨ | ᠰᠡᠳᠬᠢᠯᠭᠡ ᠪᠠᠷ ᠪᠣᠭᠤᠮᠲᠠ ᠶᠢᠨ ᠨᠢᠭᠡᠳᠦᠭᠡᠷ ᠹᠷᠣᠨᠲ ᠢ ᠪᠠᠲᠤ ᠰᠠᠬᠢᠵᠤ ᠪᠠᠶᠢᠭ᠎ᠠ ᠠᠵᠢᠯᠲᠠᠨ ᠠᠵᠢᠯᠴᠢᠨ ᠪᠠ | ᠰᠠᠭᠤᠭᠠᠯᠢ ᠠᠷᠠᠳ ᠲᠤ ᠭᠤᠶᠢᠳᠠ ᠰᠠᠶᠢᠬᠠᠨ ᠤᠷᠠᠨ ᠰᠠᠶᠢᠬᠠᠨ ᠤ ᠲᠣᠭᠯᠠᠯᠲᠠ ᠭᠠᠷᠭᠠᠪᠠ᠃ ᠭᠤᠶᠢᠳᠠ ᠰᠠᠶᠢᠬᠠᠨ | ᠳᠠᠭᠤᠤ ᠪᠥᠵᠢᠭ᠂ ᠳᠠᠭᠤᠷᠢᠯᠢᠭ ᠤᠨ ᠲᠣᠭᠯᠠᠯᠲᠠ ᠡᠭᠡᠯᠵᠢᠯᠡᠨ ᠲᠠᠯᠠᠪᠠᠢ ᠳᠤ ᠭᠠᠷᠴᠤ᠂ ᠤᠷᠠᠯᠢᠭ ᠢᠶᠠᠷ ᠬᠠᠶᠢᠷ᠎ᠠ | ᠬᠠᠯᠠᠮᠵᠢ ᠶᠢ ᠳᠠᠮᠵᠢᠭᠤᠯᠵᠤ᠂ ᠰᠣᠶᠣᠯ ᠢᠶᠠᠷ ᠬᠥᠮᠦᠰ ᠤᠨ ᠰᠡᠳᠬᠢᠯ ᠢ ᠨᠢᠭᠲᠠᠷᠠᠭᠤᠯᠵᠤ᠂ ᠬᠢᠯᠢ ᠶᠢᠨ ᠪᠣᠭᠤᠮᠲᠠ ᠳᠤ | ᠥᠭᠡᠷ᠎ᠡ ᠵᠦᠢᠯ ᠤᠨ ᠠᠮᠢᠵᠢᠷᠠᠯ ᠤᠨ ᠬᠦᠴᠦᠨ ᠪᠠ ᠬᠠᠶᠢᠷ᠎ᠠ ᠬᠠᠯᠠᠮᠵᠢ ᠶᠢ ᠨᠡᠮᠡᠷᠢᠯᠡᠭᠰᠡᠨ ᠪᠠᠶᠢᠨ᠎ᠠ᠃ | ᠠᠵᠢᠯᠯᠠᠭ᠎ᠠ ᠶᠢᠨ ᠲᠤᠬᠠᠢ ᠶᠢᠨ ᠲᠠᠯᠠᠪᠠᠢ ᠳᠤ᠂ ᠤᠯᠠᠭᠠᠨᠮᠥ᠋ᠴᠢᠷ ᠤᠨ ᠲᠣᠭᠯᠠᠭᠴᠢᠳ ᠮᠣᠩᠭᠤᠯ ᠲᠡᠷᠯᠢᠭ ᠢᠶᠠᠨ | ᠡᠮᠦᠰᠴᠦ᠂ ᠲᠠᠯ᠎ᠠ ᠨᠤᠲᠤᠭ ᠤᠨ ᠬᠥᠪᠡᠭᠦᠳ ᠥᠬᠢᠳ ᠤᠨ ᠣᠮᠤᠭ ᠵᠣᠷᠢᠭ ᠪᠣᠯᠤᠨ ᠤᠶᠠᠨ ᠬᠠᠲᠠᠨ ᠰᠡᠳᠬᠢᠯᠭᠡ ᠶᠢ | ᠪᠥᠵᠢᠭ ᠤᠨ ᠠᠯᠬᠤᠭ᠎ᠠ᠂ ᠤᠷᠲᠤ ᠶᠢᠨ ᠲᠠᠭᠤᠤ ᠶᠢᠨ ᠠᠶᠠᠯᠭᠤᠨ ᠳᠤ ᠠᠭᠤᠰᠬᠠᠨ ᠣᠷᠣᠭᠤᠯᠪᠠ᠃ ︽ᠤᠯᠤᠰ ᠤᠨ | ᠬᠡᠦᠬᠡᠳ︾ ᠢᠶᠠᠷ ᠪᠦᠷᠢᠯᠳᠦᠭᠰᠡᠨ ᠤᠯᠠᠭᠠᠨ ᠠᠨᠠᠷ ᠤᠷᠠᠯᠢᠭ ᠤᠨ ᠠᠩᠭᠢ ᠴᠤ ᠲᠣᠭᠯᠠᠯᠲᠠ ᠳᠤ ᠣᠷᠣᠯᠴᠠᠵᠤ᠂ | ᠣᠯᠠᠨ ᠳᠤ ︽ᠪᠢ ᠴᠤ ᠲᠠᠯ᠎ᠠ ᠨᠤᠲᠤᠭ ᠤᠨ ᠬᠡᠤᠬᠡᠳ︾ ᠭᠡᠬᠦ ᠨᠠᠶᠢᠷᠠᠯ ᠳᠠᠭᠤᠤ ᠶᠢ ᠬᠠᠩᠭᠢᠨᠠᠲᠠᠯ᠎ᠠ ᠳᠠᠭᠤᠯᠠᠵᠤ᠂ | ᠲᠠᠭᠤᠨ ᠤ ᠦᠭᠡ ᠨᠢᠭᠡᠪᠦᠷᠢ ᠨᠢ ᠴᠥᠮ ︽ᠤᠯᠤᠰ ᠤᠨ ᠬᠡᠦᠬᠡᠳ︾ ᠤᠨ ᠲᠠᠯ᠎ᠠ ᠨᠤᠲᠤᠭ ᠲᠠᠬᠢ ᠬᠠᠶᠢᠷ᠎ᠠ | ᠰᠡᠳᠬᠢᠯᠭᠡ ᠶᠢ ᠢᠯᠡᠷᠡᠬᠦᠯᠵᠦ᠂ ᠨᠠᠮ ᠳᠠᠭᠠᠨ ᠲᠠᠯᠠᠷᠬᠠᠵᠤ ᠪᠠᠶᠢᠭ᠎ᠠ ᠰᠡᠳᠬᠢᠯᠭᠡ ᠶᠢ ᠠᠭᠤᠯᠤᠨ᠎ᠠ᠃ | ︽ᠤᠯᠤᠰ ᠤᠨ ᠬᠡᠦᠬᠡᠳ︾ ᠴᠠᠭᠠᠨᠴᠢᠯᠠᠭᠤ᠄ ︽ᠳᠡᠭᠡᠷ᠎ᠡ ᠵᠠᠭᠤᠨ ᠤ ᠵᠢᠷᠠᠭᠠᠳ ᠣᠨ ᠤ ᠤᠯᠤᠰ ᠤᠨ | ᠬᠠᠮᠤᠭ ᠤᠨ ᠬᠦᠴᠢᠷᠳᠡᠯ ᠲᠠᠢ ᠴᠠᠭ ᠦᠶ᠎ᠡ ᠳᠤ᠂ ᠪᠢ ᠱᠠᠩᠬᠠᠢ ᠠᠴᠠ ᠥᠪᠥᠷ ᠮᠣᠩᠭᠤᠯ ᠳᠤ ᠢᠷᠡᠭᠰᠡᠨ ᠭᠤᠷᠪᠠᠨ | ᠮᠢᠩᠭᠠᠨ ᠥᠨᠥᠴᠢᠨ ᠬᠡᠦᠬᠡᠳ ᠤᠨ ᠨᠢᠭᠡ ᠪᠣᠯᠤᠭᠰᠠᠨ ᠤ ᠬᠤᠪᠢ ᠳᠤ᠂ ᠲᠠᠯ᠎ᠠ ᠨᠤᠲᠤᠭ ᠤᠨ ᠡᠵᠢ ᠨᠠᠳᠠ ᠶᠢ | ᠡᠶᠡᠯᠰᠡᠭ ᠳᠣᠲᠣᠨᠣ ᠬᠦᠯᠢᠶᠡᠨ ᠠᠪᠤᠪᠠ︾ ᠬᠡᠵᠦ ᠡᠷᠬᠢᠴᠡᠬᠦᠯᠪᠡ᠃ ᠨᠠᠮ ᠠᠴᠠ ᠨᠠᠳᠠ ᠳᠤ ᠳᠠᠬᠢᠨ ᠠᠵᠤ ᠲᠦᠷᠦᠨ | ᠠᠮᠢᠳᠤᠷᠠᠬᠤ ᠬᠦᠰᠡᠯ ᠡᠷᠡᠮᠡᠯᠵᠡᠯ ᠢ ᠤᠯᠭᠤᠵᠤ᠂ ᠡᠬᠡ ᠤᠯᠤᠰ ᠠᠴᠠ ᠨᠠᠳᠠ ᠳᠤ ᠦᠰᠦᠨ ᠪᠤᠶᠢᠵᠢᠯᠲᠠ ᠶᠢᠨ | ᠰᠢᠮᠡᠯᠢᠭ ᠬᠥᠷᠥᠰᠥ ᠰᠢᠷᠣᠶ ᠶᠢ ᠥᠭᠴᠦ᠂ ᠥᠷᠭᠡᠨ ᠠᠭᠤᠳᠠᠮ ᠲᠠᠯ᠎ᠠ ᠨᠤᠲᠤᠭ ᠨᠡᠩ ᠴᠦ ᠰᠦ ᠰᠢᠭ ᠴᠠᠶᠢᠯᠭᠠᠨ | ᠰᠡᠳᠬᠢᠯ ᠢᠶᠠᠷ ᠢᠶᠠᠨ ᠨᠠᠳᠠ ᠶᠢ ᠦᠰᠭᠡᠨ ᠪᠤᠶᠢᠵᠢᠭᠤᠯᠪᠠ᠃ ︽ᠤᠯᠤᠰ ᠤᠨ ᠬᠡᠦᠬᠡᠳ︾ ᠭᠡᠳᠡᠭ ᠨᠡᠷ᠎ᠡ ᠨᠢ | ᠨᠠᠳᠠᠳᠤ ᠣᠨᠴᠠᠭᠠᠢ ᠲᠤᠷᠠᠳᠬᠠᠯ ᠪᠤᠯᠤᠭᠰᠠᠨ ᠢᠶᠠᠷ ᠪᠠᠷᠠᠬᠤ ᠦᠬᠡᠢ᠂ ᠨᠡᠩ ᠴᠤ ᠪᠢ ᠦᠪᠡᠷ ᠢ ᠪᠠᠨ ᠤᠮᠤᠭ | ᠪᠠᠷᠳᠠᠮ ᠢᠶᠠᠷ ︽ᠲᠠᠯ᠎ᠠ ᠨᠤᠲᠤᠭ ᠤᠨ ᠬᠦᠦ︾ ᠭᠡᠵᠦ ᠣᠮᠣᠷᠬᠠᠭ ᠪᠠᠷᠳᠠᠮ ᠶᠠᠷᠢᠳᠠᠭ᠃ ︽ᠳᠤᠮᠳᠠᠳᠤ ᠶᠢᠨ | ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠤᠭᠴᠠᠯᠠᠵᠤ᠂ ᠦᠨᠳᠦᠰᠦᠲᠡᠨ ᠨᠦᠭᠦᠳ | ᠪᠦᠯᠬᠦᠮᠳᠡᠨ ᠨᠢᠭᠡ ᠭᠡᠷ ᠤᠨ ᠬᠥᠮᠦᠨ ᠮᠡᠲᠦ ᠳᠣᠲᠣᠨᠣ ᠪᠠᠶᠢᠬᠤ︾ ᠭᠦᠨ ᠵᠤᠵᠠᠭᠠᠨ ᠬᠠᠶᠢᠷ᠎ᠠ ᠰᠡᠳᠬᠢᠯᠭᠡ ᠶᠢ | ᠳᠠᠮᠵᠢᠭᠤᠯᠪᠠ᠃ | ︽ᠤᠯᠤᠰ ᠤᠨ ᠬᠡᠤᠬᠡᠳ︾ ᠪᠣᠯᠤᠨ ᠥᠪᠡᠷᠲᠡᠭᠡᠨ ᠵᠠᠰᠠᠬᠤ ᠣᠷᠣᠨ ᠤ ᠠᠵᠢᠯᠴᠢᠨ ᠤ ᠶᠡᠷᠦᠩᠬᠡᠶ ᠡᠪᠯᠡᠯ ᠤᠨ | ᠤᠮᠠᠷᠠᠲᠤ ᠬᠢᠯᠢ ᠶᠢᠨ ᠠᠵᠢᠯᠲᠠᠨ ᠠᠵᠢᠯᠴᠢᠨ ᠤ ᠤᠯᠠᠭᠠᠨᠮᠥ᠋ᠴᠢᠷ ᠲᠠᠢ ᠬᠠᠮᠲᠤ ᠲᠣᠭᠯᠠᠯᠲᠠ ᠭᠠᠷᠭᠠᠭᠰᠠᠨ ᠨᠢ᠂ | ᠭᠠᠵᠠᠷ ᠣᠷᠣᠨ᠂ ᠡᠯᠢᠭᠡ ᠵᠢᠷᠤᠭᠡᠨ ᠤ ᠬᠤᠯᠪᠤᠭᠠᠰᠤ ᠶᠢ ᠵᠠᠯᠭᠠᠭᠰᠠᠨ ᠦᠨᠳᠦᠰᠦᠲᠡᠨ ᠤ ᠨᠥᠬᠦᠷᠯᠡᠯ ᠤᠨ ᠠᠮᠢᠳᠤᠯᠢᠭ | ᠵᠢᠷᠤᠭᠯᠠᠯ ᠢ ᠢᠯᠡᠷᠡᠭᠦᠯᠵᠦ᠂ ᠦᠨᠳᠦᠰᠦᠲᠡᠨ ᠤ ᠪᠦᠯᠬᠦᠮᠳᠡᠯ ᠤᠨ ᠴᠡᠴᠡᠭ ᠢ ᠥᠷᠭᠡᠨ ᠠᠭᠤᠳᠠᠮ ᠲᠠᠯ᠎ᠠ ᠨᠤᠲᠤᠭ ᠲᠤ | ᠨᠠᠩ ᠥᠩᠭᠡ ᠢᠯᠭᠠᠷᠠᠮ᠎ᠠ ᠪᠣᠯᠭᠠᠪᠠ᠃ |