︽ᠪᠤᠭᠤᠲᠤ ᠬᠤᠲᠠ ᠶᠢᠨ ︿ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠣᠯᠪᠠᠰᠤᠨ ᠦᠢᠯᠡ ᠠᠵᠢᠯᠯᠠᠭ᠎ᠠ ᠶᠢ ᠠᠬᠢᠭᠤᠯᠬᠤ ᠲᠦᠷᠢᠮ﹀ ᠢ ᠬᠡᠷᠡᠭᠵᠢᠭᠦᠯᠬᠦ ᠠᠷᠭ᠎ᠠ︾ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠰᠠᠨᠠᠭᠠᠴᠢᠯᠠᠭ᠎ᠠ ᠶᠢᠨ ᠪᠢᠴᠢᠭ
ᠨᠡᠶᠢᠲᠡᠯᠡᠭᠰᠡᠨ ᠴᠠᠭ᠄
2025/6/4
      ᠪᠣᠯᠪᠠᠰᠤᠨ ᠪᠣᠯ ᠨᠢᠭᠡ ᠵᠦᠢᠯ ᠤᠨ ᠴᠠᠶᠢᠯᠭᠠᠨ ᠰᠡᠳᠬᠢᠯ ᠪᠠ ᠥᠪᠡᠷ ᠤᠨ ᠬᠠᠷᠢᠭᠤᠴᠠᠯᠭ᠎ᠠ ᠮᠥᠨ᠂ ᠨᠠᠩ ᠴᠤ ᠪᠤᠰᠤᠳ ᠤᠨ ᠲᠥᠯᠥᠭᠡ ᠪᠣᠳᠣᠯᠬᠢᠯᠠᠬᠤ ᠰᠠᠶᠢᠬᠠᠨ ᠰᠤᠷᠲᠠᠯ ᠮᠥᠨ᠂ ᠪᠣᠯᠪᠠᠰᠤᠨ ᠨᠢ ᠮᠠᠨ ᠤ ᠡᠳᠦᠷ ᠲᠤᠲᠤᠮ ᠤᠨ ᠦᠢᠯᠡ ᠠᠵᠢᠯᠯᠠᠭ᠎ᠠ ᠲᠤᠮᠳᠠ ᠢᠯᠡᠷᠡᠵᠦ᠂ ︽ᠪᠤᠭᠤᠲᠤ ᠬᠤᠲᠠ ᠶᠢᠨ ︿ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠣᠯᠪᠠᠰᠤᠨ ᠤ ᠠᠵᠢᠯᠯᠠᠭ᠎ᠠ ᠶᠢ ᠠᠬᠢᠭᠤᠯᠬᠤ ᠲᠦᠷᠢᠮ﹀ ᠢ ᠬᠡᠷᠡᠭᠵᠢᠭᠦᠯᠬᠦ ᠠᠷᠭ᠎ᠠ︾ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠬᠥᠮᠦᠨ ᠪᠦᠬᠦᠨ ᠪᠣᠯᠪᠠᠰᠤᠨ  ᠢ ᠡᠷᠬᠢᠮᠯᠡᠵᠦ ᠂ ᠬᠤᠲᠠ  ᠪᠠᠨ ᠨᠠᠩ ᠰᠠᠶᠢᠨ ᠰᠠᠶᠢᠬᠠᠨ ᠪᠤᠯᠭᠠᠬᠤ ᠳᠤ᠂  ᠪᠣᠯᠵᠣᠨ ᠲᠣᠭᠲᠠᠭᠰᠠᠨ ᠵᠦᠢᠯ ᠢᠶᠠᠨ ᠪᠢᠳᠡ ᠴᠥᠮ ᠬᠢᠶ᠎ᠡ ︕      ᠨᠢᠭᠡ᠂ ︽ᠪᠣᠯᠪᠠᠰᠤᠨ ᠢᠶᠠᠷ  ᠶᠠᠪᠤᠵᠤ ᠰᠠᠭᠤᠬᠤ ︾ ᠪᠣᠯᠵᠤᠭ᠎ᠠ      ᠤᠯᠠᠭᠠᠨ ᠨᠣᠭᠤᠭᠠᠨ ᠳ᠋ᠧᠩ ᠤᠨ ᠳᠣᠣᠷ᠎ᠠ ᠬᠡᠪ ᠴᠢᠨᠠᠷ ᠢᠯᠡᠷᠡᠵᠦ᠂ ᠡᠷᠢᠶᠡᠨ ᠱᠤᠭᠤᠮ ᠳᠡᠭᠡᠷ᠎ᠡ ᠪᠣᠯᠪᠠᠰᠤᠨ ᠪᠠᠶᠢᠳᠠᠯ ᠬᠠᠷᠠᠭᠳᠠᠨ᠎ᠠ᠃  ᠶᠠᠪᠤᠵᠤ ᠰᠠᠭᠤᠬᠤ ᠳᠠᠭᠠᠨ᠂ ᠵᠠᠮ ᠬᠠᠷᠢᠯᠴᠠᠭᠠᠨ ᠤ ᠳᠦᠷᠢᠮ ᠢ ᠤᠬᠠᠮᠰᠠᠷ ᠠᠴᠠ ᠪᠠᠨ ᠵᠢᠷᠤᠮᠯᠠᠵᠤ᠂ ᠤᠯᠠᠭᠠᠨ ᠳ᠋ᠧᠩ ᠢ  ᠵᠦᠷᠢᠴᠡᠬᠦ ᠦᠭᠡᠢ᠂ ᠠᠷᠢᠬᠢ ᠤᠤᠭᠤᠭᠠᠳ ᠲᠡᠷᠭᠡ ᠵᠢᠯᠣᠭᠤᠳᠬᠤ ᠦᠭᠡᠢ᠂ ᠳᠤᠷ᠎ᠠ ᠪᠠᠷ ᠢᠶᠠᠨ ︽ᠲᠦᠭᠵᠢᠬᠦ︾ ᠦᠭᠡᠢ᠂ ᠬᠡᠷᠡᠰᠬᠡ ᠶᠢ ᠦᠯᠦ ᠳᠠᠪᠠᠭ᠋ᠤ᠂ ᠲᠡᠷᠭᠡᠨ ᠤ ᠴᠣᠩᠬᠤ ᠪᠠᠷ ᠶᠠᠭᠤᠮ᠎ᠠ ᠬᠠᠶᠠᠬᠤ ᠦᠭᠡᠢ᠂ ᠡᠷᠢᠶᠡᠨ ᠱᠤᠭᠤᠮ ᠤᠨ ᠡᠮᠦᠨ᠎ᠡ ᠰᠠᠨᠠᠭᠠᠴᠢᠯᠠᠭ᠎ᠠ ᠠᠴᠠ ᠪᠠᠨ ᠨᠠᠶᠢᠷ ᠲᠠᠯᠪᠢᠵᠤ᠂ ᠪᠣᠯᠪᠠᠰᠤᠨ ᠠᠮᠤᠷ ᠲᠠᠶᠢᠪᠤᠩ  ᠢᠶᠠᠷ  ᠶᠠᠪᠤᠵᠤ ᠰᠠᠭᠤᠶ᠎ᠠ ᠃      ᠬᠤᠶᠠᠷ᠂ ︽ᠪᠣᠯᠪᠠᠰᠤᠨ ᠢᠶᠠᠷ  ᠲᠡᠷᠭᠡ ᠬᠦᠰᠭᠡ  ᠪᠠᠨ ᠵᠣᠭᠰᠣᠭᠠᠬᠤ︾ ᠪᠣᠯᠵᠤᠭ᠎ᠠ      ᠲᠡᠷᠭᠡ ᠬᠥᠰᠬᠡ ᠶᠢ ᠵᠣᠭᠰᠣᠭᠠᠬᠤ ᠂ ᠰᠤᠮᠤᠨ ᠦᠵᠦᠭᠦᠷ ᠤᠨ ᠤᠳᠤᠷᠢᠳᠤᠮᠵᠢ ᠶᠢᠨ ᠲᠡᠮᠳᠡᠭ ᠶᠣᠰᠣᠭᠠᠷ ᠲᠡᠷᠭᠡ ᠬᠥᠰᠬᠡ ᠶᠢ ᠲᠡᠷᠢ ᠲᠡᠭᠰᠢ ᠡᠮᠬᠢ ᠵᠢᠷᠤᠮ ᠲᠠᠢ ᠪᠠᠷ ᠵᠣᠭᠰᠣᠭᠠᠵᠤ᠂ ᠳᠤᠷ᠎ᠠ ᠪᠠᠷ ᠢᠶᠠᠨ ᠵᠣᠭᠰᠣᠭᠠᠵᠤ ᠳᠤᠷ᠎ᠠ ᠪᠠᠷ ᠢᠶᠠᠨ ᠲᠠᠯᠪᠢᠬᠤ ᠥᠬᠡᠶ᠂ ᠭᠠᠯ ᠤᠨᠲᠠᠷᠠᠭᠠᠬᠤ ᠵᠠᠮ᠂ ᠰᠣᠬᠤᠷ ᠬᠦᠮᠦᠨ ᠤ ᠵᠠᠮ ᠢ ᠡᠵᠡᠯᠡᠨ ᠬᠡᠷᠡᠭᠯᠡᠬᠦ ᠥᠬᠡᠶ ᠪᠠᠶᠢᠵᠤ᠂ ᠪᠣᠯᠪᠠᠰᠤᠨ ᠰᠠᠶᠢᠨ ᠳᠠᠳᠬᠠᠯ ᠲᠠᠢ ᠪᠣᠯᠵᠣ᠂ ᠪᠣᠯᠪᠠᠰᠤᠨ᠂ ᠠᠮᠤᠷ ᠲᠦᠪᠰᠢᠨ᠂ ᠰᠠᠭᠠᠳ ᠥᠬᠡᠶ᠂ ᠡᠮᠬᠢ ᠵᠢᠷᠤᠮ ᠲᠠᠢ ᠵᠠᠮ  ᠬᠠᠷᠢᠯᠴᠠᠭᠠᠨ ᠤ ᠣᠷᠴᠢᠨ ᠲᠣᠭᠤᠷᠢᠨ ᠢ ᠬᠠᠮᠲᠤ ᠪᠠᠷ ᠪᠣᠶ ᠪᠤᠯᠭᠠᠶ᠎ᠠ ᠃      ᠭᠤᠷᠪᠠ᠂ ︽ᠪᠣᠯᠪᠠᠰᠤᠨ ᠢᠶᠠᠷ ᠬᠤᠭᠤᠯᠠᠯᠠᠬᠤ︾ ᠪᠣᠯᠵᠤᠭ᠎ᠠ      ᠠᠷᠠᠳ ᠢᠷᠭᠡᠳ ᠠᠮᠤ ᠪᠤᠳᠠᠭ᠎ᠠ ᠪᠠᠷ ᠠᠮᠢ ᠭᠤᠣᠯ ᠢᠶᠠᠨ ᠪᠣᠯᠭᠠᠮᠤᠢ᠃ ᠬᠤᠭᠤᠯᠠ ᠢᠳᠡᠬᠦ ᠳᠡᠭᠡᠨ ᠬᠡᠷᠡᠭᠴᠡᠭᠡ ᠪᠠᠷ ᠢᠶᠠᠨ ᠬᠤᠭᠤᠯᠠᠯᠠᠵᠤ ᠪᠦᠷᠢᠯᠭᠡᠬᠦ ᠦᠭᠡᠢ᠂ ᠵᠣᠴᠢᠨ ᠵᠠᠯᠠᠵᠤ ᠬᠤᠭᠤᠯᠠ ᠢᠳᠡᠭᠦᠯᠬᠦ ᠶᠢ ᠠᠳᠠᠯᠢᠳᠬᠠᠬᠤ ᠦᠭᠡᠢ᠂ ᠦᠯᠡᠳᠡᠭᠰᠡᠨ ᠬᠤᠭᠤᠯᠠ ᠤᠮᠳᠠ ᠪᠠᠨ ᠭᠡᠷ ᠲᠡᠭᠡᠨ ᠠᠪᠠᠴᠢᠵᠤ᠂ ᠨᠡᠶᠢᠲᠡ ᠶᠢᠨ ᠠᠶᠠᠭ᠎ᠠ ᠰᠠᠪᠬ᠎ᠠ  ᠶᠢ  ᠬᠡᠷᠡᠭᠯᠡᠵᠦ᠂ ᠡᠷᠡᠭᠦᠯ ᠴᠢᠭᠢᠷᠠᠭ ᠢ ᠡᠷᠬᠢᠮᠯᠡᠨ᠂ ᠪᠣᠯᠪᠠᠰᠤᠨ ᠢᠶᠠᠷ ᠬᠤᠭᠤᠯᠠᠯᠠᠬᠤ ᠶᠢ ᠰᠢᠨ᠎ᠡ ︽  ᠭᠡᠪ ᠰᠤᠷᠳᠠᠯ︾  ᠪᠤᠯᠭᠠᠶ᠎ᠠ᠃      ᠳᠥᠷᠪᠡ᠂ ︽ᠪᠣᠯᠪᠠᠰᠤᠨ ᠢᠶᠠᠷ ᠨᠣᠬᠠᠶ ᠲᠡᠵᠢᠭᠡᠬᠦ︾ ᠪᠣᠯᠵᠤᠭ᠎ᠠ      ᠨᠣᠬᠠᠢ ᠪᠣᠯ ᠬᠥᠮᠥᠨ ᠲᠥᠷᠥᠯᠬᠢᠲᠡᠨ ᠤ ᠰᠠᠶᠢᠨ ᠨᠠᠶᠢᠵᠠ ᠶᠤᠮ᠃ ᠨᠣᠬᠠᠶ ᠲᠡᠵᠢᠭᠡᠨ ᠠᠷᠠᠴᠢᠯᠠᠵᠤ ᠪᠠᠶᠢᠭ᠎ᠠ ᠦᠶ᠎ᠡ ᠳᠤ ᠪᠠᠨ᠂ ᠳᠣᠣᠷᠠᠬᠢ ᠬᠡᠳᠦᠨ ᠵᠦᠢᠯ ᠢ ᠰᠠᠶᠢᠲᠤᠷ  ᠠᠩᠬᠠᠷᠤᠭᠠᠷᠠᠢ᠄ ᠨᠣᠬᠠᠶ ᠲᠡᠵᠢᠭᠡᠬᠦ ᠦᠨᠡᠮᠯᠡᠯ ᠢ ᠳᠠᠩᠰᠠᠯᠠᠬᠤ᠂ ᠲᠣᠭᠲᠠᠭᠰᠠᠨ ᠬᠤᠭᠤᠴᠠᠭ᠎ᠠ ᠲᠠᠢ ᠪᠠᠷ ᠨᠣᠬᠠᠶ ᠳᠤ ᠲᠠᠷᠢᠯᠭ᠎ᠠ ᠲᠠᠷᠢᠵᠤ᠂ ᠨᠣᠬᠠᠶ ᠪᠠᠨ ᠭᠠᠷᠭᠠᠵᠤ ᠲᠤᠭᠤᠷᠢᠭᠤᠯᠬᠤ ᠳᠤ ᠴᠢᠩᠭ᠎ᠠ ᠬᠦᠳᠦᠯᠵᠦ᠂ ᠡᠩᠬᠦᠷᠡᠶ ᠠᠮᠢᠲᠠᠨ  ᠤ ᠪᠠᠨ ᠰᠢᠭᠡᠰᠦ ᠪᠠᠭᠠᠰᠤ ᠶᠢ ᠴᠠᠭ ᠲᠤᠬᠠᠶ ᠳᠤᠨᠢ ᠴᠡᠪᠡᠷᠯᠡᠵᠦ᠂ ᠨᠣᠬᠠᠶ ᠪᠠᠨ ᠳᠤᠷ᠎ᠠ ᠪᠠᠷ  ᠨᠢ  ᠬᠤᠴᠠᠵᠤ  ᠬᠤᠷᠭᠤᠭᠠᠯᠭᠠᠬᠤ ᠦᠬᠡᠢ᠂ ᠣᠯᠠᠨ ᠨᠡᠶᠢᠲᠡ ᠶᠢᠨ ᠲᠠᠯᠠᠪᠤᠷ ᠲᠤ ᠨᠣᠬᠠᠶ ᠪᠠᠨ ᠲᠠᠭᠠᠭᠤᠯᠬᠤ ᠥᠬᠡᠶ ᠪᠠᠶᠢᠶ᠎ᠠ᠃      ᠲᠠᠪᠤ᠂ ︽ᠬᠡᠪ ᠵᠠᠩᠰᠢᠯ ᠢ ᠦᠭᠡᠷᠡᠴᠢᠯᠡᠬᠦ︾ ᠪᠣᠯᠵᠤᠭ᠎ᠠ      ᠵᠠᠩ ᠳᠠᠳᠬᠠᠯ ᠢ ᠥᠭᠡᠷᠡᠴᠢᠯᠡᠬᠦ ᠦᠢᠯᠡᠳᠦᠯᠭᠡᠵᠢᠭᠦᠯᠦᠭᠴᠢ ᠪᠠ ᠰᠠᠨᠠᠭᠠᠴᠢᠯᠠᠭᠴᠢ ᠪᠣᠯᠬᠤ ᠪᠠᠷ ᠴᠢᠷᠮᠠᠶᠢᠵᠤ᠂ ᠦᠨ᠎ᠡ ᠦᠨᠳᠦᠷ ᠪᠤᠭᠳᠤᠯᠠᠬᠤ ᠪᠡᠯᠡᠭ᠂ ᠪᠣᠯᠬᠢ ᠪᠦᠳᠦᠭᠦᠯᠢᠭ ᠬᠤᠷᠢᠮᠯᠠᠬᠤ ᠵᠠᠩᠰᠢᠯ᠂  ᠪᠡᠯᠡᠭ ᠰᠡᠯᠳᠡ ᠦᠭᠬᠦ ᠶᠢ ᠠᠳᠠᠯᠢᠳᠬᠠᠬᠤ ᠵᠡᠷᠭᠡ ᠮᠠᠭᠤ ᠰᠤᠷᠲᠠᠯ ᠢ ᠡᠰᠡᠷᠭᠦᠴᠡᠨ ᠬᠤᠷᠢᠭᠯᠠᠵᠤ᠂ ᠲᠦᠬᠦᠮ  ᠢᠶᠠᠷ ᠠᠰᠠᠷᠠᠵᠤ ᠬᠦᠨᠳᠦ ᠪᠠᠷ ᠣᠷᠣᠰᠢᠭᠤᠯᠬᠤ᠂ ᠶᠡᠬᠡᠪᠡᠷ ᠤᠷᠤᠰᠢᠯᠠᠭᠤᠯᠭ᠎ᠠ ᠶᠢᠨ ᠶᠤᠰᠤᠯᠠᠯ ᠬᠢᠬᠦ᠂ ᠪᠣᠯᠪᠠᠰᠤᠨ ᠪᠤᠰᠤ ᠪᠠᠷ ᠲᠠᠬᠢᠯᠭ᠎ᠠ ᠬᠢᠬᠦ ᠵᠡᠷᠭᠡ ᠬᠠᠭᠤᠴᠢᠨ ᠳᠦᠷᠢᠮ ᠢ ᠠᠷᠢᠯᠭᠠᠵᠤ᠂ ᠶᠡᠭᠡ ᠪᠠᠷ ᠢᠳᠡᠵᠦ ᠤᠤᠭᠤᠬᠤ᠂ ᠱᠠᠯᠢᠨ ᠪᠦᠷᠢᠯᠭᠡᠬᠦ ᠵᠡᠷᠭᠡ ᠪᠣᠯᠪᠠᠰᠤᠨ ᠪᠤᠰᠤ᠂ ᠡᠷᠡᠭᠦᠯ ᠪᠤᠰᠤ ᠮᠠᠭᠤ ᠳᠠᠳᠬᠠᠯ ᠵᠶ᠋ᠠᠨ‌‍ᠲ᠋ᠠᠶᠠᠭᠳᠠᠵᠤ᠂ ᠪᠣᠯᠪᠠᠰᠤᠨ ᠡᠷᠡᠭᠦᠯ ᠰᠠᠷᠠᠭᠤᠯ ᠴᠠᠭ ᠦᠶ᠎ᠡ ᠶᠢᠨ ᠰᠢᠨ᠎ᠡ ᠰᠤᠷᠲᠠᠯ ᠢ  ᠪᠤᠢ ᠪᠤᠯᠭᠠᠶ᠎ᠠ᠃      ᠵᠢᠷᠭᠤᠭ᠎ᠠ᠂ ︽ᠪᠣᠯᠪᠠᠰᠤᠨ ᠢᠶᠠᠷ ᠵᠢᠭᠤᠯᠴᠢᠯᠠᠬᠤ︾ ᠪᠣᠯᠵᠤᠭ᠎ᠠ      ᠲᠤᠭᠤᠷᠢᠨ ᠵᠢᠭᠤᠯᠴᠢᠯᠠᠬᠤ ᠳᠠᠭᠠᠨ᠂ ᠪᠦᠳᠦᠭᠦᠯᠢᠭ ᠦᠭᠡ ᠶᠠᠷᠢᠬᠤ ᠦᠭᠡᠢ᠂  ᠲᠤᠷ᠎ᠠ ᠪᠠᠷ ᠵᠶ᠋ᠠᠨ‌ᠨᠢᠯᠪᠤᠬᠤ ᠦᠭᠡᠢ᠂  ᠲᠤᠷ᠎ᠠ ᠪᠠᠷ ᠢᠶᠠᠨ ᠰᠢᠭᠡᠵᠦ ᠪᠠᠭᠠᠬᠤ ᠦᠭᠡᠢ᠂ ᠣᠯᠠᠨ ᠨᠡᠶᠢᠲᠡ ᠶᠢᠨ ᠲᠠᠯᠠᠪᠤᠷ ᠲᠤ ᠲᠠᠮᠠᠬᠢ ᠲᠠᠲᠠᠬᠤ ᠦᠭᠡᠢ᠂ ᠬᠤᠭ ᠨᠣᠪᠰᠢ ᠡᠯᠳᠡᠪ ᠪᠣᠳᠠᠰ ᠢ ᠳᠤᠷ᠎ᠠ ᠪᠠᠷ ᠢᠶᠠᠨ ᠬᠠᠶᠠᠬᠤ ᠦᠭᠡᠢ ᠵᠡᠷᠭᠡ ᠶᠢ ᠪᠡᠶᠡᠯᠡᠬᠦᠯᠵᠦ᠂ ᠪᠣᠯᠪᠠᠰᠤᠨ ᠢᠶᠠᠷ  ᠬᠤᠲᠠ ᠶᠢᠨ ᠬᠠᠮᠤᠭ ᠤᠨ ᠭᠤᠶᠤ ᠦᠵᠡᠮᠵᠢ ᠶᠢᠨ ᠣᠷᠣᠨ ᠪᠤᠯᠭᠠᠶ᠎ᠠ᠃      ᠳᠣᠯᠤᠭ᠎ᠠ᠂ ︽ᠪᠣᠯᠪᠠᠰᠤᠨ ᠢᠶᠠᠷ ᠰᠦᠯᠵᠢᠶᠡᠨ ᠳᠤ ᠭᠠᠷᠬᠤ︾ ᠪᠣᠯᠵᠤᠭ᠎ᠠ      ᠲᠣᠣᠷ ᠰᠦᠯᠵᠢᠶ᠎ᠡ ᠨᠢ ᠬᠠᠤᠯᠢ ᠶᠢᠨ ᠭᠠᠳᠠᠨᠠᠬᠢ ᠭᠠᠵᠠᠷ  ᠪᠢᠰᠢ᠂ ᠳᠠᠷᠤᠪᠴᠢ ᠨᠢ ᠨᠡᠩ  ᠴᠤ ᠬᠥᠮᠦᠨ ᠢ ᠬᠤᠣᠷᠯᠠᠬᠤ ᠰᠡᠯᠡᠮ᠎ᠡ ᠪᠢᠰᠢ᠃ ᠰᠦᠯᠵᠢᠶᠡᠨ ᠳᠤ  ᠭᠠᠷᠬᠤ ᠦᠶ᠎ᠡ ᠳᠤ ᠪᠠᠨ᠂ ᠰᠠᠬᠢᠯᠭ᠎ᠠ ᠪᠠᠲᠤ ᠶᠢ ᠵᠢᠷᠤᠮᠯᠠᠨ ᠬᠠᠤᠯᠢ ᠴᠠᠭᠠᠵᠠ ᠶᠢ ᠰᠠᠬᠢᠵᠤ᠂ ᠴᠤᠤᠷᠬᠠᠯ ᠢ ᠢᠲᠡᠭᠡᠬᠦ ᠦᠭᠡᠢ᠂ ᠴᠤᠤᠷᠬᠠᠯ ᠢ ᠲᠠᠷᠬᠠᠭᠠᠬᠤ ᠦᠭᠡᠢ᠂ ᠴᠤᠤᠷᠬᠠᠯ ᠲᠠᠯᠪᠢᠬᠤ ᠦᠭᠡᠢ ᠪᠠᠶᠢᠵᠤ᠂ ᠥᠪᠡᠷ ᠢ ᠪᠠᠨ ᠴᠢᠩᠭ᠎ᠠ ᠱᠠᠭᠠᠷᠳᠠᠵᠤ᠂ ᠰᠦᠯᠵᠢᠶᠡᠨ ᠤ ᠬᠦᠴᠦᠷᠬᠡᠭᠯᠡᠯ ᠢ ᠲᠡᠪᠴᠢᠵᠦ᠂ ᠰᠦᠯᠵᠢᠶᠡᠨ ᠤ ᠪᠤᠯᠬᠢ ᠰᠤᠷᠲᠠᠯ ᠢ ᠤᠬᠠᠮᠰᠠᠷ ᠠᠴᠠ ᠪᠠᠨ ᠬᠤᠷᠢᠭᠯᠠᠵᠤ᠂ ᠰᠦᠯᠵᠢᠶᠡᠨ ᠳᠤ ᠭᠠᠷᠬᠤ ᠰᠠᠶᠢᠨ ᠰᠠᠶᠢᠬᠠᠨ ᠳᠠᠳᠬᠠᠯ ᠢ ᠪᠤᠢ ᠪᠣᠯᠭᠠᠵᠤ᠂ ᠰᠦᠯᠵᠢᠶᠡᠨ ᠤ ᠠᠷᠢᠭᠤᠨ ᠴᠡᠪᠡᠷ ᠣᠷᠣᠨ ᠵᠠᠶ ᠶᠢ ᠬᠠᠮᠲᠤ ᠪᠠᠷ ᠪᠤᠢ  ᠪᠤᠯᠭᠠᠶ᠎ᠠ᠃      ᠪᠤᠯᠪᠠᠰᠤᠨ ᠢ ᠰᠡᠳᠬᠢᠯ ᠳᠤ ᠪᠠᠨ ᠰᠠᠭᠤᠭᠳᠠᠭᠤᠯᠵᠤ᠂ ᠦᠢᠯᠡ ᠠᠵᠢᠯᠯᠠᠭ᠎ᠠ  ᠪᠠᠷ ᠢᠶᠠᠨ ᠬᠦᠢᠴᠡᠳᠭᠡᠶ᠎ᠡ᠃ ᠪᠢᠳᠡ ᠬᠠᠮᠲᠤ ᠪᠠᠷ ᠡᠲᠡᠭᠡᠷ ︽ᠪᠣᠯᠪᠠᠰᠤᠨ ᠤ ᠪᠣᠯᠵᠤᠭ᠎ᠠ︾ ᠶᠢ ᠦᠢᠯᠡᠳᠦᠯᠭᠡᠵᠢᠭᠦᠯᠵᠦ᠂ ᠠᠮᠢᠳᠤᠷᠠᠯ ᠢᠶᠠᠨ ᠨᠠᠩ ᠰᠠᠶᠢᠨ ᠰᠠᠶᠢᠬᠠᠨ ᠪᠣᠯᠭᠠᠵᠤ᠂ ᠬᠤᠲᠠ ᠪᠠᠨ ᠨᠠᠩ ᠪᠣᠯᠪᠠᠰᠤᠨ  ᠪᠤᠯᠭᠠᠶ᠎ᠠ᠃
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号