ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ 5000 ᠮᠦ ᠴᠡᠴᠡᠭ ᠤᠨ ᠳᠠᠯᠠᠢ ᠳᠤ ᠵᠢᠪᠪᠦᠭᠰᠡᠨ | ᠳᠠᠭᠤᠤ ᠬᠥᠭᠵᠢᠮ ᠤᠨ ᠦᠳᠡᠰᠢᠯᠡᠭᠡ ᠨᠢ ᠲᠠᠯ᠎ᠠ ᠨᠤᠲᠤᠭ ᠤᠨ ᠦᠳᠡᠰᠢ ᠶᠢ ᠭᠡᠷᠡᠯᠳᠦᠬᠦᠯᠪᠡ | 5 ᠰᠠᠷ᠎ᠠ ᠶᠢᠨ 25 ᠤ ᠣᠷᠣᠢ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠪᠠᠶᠠᠨᠬᠤᠸᠠ | ᠪᠠᠯᠭᠠᠰᠤᠨ ᠤ 5000 ᠮᠦ ᠴᠠᠬᠢᠯᠳᠠᠭ ᠴᠡᠴᠡᠭ ᠤᠨ ᠳᠠᠯᠠᠢ ᠨᠢ ᠥᠪᠡᠷᠮᠢᠴᠡ ᠣᠨᠴᠠᠯᠢᠭ ᠲᠠᠢ ᠳᠠᠭᠤᠤ ᠬᠥᠭᠵᠢᠮ ᠤᠨ | ᠦᠳᠡᠰᠢᠯᠡᠭᠡ ᠶᠢ ᠤᠭᠲᠤᠪᠠ᠃ ᠲᠠᠶᠢᠰᠠᠨ ᠤ ᠳ᠋ᠧᠩ ᠦᠭᠡᠢ᠂ ᠦᠵᠡᠭᠴᠢᠳ ᠤᠨ ᠰᠠᠭᠤᠳᠠᠯ ᠦᠭᠡᠢ᠂ ᠤᠷᠢᠭᠳᠠᠨ | ᠢᠷᠡᠭᠰᠡᠨ ᠨᠤᠲᠤᠭ ᠤᠨ ᠤᠷᠠᠯᠢᠭᠴᠢᠳ᠂ ᠰᠣᠶᠣᠯ ᠡᠷᠳᠡᠮᠲᠡᠨ ᠪᠣᠯᠤᠨ ᠵᠢᠭᠤᠯᠴᠢᠯᠠᠨ ᠢᠷᠡᠭᠰᠡᠨ ᠮᠠᠯᠴᠢᠳ | ᠥᠩᠭᠡ ᠶᠢᠨ ᠴᠡᠴᠡᠭ ᠤᠨ ᠳᠤᠮᠳᠠ ᠰᠠᠭᠤᠵᠤ᠂ ᠲᠩᠷᠢ ᠭᠠᠵᠠᠷ ᠢᠶᠠᠷ ᠬᠥᠰᠢᠭᠡ ᠪᠠᠨ ᠪᠤᠯᠭᠠᠵᠤ᠂ ᠠᠷᠢᠭᠤᠨ ᠴᠢᠬᠡᠴᠢ | ᠰᠤᠷᠲᠠᠯ ᠢᠶᠠᠷ ᠬᠠᠨᠢ ᠪᠠᠨ ᠪᠤᠯᠭᠠᠨ᠂ ᠳᠠᠭᠤᠤ᠂ ᠮᠣᠷᠢᠨ ᠬᠤᠭᠤᠷ ᠤᠨ ᠬᠥᠭᠵᠢᠮ ᠪᠣᠯᠤᠨ ᠦᠯᠢᠭᠡᠷ ᠢᠶᠠᠷ ︽ | ᠴᠠᠬᠢᠯᠳᠠᠭ ᠴᠡᠴᠡᠭ︾ ᠬᠡᠮᠡᠬᠦ ᠲᠠᠯ᠎ᠠ ᠨᠤᠲᠤᠭ ᠤᠨ ᠳᠠᠭᠤᠤ ᠬᠥᠭᠵᠢᠮ ᠤᠨ ᠦᠳᠡᠰᠢᠯᠡᠭᠡ ᠶᠢ ᠨᠡᠬᠡᠬᠡᠵᠠᠢ᠃ | ᠦᠳᠡᠰᠢ ᠶᠢᠨ 18 ᠴᠠᠭ ᠲᠤ᠂ ᠰᠢᠩᠭᠡᠬᠦ ᠨᠡᠷᠡᠨ ᠤ ᠤᠯᠠᠪᠢᠷ ᠲᠤᠶᠠᠭ᠎ᠠ ᠴᠠᠬᠢᠯᠳᠠᠭ ᠴᠡᠴᠡᠭ ᠢ ᠠᠯᠲᠠᠨ | ᠬᠥᠪᠡᠭᠡ ᠪᠠᠷ ᠦᠩᠭᠡᠯᠡᠨ᠎ᠡ᠃ ᠡᠬᠢᠯᠡᠯᠲᠡ ᠶᠢᠨ ᠬᠥᠭᠵᠢᠮ ︽ᠴᠠᠬᠢᠯᠳᠠᠭ ᠴᠡᠴᠡᠭ︾ ᠤᠨ ᠬᠥᠭ ᠠᠶᠠᠰ ᠰᠠᠯᠬᠢᠨ ᠤ | ᠠᠶ᠎ᠠ ᠪᠠᠷ ᠴᠤᠤᠷᠢᠶᠠᠲᠤᠵᠤ᠂ ᠲᠠᠭᠤᠴᠢᠨ ᠵᠢᠪᠬᠤᠭ᠎ᠠ ᠲᠡᠬᠦᠯᠳᠡᠷ ᠬᠠᠩᠬᠢᠨᠠᠭᠤᠯᠤᠨ ᠲᠠᠭᠤᠯᠠᠨ᠎ᠠ︔ ᠮᠠᠯᠴᠢᠨ ᠬᠤᠩ | ᠬᠤᠩ ᠤᠨ ︽ᠪᠢ ᠲᠠᠯ᠎ᠠ ᠨᠤᠲᠤᠭ ᠢᠶᠠᠨ ᠰᠠᠨᠠᠨ᠎ᠠ︾ ᠭᠡᠬᠦ ᠳᠠᠭᠤᠤ ᠨᠢ ᠣᠯᠠᠨ ᠤ ᠮᠠᠭᠲᠠᠭᠠᠯ ᠰᠠᠶᠢᠰᠢᠶᠠᠯ ᠢ ᠤᠯᠪᠠ᠃ | ᠮᠣᠷᠢᠨ ᠬᠤᠭᠤᠷ ᠤᠨ ᠭᠤᠴᠤ ᠰᠠᠶᠢᠬᠠᠨ ᠬᠦᠭ ᠡᠭᠡᠰᠢᠭᠯᠡᠩ ᠳᠤ᠂ ᠶᠠᠭ ᠰᠠᠶᠢᠬᠠᠨ ᠬᠡᠳᠦᠨ ᠠᠵᠢᠨᠠᠶ ᠬᠦᠯᠦᠭ | ᠬᠤᠯᠠ ᠠᠴᠠ ᠲᠤᠪᠳᠤᠯᠤᠨ ᠳᠠᠪᠬᠢᠵᠤ᠂ ᠬᠤᠭᠤᠷ ᠤᠨ ᠳᠠᠭᠤᠨ ᠪᠠ ᠮᠣᠷᠢᠨ ᠤ ᠲᠤᠭᠤᠷᠠᠢ ᠶᠢᠨ ᠳᠠᠭᠤᠨ ᠰᠣᠯᠪᠢᠴᠠᠨ | ᠴᠤᠬᠢᠯᠭ᠎ᠠ ᠨᠡᠶᠢᠯᠡᠨ᠎ᠡ᠃ | ᠤᠯᠤᠰ ᠤᠨ ᠨᠢᠭᠡᠳᠦᠭᠡᠷ ᠳᠡᠰ ᠤᠨ ᠲᠠᠭᠤᠨ ᠤ ᠦᠭᠡ ᠵᠤᠬᠢᠶᠠᠭᠴᠢ ᠺᠠᠩ ᠶᠧ ᠸᠧᠢ ᠭᠠᠷ ᠲᠤ ᠪᠠᠨ | ᠴᠠᠬᠢᠯᠳᠠᠭ ᠴᠡᠴᠡᠭ ᠪᠠᠷᠢᠵᠤ᠂ ᠣᠯᠠᠨ ᠤ ᠳᠤᠮᠳᠠ ︽ᠪᠢ ᠲᠠᠯ᠎ᠠ ᠨᠤᠲᠤᠭ ᠢᠶᠠᠨ ᠰᠠᠨᠠᠭᠠᠯᠵᠠᠨ᠎ᠠ︾ ᠭᠡᠬᠦ ᠲᠠᠭᠤᠨ ᠤ | ᠦᠭᠡ ᠶᠢ ᠵᠣᠬᠢᠶᠠᠨ ᠪᠦᠳᠦᠭᠡᠭᠰᠡᠨ ᠦᠯᠢᠭᠡᠷ ᠢᠶᠠᠨ ᠶᠠᠷᠢᠪᠠ᠃ ᠦᠯᠢᠭᠡᠷ ᠤᠨ ᠲᠤᠮᠳᠠ ᠤᠯᠠᠭᠠᠨᠮᠦ᠋ᠴᠢᠷ ᠤᠨ | ᠠᠬᠠᠮᠠᠳ ᠬᠡᠰᠢᠬᠦᠨ᠂ ᠪᠦᠵᠢᠭᠴᠢᠨ ᠪᠠᠢ ᠰᠢᠶᠤᠤ ᠮᠢᠩ ᠪᠤᠰᠴᠤ᠂ ᠤᠶᠠᠨ ᠬᠠᠳᠠᠨ ᠬᠦᠳᠡᠯᠭᠡᠭᠡᠨ ᠢᠶᠠᠷ ᠮᠤᠩᠭᠤᠯ | ᠪᠦᠵᠢᠭ ︽ᠴᠠᠬᠢᠯᠳᠠᠭ ᠴᠡᠴᠡᠭ︾ ᠢ ᠪᠦᠵᠢᠭᠯᠡᠵᠦ᠂ ᠪᠠᠩᠵᠠᠯ ᠤᠨ ᠬᠤᠷᠮᠦᠢ ᠪᠠᠷ ᠨᠤᠭᠤᠭᠠᠨ ᠲᠠᠯ᠎ᠠ ᠶᠢ ᠰᠢᠷᠪᠢᠬᠦ | ᠲᠠᠭᠤᠨ ᠨᠢ ᠪᠠᠶᠢᠭᠠᠯᠢ ᠶᠢᠨ ᠬᠦᠭᠵᠢᠮ ᠪᠤᠯᠤᠭᠰᠠᠨ ᠪᠠᠶᠢᠨ᠎ᠠ᠃ ᠤᠷᠠᠯᠢᠭᠴᠢᠳ ᠤᠨ ᠬᠠᠶᠢᠷ᠎ᠠ ᠰᠡᠳᠭᠢᠯᠭᠡ ᠪᠠ | ᠭᠤᠶᠢᠳᠠ ᠰᠠᠶᠢᠬᠠᠨ ᠪᠥᠵᠢᠭ ᠤᠨ ᠳᠦᠷᠢ ᠨᠢ ᠦᠵᠡᠭᠴᠢᠳ ᠲᠤ ᠲᠠᠯ᠎ᠠ ᠨᠤᠲᠤᠭ ᠤᠨ ᠬᠠᠮᠤᠭ ᠭᠤᠶᠣ ᠪᠠᠶᠢᠳᠠᠯ ᠢ | ᠦᠵᠡᠬᠦᠯᠦᠨ ᠰᠤᠨᠢᠷᠬᠠᠭᠤᠯᠪᠠ᠃ | ᠥᠪᠥᠷ ᠮᠣᠩᠭᠤᠯ ᠤᠨ ᠤᠳᠬ᠎ᠠ ᠤᠷᠠᠯᠢᠭ ᠤᠨ ᠬᠢᠨ ᠤ ᠬᠤᠯᠪᠣᠭ᠎ᠠ ᠶᠢᠨ ᠰᠦᠯᠵᠢᠶᠡᠨ ᠤ ᠤᠳᠬ᠎ᠠ | ᠤᠷᠠᠯᠢᠭᠴᠢᠳ ᠤᠨ ᠨᠡᠶᠢᠭᠡᠮᠯᠢᠭ ᠤᠨ ᠳᠡᠳ᠋ ᠲᠡᠷᠢᠭᠦᠯᠡᠭᠴᠢ᠂ ᠠᠯᠳᠠᠷᠲᠤ ᠳᠠᠭᠤᠴᠢᠨ ᠫᠧᠩ ᡁᠢ ᠴᠢᠶᠠᠩ ᠬᠡᠯᠡᠭᠰᠡᠨ ᠨᠢ | ᠄ ︽ᠲᠣᠰ ᠤᠳᠠᠭᠠᠨ ᠤ ᠳᠠᠭᠤᠤ ᠬᠥᠭᠵᠢᠮ ᠤᠨ ᠴᠤᠭᠯᠠᠭᠠᠨ ᠳᠤ ᠳᠠᠷᠬᠠᠨ ᠮᠤᠤᠮᠢᠩᠭᠠᠨ ᠬᠤᠯᠪᠣᠭᠠᠲᠤ | ᠬᠤᠰᠢᠭᠤᠨ ᠠᠴᠠ ᠭᠠᠷᠴᠤ ᠶᠠᠪᠤᠭᠰᠠᠨ ᠨᠤᠳᠤᠭ ᠤᠨ 20 ᠭᠠᠷᠤᠶ ᠤᠷᠠᠯᠢᠭᠴᠢᠨ ᠪᠣᠯᠤᠨ ᠡᠷᠳᠡᠮᠲᠡᠨ ᠢ ᠴᠤᠭᠯᠠᠭᠤᠯᠵᠤ | ᠂ ︿ᠪᠠᠭ᠎ᠠ ᠮᠥᠷᠲᠡᠭᠡᠨ ᠨᠠᠷᠢᠯᠢᠭ᠂ ᠭᠦᠨᠵᠡᠭᠡᠶ ᠪᠡᠶᠡᠴᠢᠯᠡᠨ ᠤᠶᠢᠯᠠᠭᠠᠯᠳᠠ᠂ ᠬᠦᠴᠦᠷᠬᠡᠭ ᠶᠡᠭᠡ ᠲᠦᠷᠦᠭᠳᠡᠯ﹀ ᠢᠶᠠᠷ | ᠭᠤᠤᠯ ᠪᠣᠯᠭᠠᠵᠤ᠂ ᠲᠠᠯ᠎ᠠ ᠨᠤᠲᠤᠭ ᠤᠨ ᠳᠠᠭᠤᠤ ᠬᠥᠭᠵᠢᠮ ᠤᠨ ᠦᠪᠡᠳᠡᠭᠰᠢ ᠦᠳᠡᠰᠢᠯᠡᠭᠡ ᠶᠢ ᠪᠤᠢ ᠪᠤᠯᠭᠠᠵᠠᠢ᠃ | ᠪᠢᠳᠡ ᠡᠶᠢᠮᠦᠷᠬᠦ ᠬᠡᠯᠪᠡᠷᠢ ᠪᠠᠷ ᠨᠤᠲᠤᠭ ᠤᠰᠤᠨ ᠤ ᠪᠠᠨ ᠥᠪᠡᠷᠮᠢᠴᠡ ᠷᠢᠳᠢ ᠰᠢᠳᠢ ᠶᠢ ᠢᠯᠡᠷᠡᠭᠦᠯᠵᠦ᠂ ᠨᠠᠩ ᠣᠯᠠᠨ | ᠵᠢᠭᠤᠯᠴᠢᠯᠠᠭᠴᠢᠳ ᠤᠨ ᠠᠳᠠᠯᠢ ᠪᠤᠰᠤ ᠤᠯᠠᠷᠢᠯ ᠳᠤ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠳᠤ ᠢᠷᠡᠵᠦ | ᠲᠠᠯ᠎ᠠ ᠨᠤᠲᠤᠭ ᠤᠨ ᠵᠠᠩ ᠦᠢᠯᠡ ᠶᠢ ᠣᠶᠢᠯᠠᠭᠠᠬᠤ ᠶᠢ ᠬᠦᠰᠡᠵᠦ ᠪᠠᠶᠢᠨ᠎ᠠ︾ ᠭᠡᠵᠦ ᠬᠡᠯᠡᠪᠡ᠃ | ᠦᠳᠡᠰᠢ ᠶᠢᠨ ᠪᠦᠷᠦᠢ ᠪᠤᠯᠵᠤ᠂ ᠳᠠᠭᠤᠤ ᠬᠥᠭᠵᠢᠮ ᠤᠨ ᠦᠳᠡᠰᠢᠯᠡᠭᠡ ᠴᠦ ᠲᠡᠭᠦᠰᠬᠡᠯ ᠳᠤ ᠣᠶᠢᠷᠠᠳᠴᠤ᠂ | ︽ᠲᠠᠯ᠎ᠠ ᠨᠤᠲᠤᠭ ᠢᠶᠠᠨ ᠢᠷᠥᠭᠡᠶ᠎ᠡ︾ ᠭᠡᠬᠦ ᠳᠠᠭᠤᠤ ᠨᠢ ᠲᠤᠬᠠᠶ ᠶᠢᠨ ᠲᠠᠯᠠᠪᠠᠶ ᠶᠢᠨ ᠠᠭᠤᠷ ᠠᠮᠢᠰᠬᠤᠯ ᠢ ᠳᠠᠬᠢᠨᠲᠠ | ᠣᠷᠭᠢᠯ ᠳᠤᠨᠢ ᠬᠦᠷᠭᠡᠪᠡ᠃ ᠣᠶᠢᠯᠠᠭᠠᠭᠰᠠᠨ ᠢᠶᠠᠷ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ᠨᠢ | ᠢᠷᠡᠭᠡᠳᠦᠢ ᠳᠤ ᠴᠠᠬᠢᠯᠳᠠᠭ ᠴᠡᠴᠡᠭ ᠤᠷᠭᠤᠬᠤ ᠤᠯᠠᠷᠢᠯ ᠤᠨ ᠲᠣᠭᠤᠷᠢᠨ ᠳᠤ ᠨᠡᠩ ᠤᠯᠠᠨ ᠰᠣᠶᠣᠯ ᠵᠢᠭᠤᠯᠴᠢᠯᠠᠯ ᠤᠨ | ᠠᠵᠢᠯᠯᠠᠭ᠎ᠠ ᠥᠷᠨᠢᠭᠦᠯᠵᠦ᠂ ᠵᠢᠭᠤᠯᠴᠢᠯᠠᠭᠰᠠᠳ ᠲᠤ ᠤᠮᠠᠷᠠᠲᠤ ᠬᠢᠯᠢ ᠶᠢᠨ ᠰᠣᠶᠣᠯ ᠤᠨ ᠬᠢᠵᠠᠭᠠᠯᠠᠰᠢ ᠦᠭᠡᠢ ᠷᠢᠳᠢ | ᠰᠢᠳᠢ ᠶᠢ ᠭᠦᠨᠵᠡᠭᠡᠢ ᠮᠡᠳᠡᠷᠡᠭᠦᠯᠬᠦ ᠪᠣᠯᠤᠨ᠎ᠠ᠃ |