ᠡᠨᠡ ᠭᠠᠷᠠᠭ ᠤᠨ ᠰᠡᠭᠦᠯᠴᠢ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ᠲᠠᠨ ᠢ ᠤᠷᠢᠵᠤ ᠵᠡᠭᠦᠳᠦ ᠵᠡᠷᠭᠡᠯᠭᠡᠨ ᠮᠡᠲᠦ ᠠᠶᠠᠯᠠᠯ ᠡᠬᠢᠯᠡᠭᠦᠯᠬᠦ ᠪᠠᠷ ᠪᠠᠶᠢᠨ᠎ᠠ
ᠨᠡᠶᠢᠲᠡᠯᠡᠭᠰᠡᠨ ᠴᠠᠭ᠄
2025/5/21
      ᠪᠤᠭᠤᠲᠤ ᠪᠤᠶᠤ ᠬᠥᠬᠡᠬᠤᠲᠠ ᠠᠴᠠ ᠮᠣᠷᠳᠠᠵᠤ᠂ ᠬᠤᠶᠠᠷ ᠴᠠᠭ ᠲᠡᠷᠭᠡ ᠵᠢᠯᠤᠭᠤᠳᠪᠠᠯ ᠰᠡᠳᠬᠢᠯ ᠲᠠᠲᠠᠮ᠎ᠠ ᠭᠤᠶᠤ ᠰᠠᠶᠢᠬᠠᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠪᠠᠲᠤᠬᠠᠭᠠᠯᠭ᠎ᠠ ᠪᠠᠯᠭᠠᠰᠤᠨ ᠳᠤ ᠬᠦᠷᠦᠴᠢᠬᠡᠨ᠎ᠡ ᠃ ᠵᠠᠮᠴᠢᠯᠠᠭᠴᠢ ᠪᠠᠷ ︽ᠪᠠᠲᠤᠬᠠᠭᠠᠯᠭ᠎ᠠ ᠶᠢᠨ ᠨᠠᠭᠠᠳᠤᠮ ᠤᠨ ᠬᠤᠷᠠᠯ ᠤᠨ ᠲᠠᠯᠠᠪᠤᠷ︾ ᠢ ᠬᠠᠶᠢᠵᠤ᠂ ᠭᠤᠶᠢᠳᠠ ᠰᠠᠶᠢᠬᠠᠨ  ᠠᠶᠠᠯᠠᠯ ᠡᠬᠢᠯᠡᠭᠦᠵᠥ ᠪᠤᠯᠤᠨ᠎ᠠ︕      ᠪᠠᠲᠤᠬᠠᠭᠠᠯᠭ᠎ᠠ ᠶᠢᠨ ᠨᠠᠭᠠᠳᠤᠮ ᠰᠣᠶᠣᠯ ᠤᠨ ᠠᠵᠤ ᠦᠢᠯᠡᠰ ᠤᠨ ᠬᠦᠷᠢᠶᠡᠯᠡᠩ ᠳᠤ ᠬᠤᠷᠳᠤᠴᠠ ᠰᠢᠯᠭᠠᠵᠤ ᠰᠡᠳᠬᠢᠯ ᠪᠠᠨ ᠪᠠᠶᠠᠰᠬᠠᠨ᠎ᠠ      ᠠᠳᠡᠬᠢ ᠪᠣᠯ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠳᠥᠷᠪᠡᠨ ᠤᠯᠠᠷᠢᠯ ᠤᠨ ᠨᠠᠭᠠᠳᠤᠮ ᠤᠨ ︽ᠭᠠᠴᠠᠭᠠᠨ ᠤ ᠰᠢᠭᠰᠢᠶ᠎ᠡ︾  ᠮᠣᠷᠢᠨ ᠤᠷᠤᠯᠳᠤᠭᠠᠨ ᠤ ᠭᠤᠤᠯ ᠲᠠᠯᠠᠪᠤᠷ ᠪᠣᠯᠤᠨ᠎ᠠ᠂ ᠪᠥᠬᠦ ᠵᠢᠯ ᠳᠤ 12 ᠲᠠᠯᠠᠪᠤᠷ ︽ᠭᠠᠴᠠᠭᠠᠨ ᠤ ᠰᠢᠭᠰᠢᠶ᠎ᠡ︾  ᠮᠣᠷᠢᠨ ᠤᠷᠤᠯᠳᠤᠭᠠᠨ ᠡᠷᠭᠢᠯᠡᠵᠦ᠂ ᠤᠯᠠᠮᠵᠢᠯᠠᠯᠲᠤ ᠨᠠᠭᠠᠳᠤᠮ ᠤᠨ ᠣᠷᠭᠢᠯᠤᠮ᠎ᠠ ᠰᠡᠳᠬᠢᠯᠭᠡ ᠶᠢ ᠣᠲᠣ ᠦᠶ᠎ᠡ ᠶᠢᠨ ︽  ᠭᠠᠴᠠᠭᠠᠨ ᠤ ᠰᠢᠭᠰᠢᠶ᠎ᠡ︾ ᠮᠣᠷᠢᠨ ᠤᠷᠤᠯᠳᠤᠭᠠᠨ ᠲᠠᠢ ᠬᠥᠭᠵᠢᠶᠡᠨᠲᠡᠶ ᠠᠭᠤᠰᠤᠯᠴᠠᠭᠠᠯᠬᠤ ᠪᠠᠷ ᠪᠠᠶᠢᠨ᠎ᠠ᠃      5 ᠰᠠᠷ᠎ᠠ ᠶᠢᠨ 17 ᠤ ᠡᠳᠦᠷ ︽ᠭᠠᠴᠠᠭᠠᠨ ᠤ ᠰᠢᠭᠰᠢᠶ᠎ᠡ︾  ᠮᠣᠷᠢᠨ ᠤᠷᠤᠯᠳᠤᠭᠠᠨ ᠤ ᠲᠠᠯᠠᠪᠠᠢ ᠳᠤ᠂ 1.40 ᠮᠧᠲᠷ ᠠᠴᠠ ᠳᠣᠷᠤᠭᠰᠢᠬᠢ ᠪᠣᠭᠤᠨᠢ ᠮᠣᠷᠢ 3200 ᠮᠧᠲᠷ ᠤᠨ ᠤᠷᠤᠯᠳᠤᠭᠠᠨ ᠤ ᠵᠠᠮ ᠳᠡᠭᠡᠷ᠎ᠡ ᠡᠷᠴᠢ ᠵᠣᠷᠢᠭ ᠢᠶᠠᠨ ᠰᠢᠯᠭᠠᠵᠤ᠂ 1.40 ᠮᠧᠲᠷ ᠠᠴᠠ ᠳᠡᠭᠡᠭᠰᠢᠬᠢ ᠥᠨᠳᠥᠷ ᠮᠣᠷᠢᠨ ᠤ ︽ᠵᠢᠷᠤᠭ᠎ᠠ ᠮᠣᠷᠢᠨ︾ ᠤ ᠥᠷᠢᠰᠦᠯᠳᠦᠭᠡᠨ ᠨᠢ ᠠᠳᠣᠭᠤᠨ ᠤ ᠭᠤᠸ᠎ᠠ ᠬᠡᠭᠡᠨᠴᠢᠷ ᠢ ᠢᠯᠡᠷᠡᠭᠦᠯᠥᠨ᠎ᠡ᠃      ᠤᠷᠤᠯᠳᠤᠭᠠᠨ ᠤ ᠲᠤᠬᠠᠢ ᠶᠢᠨ ᠲᠠᠯᠠᠪᠠᠢ ᠳᠤ ᠣᠯᠠᠨ ᠬᠥᠮᠦᠨ ᠬᠥᠭᠡᠷᠥᠯᠳᠥᠨ ᠪᠠᠶᠠᠰᠣᠯᠴᠠᠨ᠎ᠡ᠃ ᠮᠣᠷᠢᠲᠠᠳ ᠴᠤᠭ ᠵᠤᠯᠪᠤᠭ᠎ᠠ ᠪᠠᠳᠠᠷᠠᠵᠤ᠂ ᠢᠳᠡᠷᠡᠭᠦᠨ ᠪᠠᠭᠠᠲᠤᠷᠯᠢᠭ᠂ ᠠᠭᠲᠠ ᠮᠣᠷᠢ ᠲᠠᠪᠬᠢᠯᠳᠥᠵᠤ᠂ ᠪᠠᠷ᠎ᠠ ᠰᠡᠭᠦᠳᠡᠷ ᠨᠢ ᠴᠤ ᠬᠠᠷᠠᠭᠳᠠᠬᠤ ᠪᠠᠨ ᠪᠣᠯᠢᠵᠤ᠂ ᠠᠭᠲᠠ ᠶᠢᠨ ᠳᠥᠪᠡᠷᠭᠡᠨ ᠴᠢᠬᠢᠨ ᠰᠣᠨᠤᠷ ᠲᠤ ᠦᠯᠡᠳᠡᠨ᠎ᠡ᠃      ᠵᠢᠭᠤᠯᠴᠢᠯᠠᠨ ᠨᠠᠭᠠᠳᠬᠤ ᠵᠦᠭᠯᠡᠭᠦᠷ      - ᠮᠣᠷᠢᠲᠠᠳ ᠪᠠ ᠠᠭᠲᠠ ᠶᠢᠨ ᠳᠥᠯᠦᠭᠡ ᠤᠤᠬᠠᠶᠢᠯᠠᠵᠤ᠂᠂  ᠤᠷᠤᠯᠳᠤᠭᠠᠨ ᠤ ᠲᠠᠯᠠᠪᠤᠷ ᠤᠨ  ᠬᠥᠷ ᠬᠥᠭᠵᠢᠶᠡᠨ ᠳᠤ  ᠪᠠᠶ᠎ᠡ ᠪᠠᠷ ᠢᠶᠠᠨ ᠣᠷᠤᠯᠴᠠᠨ᠎ᠠ᠃-  ᠴᠢᠨᠠᠭᠰᠠᠨ ᠮᠢᠬ᠎ᠠ᠂ ᠰᠢᠷᠠᠯᠠᠭ᠎ᠠ᠂ ᠥᠷᠥᠮ᠎ᠡ ᠵᠡᠷᠭᠡ ᠣᠨᠴᠠᠯᠢᠭᠲᠤ ᠠᠮᠲᠠᠲᠤ ᠢᠳᠡᠭᠡᠨ ᠢ ᠠᠮᠲᠠᠯᠠᠬᠤ ᠪᠠᠨ ᠪᠢᠲᠡᠭᠡᠢ ᠮᠠᠷᠲᠠ᠂ ᠪᠠᠰᠠ ᠨᠠᠷᠢᠯᠢᠭ ᠰᠠᠶᠢᠬᠠᠨ ᠲᠠᠯ᠎ᠠ ᠨᠤᠲᠤᠭ ᠤᠨ ᠪᠡᠯᠡᠭ ᠢ ᠰᠣᠩᠭᠤᠨ ᠠᠪᠴᠤ᠂ ᠭᠤᠶᠤ ᠰᠠᠶᠢᠬᠠᠨ ᠪᠠᠷᠠᠭ᠎ᠠ ᠲᠠᠸᠠᠷ ᠢ ᠭᠡᠷ ᠲᠡᠭᠡᠨ ᠠᠪᠠᠴᠢᠬᠤ ᠪᠠᠨ ᠪᠦᠦ ᠮᠠᠷᠲᠠᠭᠠᠷᠠᠢ᠃      ᠲᠡᠭᠷᠢ ᠨᠠᠭᠤᠷ᠄ ᠵᠡᠭᠦᠳᠦ ᠵᠡᠷᠭᠡᠯᠭᠡᠨ‌ᠮᠡᠳᠥ ᠶᠢᠨ ᠲᠠᠯ᠎ᠠ ᠨᠤᠲᠤᠭ ᠤᠨ ᠰᠢᠳᠢᠳᠥ ᠣᠷᠣᠨ      ᠪᠠᠲᠤᠬᠠᠭᠠᠯᠭ᠎ᠠ ᠳᠤ ᠮᠣᠷᠢᠨ ᠤᠷᠤᠯᠳᠤᠭᠠᠨ ᠤ ᠬᠥᠷ ᠬᠥᠭᠵᠢᠶᠡᠨ ᠢ ᠰᠣᠨᠢᠷᠬᠠᠵᠤ ᠪᠠᠷᠠᠭᠰᠠᠨ ᠤ ᠳᠠᠷᠠᠭ᠎ᠠ᠂ ᠪᠠᠰᠠ ᠤᠮᠠᠷᠠᠰᠢ ᠪᠠᠨ ᠵᠢᠭᠤᠯᠴᠢᠯᠠᠨ ᠨᠠᠷᠠ ᠪᠠᠷᠠᠭᠤᠨᠰᠢ ᠪᠠᠭᠤᠬᠤ ᠳᠤ ᠲᠩᠷᠢ ᠨᠠᠭᠤᠷ ᠲᠤ ᠬᠥᠷᠬᠦ ᠪᠣᠯᠤᠨ᠎ᠠ᠃ ᠨᠠᠭᠤᠷ ᠤᠨ ᠤᠰᠤ ᠲᠣᠯᠢ ᠮᠡᠳᠥ᠂ ᠭᠤᠶᠣ ᠰᠠᠶᠢᠬᠠᠨ ᠣᠷᠣᠢ ᠶᠢᠨ ᠲᠤᠶᠠᠭ᠎ᠠ ᠶᠢ ᠲᠤᠰᠬᠠᠵᠤ᠂ ᠤᠰᠤ ᠲᠡᠭᠷᠢ  ᠵᠠᠯᠭᠠᠯᠳᠤᠭᠰᠠᠨ ᠰᠠᠶᠢᠬᠠᠨ ᠦᠵᠡᠮᠵᠢ ᠢᠯᠡᠷᠡᠵᠤ᠂ ᠭᠠᠷ ᠤᠨ ᠠᠶ᠎ᠠ ᠪᠠᠷ ᠵᠢᠷᠤᠭ ᠰᠡᠭᠦᠳᠡᠷ ᠳᠠᠲᠠᠵᠤ᠂ ᠭᠤᠶᠤ ᠰᠠᠶᠢᠬᠠᠨ ᠵᠢᠷᠤᠭ ᠳᠥᠷᠰᠤ ᠦᠯᠡᠳᠡᠭᠡᠨ᠂ ᠬᠥᠮᠥᠰ ᠤᠨ ᠪᠠᠭ᠋ᠠᠷᠤᠯ ᠢ ᠲᠠᠲᠠᠨ᠎ᠡ︕ᠦᠳᠡᠰᠢ ᠶᠢᠨ ᠬᠥᠰᠢᠭᠡ ᠪᠠᠭᠤᠵᠤ᠂ ᠵᠡᠭᠦᠳᠦ ᠵᠡᠷᠭᠡᠯᠭᠡᠨ ᠮᠡᠳᠥ ᠶᠢᠨ ᠣᠳᠤᠳᠤ ᠣᠭᠲᠠᠷᠭᠤᠢ ᠢᠯᠡᠷᠡᠨ᠎ᠡ᠃ ᠮᠠᠶᠢᠬᠠᠨ ᠢᠶᠠᠨ ᠪᠣᠰᠬᠠᠵᠤ᠂ ᠨᠣᠮᠢᠨ ᠨᠣᠭᠤᠭᠠᠨ ᠲᠠᠯ᠎ᠠ ᠳᠡᠭᠡᠷ᠎ᠡ ᠬᠡᠪᠲᠡᠵᠦ ᠥᠨᠳᠦᠷ ᠣᠭᠲᠠᠷᠭᠤᠢ ᠶᠢ ᠪᠠᠷᠠᠯᠠᠬᠤ ᠳᠤ᠂ ᠣᠳᠣᠨ ᠮᠡᠴᠢᠳ ᠭᠢᠯᠠᠯᠵᠠᠨ᠂ ᠶᠠᠭ ᠯᠠ ᠣᠷᠴᠢᠯᠠᠩ ᠤᠨ ᠳᠤ ᠰᠠᠴᠤᠭᠰᠠᠨ ᠴᠠᠭᠠᠨ ᠰᠢᠬᠢᠷ ᠮᠡᠲᠦ ᠲᠠᠭᠠᠲᠠᠢ᠂  ᠲᠡᠭᠷᠢ ᠶᠢᠨ ᠬᠢᠵᠠᠭᠠᠷ ᠶᠠᠭ ᠯᠠ ᠭᠠᠷ ᠰᠤᠩᠭᠠᠪᠠᠯ ᠲᠡᠮᠲᠡᠷᠢᠵᠦ ᠪᠣᠯᠤᠮᠠᠷ ᠰᠠᠨᠠᠭᠳᠠᠨ᠎ᠠ᠃ ᠲᠦᠳᠡᠭ ᠭᠠᠯ ᠤᠨ ᠳᠡᠷᠭᠡᠳᠡ ᠂ ᠬᠤᠨᠢᠨ ᠮᠢᠬᠠᠨ ᠤ ᠰᠢᠷᠠᠭᠰᠠᠨ ᠰᠠᠶᠢᠬᠠᠨ ᠦᠨᠦᠷ ᠬᠠᠩᠬᠤᠯᠵᠤ᠂ ᠮᠣᠷᠢᠨ ᠬᠤᠭᠤᠷ ᠤᠨ ᠠᠶ᠎ᠠ ᠬᠠᠩᠭᠢᠨᠠᠵᠤ᠂ ᠣᠳᠤᠳᠤ ᠣᠷᠴᠢᠯᠠᠩ ᠤᠨ ᠳᠣᠣᠷ᠎ᠠ᠂ ᠠᠮᠳᠠᠳᠤ ᠨᠣᠶᠢᠷ ᠲᠤ ᠪᠠᠨ ᠣᠷᠣᠵᠤ᠂ ᠡᠨᠡᠬᠦ ᠵᠥᠪᠬᠡᠨ ᠲᠠᠯ᠎ᠠ ᠨᠤᠲᠤᠭ ᠲᠤ ᠬᠠᠷᠢᠶᠠᠯᠠᠭᠳᠠᠬᠤ ᠭᠤᠴᠣ ᠰᠠᠶᠢᠬᠠᠨ ᠴᠠᠭ ᠮᠥᠴᠡ ᠶᠢ ᠥᠩᠭᠡᠷᠡᠭᠦᠯᠥᠶ᠎ᠡ᠃      ᠳᠠᠷᠬᠠᠨ ᠰᠤᠮᠤ᠄ ᠡᠷᠲᠡᠨ ᠤ ᠲᠠᠯ᠎ᠠ ᠨᠤᠲᠤᠭ ᠤᠨ ᠤᠯᠠ ᠮᠥᠷ ᠢ ᠬᠠᠶᠢᠶ᠎ᠠ      ᠲᠩᠷᠢ ᠨᠠᠭᠤᠷ ᠤᠨ ᠥᠷᠯᠥᠭᠡᠨ ᠤ ᠲᠤᠶᠠᠭᠠᠨ ᠳᠤ ᠰᠡᠷᠢᠵᠦ᠂ ᠵᠠᠮᠴᠢᠯᠠᠭᠴᠢ ᠪᠠᠷ ︽ᠳᠠᠷᠬᠠᠨ ᠰᠤᠮᠤ ᠶᠢᠨ ᠬᠥᠬᠡ ᠬᠠᠳᠠ ᠶᠢᠨ ᠬᠤᠶᠢᠲᠤ ᠲᠠᠯ᠎ᠠ ᠶᠢᠨ ᠬᠠᠳᠠᠨ ᠵᠢᠷᠤᠭ︾ ᠲᠤ ᠣᠴᠢᠵᠤ᠂ ᠡᠷᠲᠡᠨ ᠤ ᠳᠤᠷᠠᠰᠬᠠᠯ ᠤᠨ ᠭᠦᠨ ᠨᠢᠭᠤᠴᠠ ᠶᠢ ᠬᠠᠶᠢᠨ᠎ᠠ᠃ ᠳᠣᠶᠢᠨ ᠯᠠᠮᠠ ᠶᠢᠨ ᠰᠦᠮ᠎ᠡ ᠶᠢᠨ ᠬᠠᠳᠠᠨ ᠵᠢᠷᠤᠭ ᠢ ᠰᠣᠨᠢᠷᠬᠠᠵᠤ᠂ ᠲᠡᠳᠡᠭᠡᠷ ᠨᠢᠭᠤᠴᠠᠭᠠᠢ ᠲᠡᠮᠳᠡᠭ ᠪᠣᠯᠤᠨ ᠬᠡᠶᠢᠰᠪᠤᠷᠢ ᠵᠢᠷᠤᠭ ᠳᠥᠷᠰᠤ ᠨᠢ ᠡᠷᠲᠡᠨ ᠤ ᠬᠥᠮᠥᠨ ᠤ ︽ᠨᠠᠶᠢᠵᠠ ᠶᠢᠨ ᠳᠣᠭᠤᠷᠢᠭ︾  ᠰᠢᠭ᠋᠃      ᠲᠣᠮᠤᠷᠠᠭᠤᠯᠬᠤ ᠰᠢᠯ ᠠᠪᠴᠤ᠂ ᠲᠠᠯ᠎ᠠ ᠨᠤᠲᠤᠭ ᠤᠨ ᠡᠷᠲᠡᠨ ᠤ ᠠᠮᠢᠳᠤᠷᠠᠯ ᠤᠨ ᠨᠢᠭᠤᠴᠠ ᠨᠣᠮᠧᠷ ᠢ ᠰᠥᠪᠡᠭᠴᠢᠯᠡᠵᠥ ᠬᠠᠶᠢᠶ᠎ᠠ᠃ ᠪᠠᠰᠠ ᠨᠢᠭᠤᠴᠠᠭᠠᠢ ᠪᠡᠶᠡᠴᠢᠯᠡᠨ ᠣᠶᠢᠯᠭᠠᠬᠤ ᠵᠦᠢᠯ ᠲᠠᠢ᠄ ᠴᠡᠭᠡ ᠶᠢᠨ ᠦᠢᠯᠡᠳᠬᠡᠯ ᠤᠨ ᠭᠠᠵᠠᠷ ᠲᠤ ᠣᠷᠣᠵᠤ᠂ ᠭᠡᠭᠦᠥ ᠰᠠᠭᠠᠬᠤ ᠪᠠᠶᠠᠷ ᠪᠠᠭ᠋ᠠᠳᠤᠯ ᠢ ᠪᠡᠶᠡᠴᠢᠯᠡᠨ ᠣᠶᠢᠯᠠᠭᠠᠵᠤ᠂ ᠥᠪᠡᠷᠮᠢᠴᠡ ᠴᠡᠭᠡ ︵ᠰᠠᠭᠠᠯᠢ ᠶᠢᠨ ᠠᠷᠢᠬᠢ︶ ᠶᠢ ᠠᠮᠲᠠᠯᠠᠵᠤ᠂ ᠮᠠᠯᠴᠢᠳ ᠤᠨ ᠲᠠᠯ᠎ᠠ ᠨᠤᠲᠤᠭ ᠤᠨ ᠦᠯᠢᠭᠡᠷ ᠢ ᠶᠠᠷᠢᠬᠤ ᠶᠢ ᠰᠣᠨᠤᠰᠤᠨ᠎ᠠ᠃      ᠡᠨᠡ ᠭᠠᠷᠠᠭ ᠤᠨ ᠰᠡᠭᠦᠯᠴᠢ ᠳᠤ᠂ ᠪᠢᠲᠡᠭᠡᠢ ᠲᠥᠲᠡᠭᠡᠯᠵᠡᠭᠡᠷᠡᠢ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠳᠤ ᠢᠷᠡᠵᠦ᠂  ᠨᠢᠭᠡᠨ ᠲᠠᠯ᠎ᠠ ᠨᠤᠲᠤᠭ ᠤᠨ  ᠣᠨᠴᠠᠭᠠᠢ ᠠᠶᠠᠯᠠᠯ ᠬᠢᠭᠡᠷᠡᠢ︕ 
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号