ᠲᠠᠯ᠎ᠠ ᠨᠤᠲᠤᠭ ᠤᠨ ᠦᠪᠡᠳᠡᠭᠰᠢ ᠲᠠᠶᠢᠯᠠᠯᠭ᠎ᠠ ᠶᠢᠨ ᠨᠠᠶᠢᠷ
ᠨᠡᠶᠢᠲᠡᠯᠡᠭᠰᠡᠨ ᠴᠠᠭ᠄
2025/5/15
      5 ᠰᠠᠷ᠎ᠠ ᠶᠢᠨ 17 ᠤ ᠡᠳᠦᠷ᠂ ᠲᠠᠷᠬᠠᠨ ᠮᠤᠤᠮᠢᠩᠭᠠᠨ ᠲᠠ ᠨᠠᠷ ᠢ ᠤᠷᠢᠵᠤ ᠠᠮᠳᠠᠳᠤ ᠢᠳᠡᠭᠡᠨ ᠠᠮᠰᠠᠭᠤᠯᠵᠤ ︽ᠭᠠᠴᠠᠭᠠᠨ ᠤ ᠰᠢᠭᠰᠢᠶ᠎ᠡ︾ ᠮᠤᠷᠢᠨ ᠤᠷᠤᠯᠳᠤᠭᠠᠨ ᠢ ᠰᠤᠨᠢᠷᠬᠠᠭᠤᠯᠤᠶ᠎ᠠ      ᠦᠪᠡᠳᠡᠭᠰᠢ ᠲᠠᠶᠢᠯᠠᠯᠭ᠎ᠠ ᠶᠢᠨ ᠨᠠᠶᠢᠷ ᠨᠢ ᠶᠠᠭᠤ ᠪᠤᠢ︖      ᠡᠷᠲᠡᠨ ᠤ ᠲᠠᠯ᠎ᠠ ᠨᠤᠲᠤᠭ ᠤᠨ ᠢᠵᠠᠭᠤᠷᠲᠠᠨ ᠤ  ᠬᠠᠮᠤᠭ ᠤᠨ ᠰᠠᠶᠢᠨ  ᠲᠠᠶᠢᠯᠠᠯᠭ᠎ᠠ  ᠮᠦᠨ︕      ᠨᠢᠭᠡᠨ ᠪᠡᠶᠡᠴᠢᠯᠡᠨ ᠤᠶᠢᠯᠠᠭᠠᠬᠤ      ᠣᠳᠣ  ᠴᠠᠭ ᠦᠶ᠎ᠡ ᠶᠢᠨ ᠰᠢᠨ᠎ᠡ ᠰᠡᠪᠡᠬᠦᠨ ᠨᠠᠶᠢᠷ ᠨᠠᠭᠠᠳᠤᠮ᠃      5 ᠰᠠᠷ᠎ᠠ ᠶᠢᠨ 17 ᠤ ᠡᠳᠦᠷ      ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠬᠠᠪᠤᠷ ᠤᠨ ᠨᠠᠭᠠᠳᠤᠮ ᠵᠢᠴᠢ ︽ᠭᠠᠴᠠᠭᠠᠨ ᠤ ᠰᠢᠭᠰᠢᠶ᠎ᠡ ︾  ᠮᠤᠷᠢᠨ ᠤᠷᠤᠯᠳᠤᠭᠠᠨ ᠨᠢ      ᠭᠤᠶᠢᠳᠠ ᠰᠠᠶᠢᠬᠠᠨ ᠤᠷᠤᠯᠳᠤᠭᠠᠨ ᠠᠴᠠ ᠭᠠᠳᠠᠨ᠎ᠠ      ᠲᠤᠰ ᠲᠠᠯᠠᠪᠠᠢ ︽ᠭᠠᠴᠠᠭᠠᠨ ᠤ ᠰᠢᠭᠰᠢᠶ᠎ᠡ︾ ᠮᠤᠷᠢᠨ ᠤᠷᠤᠯᠳᠤᠭᠠᠨ ᠤ ᠭᠤᠤᠯ ᠲᠠᠯᠠᠪᠤᠷ ᠤᠨ ᠺᠯᠦ᠋ᠪ  ᠪᠤᠯᠤᠭᠰᠠᠨ ᠤ ᠬᠤᠪᠢ ᠳᠤ      ᠰᠢᠷᠠᠮᠦ᠋ᠷᠡᠨ ᠪᠠᠯᠭᠠᠰᠤ ᠪᠤᠯᠤᠨ  ᠰᠢᠪᠠᠷᠭᠦ᠋ᠷᠢᠶ᠎ᠡ ᠪᠠᠯᠭᠠᠰᠤ ᠶᠢᠨ ᠰᠤᠶᠤᠯ  ᠵᠢᠭᠤᠯᠴᠢᠯᠠᠯ ᠤᠨ ᠪᠦᠯᠦᠭᠯᠡᠯ  ᠨᠢ      ᠪᠠᠰᠠ ᠭᠤᠴᠤ ᠰᠠᠶᠢᠬᠠᠨ ᠮᠤᠷᠢᠨ ᠤ ᠭᠤᠤᠯ ᠰᠡᠳᠤᠪᠳᠤ ᠬᠦᠳᠡᠯᠬᠡᠬᠡᠨ ᠢ ᠪᠡᠯᠡᠳᠬᠡᠵᠠᠢ      ᠠᠬᠤᠶ ᠲᠠᠯᠠᠪᠠᠶ ᠶᠢᠨ ᠵᠢᠭᠤᠯᠴᠢᠯᠠᠭᠰᠠᠳ ᠲᠤ ᠬᠤᠤᠰ ᠦᠭᠡᠶ ᠮᠣᠷᠢᠨ ᠨᠢᠷᠤᠭᠤᠨ ᠳᠡᠭᠡᠷᠡᠬᠢ ᠦᠪᠡᠳᠡᠭᠰᠢ ᠨᠠᠶᠢᠷ ᠢ  ᠮᠡᠳᠡᠷᠡᠬᠦᠯᠵᠦ      ᠡᠨᠡ ᠨᠤᠲᠤᠭ ᠤᠨ ᠥᠪᠡᠷᠮᠢᠴᠡ ᠲᠠᠲᠠᠬᠤ ᠬᠦᠴᠦᠨ ᠢ ᠤᠶᠢᠯᠠᠭᠠᠭᠤᠯᠤᠨ᠎ᠠ᠃      ᠠᠵᠠ ᠲᠠᠢ ᠦᠵᠡᠭᠴᠢ ᠶᠢ ᠰᠤᠩᠭᠤᠵᠤ      ︽ᠲᠠᠯ᠎ᠠ ᠨᠤᠲᠤᠭ ᠤᠨ ᠸᠠᠩ ᠨᠣᠶᠠᠨ︾  ᠪᠤᠯᠭᠠᠨ      ᠡᠷᠬᠢᠮᠰᠦᠭ ᠦᠨᠳᠦᠰᠦᠲᠡᠨ ᠤ ᠬᠤᠪᠴᠠᠰᠤ ᠵᠠᠰᠠᠯ ᠡᠮᠦᠰᠬᠡᠵᠦ      ᠬᠦᠨᠳᠦ ᠶᠢᠨ ᠪᠠᠶᠢᠷᠢᠨ ᠳᠤ  ᠰᠠᠭᠤᠯᠭᠠᠵᠤ      ᠳᠠᠭᠤᠤ ᠪᠥᠵᠢᠭ ᠤᠨ ᠲᠣᠭᠯᠠᠯᠲᠠ ᠶᠢ ᠰᠤᠨᠢᠷᠬᠠᠭᠤᠯᠵᠤ      ᠰᠢᠷᠠᠭᠰᠠᠨ ᠪᠦᠬᠦᠯᠢ ᠬᠤᠨᠢ ᠵᠤᠭᠤᠭᠯᠠᠭᠤᠯᠤᠨ᠎ᠠ      ᠮᠤᠷᠢᠨ ᠤᠷᠤᠯᠳᠤᠭᠠᠨ ᠰᠤᠨᠢᠷᠬᠠᠬᠤ ᠨᠢ  ︽ᠲᠠᠯ᠎ᠠ ᠨᠤᠳᠤᠭ ᠤᠨ  ᠭᠤᠤᠯ ᠤᠷᠤᠰᠬᠠᠯ︾ ᠪᠤᠯᠵᠤ      ᠨᠠᠶᠢᠷ ᠤᠨ ᠫᠷᠤᠭ᠍ᠷᠠᠮ ᠤᠨ ᠲᠠᠷᠠᠭᠠᠯᠠᠯ ᠢᠶᠠᠨ ᠨᠡᠶᠢᠳᠡᠯᠡᠵᠦ      ᠮᠥᠩᠭᠦᠨ ᠠᠶᠠᠭ᠎ᠠ ᠰᠠᠮᠪᠠᠢ ᠬᠠᠳᠠᠭ ᠢᠶᠠᠨ ᠡᠷᠬᠦᠵᠦ ᠲᠠ ᠨᠠᠷ ᠢ ᠤᠭᠲᠤᠨ᠎ᠠ᠃      ᠡᠨᠡ ᠠᠶᠠᠭ᠎ᠠ ᠠᠷᠢᠬᠢ ᠶᠢ ᠤᠤᠭᠤᠪᠠᠯ      ᠲᠠ ᠳᠠᠷᠤᠢ ᠲᠠᠯ᠎ᠠ ᠨᠤᠲᠤᠭ ᠤᠨ ᠬᠥᠮᠥᠨ ᠳᠤ ᠲᠤᠭᠠᠴᠠᠭᠳᠠᠨ᠎ᠠ︕      ︵ᠠᠷᠢᠬᠢ  ᠤᠤᠭᠤᠵᠤ ᠴᠢᠳᠠᠬᠤ ᠦᠬᠡᠢ ᠴᠤ ᠭᠡᠰᠡᠨ ᠡᠨᠡᠬᠦ ᠲᠦᠷᠦᠭᠳᠡᠯ ᠢ  ᠪᠡᠶᠡᠴᠢᠯᠡᠨ ᠤᠶᠢᠯᠠᠭᠠᠵᠤ ᠪᠤᠯᠤᠨ᠎ᠠ︶      ᠮᠣᠩᠭᠤᠯ ᠮᠣᠷᠢᠨ ᠤ ᠭᠤᠸ᠎ᠠ ᠰᠠᠶᠢᠬᠠᠨ ᠤ ᠰᠤᠩᠭᠤᠯᠲᠠ      ᠮᠤᠷᠢᠳ‌‍ᠲ᠋ᠡᠯ ᠰᠡᠬᠦᠯ  ᠢᠶᠠᠨ  ᠰᠡᠭᠰᠡᠯᠵᠡᠬᠦᠯᠦᠨ  ᠰᠠᠶᠢᠪᠤᠷᠢᠯᠠᠨ ᠠᠯᠬᠤᠬᠤ ᠨᠢ      ᠶᠠᠭ ᠯᠠ ᠠᠵᠢᠨᠠᠢ ᠬᠦᠯᠦᠭ  ᠤᠨ ᠦᠵᠡᠬᠦᠯᠦᠯᠭᠡ ᠮᠡᠳᠦ      ᠦᠵᠡᠭᠴᠢᠳ ᠤᠨ ᠬᠠᠷᠠᠭ᠎ᠠ ᠶᠢ ᠪᠤᠯᠢᠶᠠᠨ᠎ᠠ︕      ᠭᠠᠷ ᠤᠲᠠᠰᠤ ᠪᠠᠷ  ᠮᠤᠷᠢ ᠤᠷᠤᠯᠳᠤᠬᠤ ᠲᠣᠭᠯᠠᠭᠠᠮ ᠳᠤ  ᠤᠷᠤᠯᠴᠠᠵᠤ      ᠨᠢᠭᠡᠳᠦᠭᠡᠷ  ᠨᠡᠷᠡᠰ ᠨᠢ ᠲᠠᠷᠤᠢ ᠸᠠᠩ ᠨᠣᠶᠠᠨ ᠰᠠᠭᠤᠵᠤ      ᠴᠤᠯᠤ ᠪᠠᠶᠢᠭᠠᠯᠢᠭ ᠰᠢᠷᠠᠭᠰᠠᠨ ᠪᠦᠬᠦᠯᠢ  ᠬᠤᠨᠢᠨ ᠮᠢᠬ᠎ᠠ  ᠢᠳᠡᠨ᠎ᠡ      ᠪᠦᠬᠦᠯᠢ ᠡᠳᠦᠷ  ᠢᠶᠠᠷ ᠮᠣᠷᠢ ᠤᠷᠤᠯᠳᠤᠬᠤ  ᠪᠠ ᠤᠷᠠᠨ ᠰᠠᠶᠢᠬᠠᠨ ᠤ ᠲᠣᠭᠯᠠᠯᠲᠠ ᠭᠠᠷᠭᠠᠬᠤ ᠶᠢ ᠰᠤᠯᠪᠢᠴᠠᠭᠤᠯᠤᠨ ᠶᠠᠪᠤᠭᠳᠠᠭᠤᠯᠵᠤ      ᠬᠤᠷᠳᠤᠨ ᠮᠤᠷᠢᠨ ᠤ  ᠤᠷᠤᠯᠳᠤᠭᠠᠨ ︵1.45 ᠮᠧᠲᠷ ᠠᠴᠠ ᠳᠡᠭᠡᠭᠰᠢ︶ 1600  ᠮᠧᠲᠷ      ᠵᠢᠷᠤᠭ᠎ᠠ ᠮᠤᠷᠢᠨ ᠤ  ᠤᠷᠤᠯᠳᠤᠭᠠᠨ  ︵1.40 ᠮᠧᠲᠷ  ᠠᠴᠠ ᠳᠡᠭᠡᠭᠰᠢ︶ 1600 ᠮᠧᠲᠷ       ᠴᠣᠬᠤᠷ  ᠮᠤᠷᠢᠨ ᠤ  ᠤᠷᠤᠯᠳᠤᠭᠠᠨ ︵1.45 ᠮᠧᠲᠷ  ᠠᠴᠠ ᠳᠣᠷᠣᠭᠰᠢ︶ 1600 ᠮᠧᠲᠷ       ᠬᠤᠷᠳᠤᠨ  ᠮᠤᠷᠢᠨ ᠤ  ᠤᠷᠤᠯᠳᠤᠭᠠᠨ  ︵1.40 ᠮᠧᠲᠷ  ᠠᠴᠠ ᠳᠣᠷᠣᠭᠰᠢ︶ 1600ᠮᠧᠲᠷ       ᠵᠢᠷᠤᠭ᠎ᠠ  ᠮᠤᠷᠢᠨ ᠤ  ᠤᠷᠤᠯᠳᠤᠭᠠᠨ ︵1.40 ᠮᠧᠲᠷ ᠠᠴᠠ ᠳᠣᠷᠣᠭᠰᠢ︶ 1600 ᠮᠧᠲᠷ      ᠬᠤᠷᠳᠤᠨ  ᠮᠤᠷᠢᠨ ᠤ  ᠤᠷᠤᠯᠳᠤᠭᠠᠨ  ︵1.40-1.45 ᠮᠧᠲᠷ ︶ 1600 ᠮᠧᠲᠷ       ᠡᠨᠡ ᠳᠠᠷᠠᠭᠠᠯᠠᠯ ᠢᠶᠠᠷ  ᠤᠷᠤᠯᠳᠤᠵᠤ      ᠮᠣᠷᠢᠨ ᠬᠤᠭᠤᠷ  ᠬᠦᠮᠢ ᠶᠢᠨ ᠢᠷᠠᠭᠤ ᠰᠠᠶᠢᠬᠠᠨ ᠡᠭᠡᠰᠢᠭ ᠨᠢ ᠲᠠᠯᠠᠪᠠᠢ ᠳᠦᠭᠦᠷᠡᠩ  ᠴᠤᠤᠷᠢᠶᠠᠳᠤᠨ      ᠬᠠᠮᠳᠤ ᠪᠠᠷ ᠨᠠᠶᠢᠷ ᠢ ᠦᠵᠡᠵᠦ ᠰᠤᠨᠢᠷᠬᠠᠶ᠎ᠠ︕      ᠮᠣᠷᠢᠨ ᠨᠢᠷᠤᠭᠤᠨ ᠳᠡᠭᠡᠷᠡᠬᠢ ᠢᠨᠠᠭ ᠠᠮᠠᠷᠠᠭ ᠨᠢ      ᠲᠠᠯ᠎ᠠ ᠨᠤᠲᠤᠭ ᠤᠨ ᠬᠠᠮᠤᠭ ᠤᠨ ᠭᠤᠶᠣ  ᠬᠤᠤᠰ ᠠᠮᠠᠷᠠᠭ  ᠪᠤᠯᠵᠤ      ᠲᠠᠯ᠎ᠠ ᠨᠤᠲᠤᠭ ᠠᠴᠠ ᠢᠷᠡᠭᠰᠡᠨ ᠤᠷᠢᠯᠭ᠎ᠠ  ᠨᠢ      5 ᠰᠠᠷ᠎ᠠ ᠶᠢᠨ 17 ᠤ ᠡᠳᠦᠷ ᠠᠶᠠᠯᠠᠯ  ᠡᠬᠢᠯᠡᠵᠦ      5 ᠰᠠᠷ᠎ᠠ ᠶᠢᠨ 17 ᠤ ᠡᠳᠦᠷ  ᠤᠨ ︽ᠭᠠᠴᠠᠭᠠᠨ ᠤ ᠰᠢᠭᠰᠢᠶ᠎ᠡ︾ ᠮᠤᠷᠢᠨ ᠤᠷᠤᠯᠳᠤᠭᠠᠨ  ᠤᠳᠠᠯ ᠥᠬᠡᠶ ᠡᠬᠢᠯᠡᠬᠦ ᠭᠡᠵᠦ ᠪᠠᠶᠢᠨ᠎ᠠ᠃      ᠮᠣᠷᠢ ᠪᠠᠨ ᠲᠠᠰᠢᠭᠤᠷᠳᠠᠨ ᠰᠠᠯᠬᠢ ᠰᠦᠷᠢᠨ ᠲᠠᠪᠬᠢᠭᠤᠯᠵᠤ      ᠵᠢᠷᠤᠭ ᠰᠡᠭᠦᠳᠡᠷ ᠲᠠᠳᠠᠨ ᠵᠤᠨ ᠤ ᠡᠳᠦᠷ ᠢ ᠲᠡᠮᠳᠡᠭᠯᠡᠵᠦ      ᠨᠠᠶᠢᠷ ᠨᠠᠭᠠᠳᠤᠮ  ᠤᠨ ᠰᠠᠶᠢᠬᠠᠨ ᠢᠶᠠᠷ      ᠡᠨᠡ ᠭᠠᠷᠠᠭ ᠤᠨ ᠰᠡᠭᠦᠯᠴᠢ ᠳᠤ ᠪᠢᠳᠡ ᠲᠠᠷᠬᠠᠨ ᠮᠣᠣᠮᠢᠩᠭᠠᠨ ᠳᠤ ᠵᠤᠯᠭᠠᠵᠠᠭᠠᠶ᠎ᠠ ︕
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号