ᠲᠠᠯ᠎ᠠ ᠨᠤᠲᠤᠭ ᠤᠨ ᠷᠣᠮᠠᠨᠲ᠋ᠢᠭ ᠪᠣᠯᠵᠤᠭ᠎ᠠ ᠮᠣᠷᠢᠨ ᠨᠢᠷᠤᠭᠤᠨ ᠳᠡᠭᠡᠷᠡᠬᠢ ᠬᠤᠣᠰ ᠠᠮᠠᠷᠠᠭ ᠤᠨ ᠤᠷᠤᠯᠳᠤᠭᠠᠨ ᠨᠢ ᠲᠠᠨ ᠤ ᠣᠷᠤᠯᠴᠠᠬᠤ ᠶᠢ ᠬᠥᠰᠡᠵᠥ ᠪᠠᠶᠢᠨ᠎ᠠ
ᠨᠡᠶᠢᠲᠡᠯᠡᠭᠰᠡᠨ ᠴᠠᠭ᠄
2025/5/15
      5 ᠰᠠᠷ᠎ᠠ ᠶᠢᠨ 17 ᠤ ᠡᠳᠦᠷ᠂ ᠨᠢᠭᠡ  ᠤᠳᠠᠭᠠᠨ ᠤ ᠳᠣᠰᠬᠠᠢ ᠠᠮᠠᠷᠠᠭ ᠬᠤᠣᠰ ᠲᠤ ᠬᠠᠷᠢᠶᠠᠯᠠᠭᠳᠠᠬᠤ ᠷᠤᠮᠠᠨᠲ᠋ᠢᠭ ᠤᠷᠤᠯᠳᠤᠭᠠᠨ ᠤᠳᠠᠯ ᠦᠭᠡᠢ ᠡᠬᠢᠯᠡᠭᠦ ᠪᠠᠷ ᠪᠠᠶᠢᠨ᠎ᠠ᠃ ᠳᠣᠣᠷ᠎ᠠ ᠦᠷᠭᠡᠨ ᠤᠯᠠᠨ ᠠᠮᠠᠷᠠᠭ ᠬᠤᠣᠰ ᠢ ᠮᠤᠷᠢᠨ ᠨᠢᠷᠤᠭᠤᠨ ᠲᠡᠭᠡᠷᠡᠬᠢ ᠪᠤᠯᠵᠤᠭ᠎ᠠ ᠳᠤ ᠤᠷᠢᠵᠦ᠂ ᠲᠠᠯ᠎ᠠ ᠨᠣᠳᠤᠭ ᠲᠤ ᠭᠠᠯ ᠬᠠᠯᠠᠭᠤᠨ ᠬᠠᠶᠢᠷ᠎ᠠ ᠢᠯᠡᠳᠬᠡᠵᠥ᠂ ᠪᠠᠰᠠ ᠡᠯᠪᠡᠭ ᠲᠡᠯᠪᠡᠭ ᠱᠠᠩᠨᠠᠯ ᠤᠨ ᠮᠦᠩᠬᠦ ᠲᠠᠨ ᠢ ᠬᠦᠯᠢᠶᠡᠵᠥ ᠪᠠᠶᠢᠨ᠎ᠠ︕         ᠭᠤᠣᠯᠯᠠᠨ ᠡᠷᠬᠢᠯᠡᠭᠰᠡᠨ ᠡᠩᠨᠡᠭᠡ ᠬᠦᠴᠦᠷᠬᠡᠭ ᠶᠡᠭᠡ      ᠲᠣᠰ ᠤᠳᠠᠭᠠᠨ ᠤ ᠠᠵᠢᠯᠯᠠᠭ᠎ᠠ ᠶᠢ ᠰᠢᠷᠠᠮᠥ᠋ᠷᠡᠨ ᠪᠠᠯᠭᠠᠰᠤ ᠪᠣᠯᠤᠨ ᠰᠢᠪᠠᠷᠬᠦᠷᠢᠶ᠎ᠡ ᠰᠣᠶᠣᠯ ᠵᠢᠭᠤᠯᠴᠢᠯᠠᠯ ᠤᠨ ᠪᠦᠯᠦᠭᠯᠡᠯ ᠬᠠᠮᠲᠤᠷᠠᠨ ᠡᠷᠭᠢᠯᠡᠵᠦ᠂ ᠲᠤᠤ ᠮᠠ ᠭᠸᠤ ᠶᠢᠨ ᠦᠵᠡᠮᠵᠢ ᠶᠢᠨ ᠣᠷᠣᠨ ᠳᠤ ᠦᠨᠡᠨ ᠰᠡᠳᠬᠢᠯ ᠠᠴᠠ ᠪᠠᠨ ᠬᠦᠴᠦ ᠨᠡᠮᠡᠷᠢᠯᠡᠵᠥ᠂ ᠣᠯᠠᠨ ᠳᠤ ᠨᠢᠭᠡ ᠤᠳᠠᠭᠠᠨ ᠤ ᠥᠪᠡᠷᠮᠢᠴᠡ ᠣᠨᠴᠠᠯᠢᠭ ᠲᠠᠢ ᠲᠠᠯ᠎ᠠ ᠨᠤᠲᠤᠭ ᠤᠨ ᠷᠣᠮᠠᠨᠲ᠋ᠢᠭ ᠦᠪᠡᠳᠡᠭᠰᠢ ᠴᠤᠭᠯᠠᠭᠠᠨ ᠢ ᠠᠪᠴᠢᠷᠠᠬᠤ ᠪᠠᠷ ᠪᠠᠶᠢᠨ᠎ᠠ᠃        ᠤᠷᠤᠯᠳᠤᠭᠠᠨ ᠳᠤ ᠤᠷᠤᠯᠴᠠᠬᠤ ᠱᠠᠭᠠᠷᠳᠠᠯᠭ᠎ᠠ ᠨᠢ ᠣᠨᠴᠠᠭᠠᠢ     ᠨᠠᠰᠤ ᠵᠢᠯ ᠪᠠ ᠪᠡᠶ᠎ᠡ ᠶᠢᠨ ᠬᠢᠷᠢ ᠭᠡᠮ᠄ ᠨᠠᠰᠤ ᠵᠢᠯ ᠢ ᠬᠢᠵᠠᠭᠠᠷᠯᠠᠬᠤ ᠦᠭᠡᠢ᠂ ᠭᠡᠪᠡᠴᠦ ᠡᠷᠲᠡ ᠢᠨᠠᠭᠯᠠᠬᠤ ᠶᠢ ᠤᠬᠠᠭᠤᠯᠬᠤ ᠦᠭᠡᠢ᠂ ᠭᠡᠷ ᠤᠨ ᠠᠬᠠᠮᠠᠳ ᠤᠨ ᠢᠶᠠᠨ ᠵᠥᠪᠰᠢᠶᠡᠷᠡᠯ ᠢ ᠣᠯᠬᠤ ᠬᠡᠷᠡᠭᠲᠡᠢ᠃ ᠵᠥᠪᠬᠡᠨ ᠵᠢᠩᠬᠢᠨᠢ ᠠᠮᠠᠷᠠᠭ ᠪᠤᠶᠤ ᠵᠢᠩᠬᠢᠨᠢ ᠡᠷ᠎ᠡ ᠡᠮ᠎ᠡ ᠬᠤᠶᠠᠭᠤᠯᠠ ᠤᠷᠤᠯᠳᠤᠭᠠᠨ ᠳᠤ ᠣᠷᠣᠯᠴᠠᠬᠤ ᠶᠢ ᠱᠠᠭᠠᠷᠳᠠᠵᠤ᠂ ᠮᠣᠷᠢᠨ ᠨᠢᠷᠤᠭᠤᠨ ᠲᠡᠭᠡᠷᠡᠬᠢ  ︽ᠬᠠᠶᠢᠷ᠎ᠠ︾ ᠶᠢ ᠢᠯᠡᠳᠭᠡᠬᠦ ᠪᠣᠯᠣᠨ᠎ᠠ᠃      ᠮᠣᠷᠢ ᠤᠨᠤᠬᠤ ᠮᠡᠷᠭᠡᠵᠢᠯ᠄ ᠠᠮᠠᠷᠠᠭ ᠬᠤᠣᠰ ᠬᠤᠶᠠᠷ ᠲᠠᠯ᠎ᠠ ᠪᠠᠷ ᠢᠶᠠᠨ ᠴᠥᠮ ᠪᠡᠶ᠎ᠡ ᠪᠠᠨ ᠳᠠᠭᠠᠭᠠᠵᠤ ᠮᠣᠷᠢ ᠤᠨᠤᠬᠤ ᠴᠢᠳᠠᠪᠤᠷᠢ ᠲᠠᠢ ᠪᠠᠶᠢᠵᠤ᠂ ︽ᠮᠣᠷᠢ ᠤᠨᠤᠨ ᠲᠠᠪᠬᠢᠭᠤᠯᠬᠤ︾ ᠪᠣᠯ ᠦᠨᠳᠦᠰᠦᠨ ᠮᠡᠷᠭᠡᠵᠢᠯ ᠪᠣᠯᠤᠨ᠎ᠠ᠃  ᠰᠢᠨ᠎ᠡ ᠲᠠᠮᠢᠷᠴᠢᠳ ᠣᠷᠢᠳ ᠢᠶᠠᠷ ᠮᠣᠷᠢ ᠲᠠᠢ ᠪᠠᠨ ᠰᠡᠳᠭᠢᠯᠭᠡ  ᠪᠠᠨ ᠬᠥᠮᠦᠵᠢᠭᠦᠯᠵᠦ᠂ ᠤᠷᠤᠯᠳᠤᠭᠠᠨ ᠤ ᠲᠠᠯᠠᠪᠤᠷ ᠲᠤ ᠰᠡᠳᠭᠢᠯ ᠰᠠᠨᠠᠭ᠎ᠠ ᠪᠠᠨ ᠣᠯᠣᠯᠴᠠᠨ ᠬᠠᠮᠳᠣᠷᠠᠨ ᠠᠵᠢᠯᠯᠠᠬᠤ ᠳᠤ ᠳᠥᠭᠦᠮ ᠪᠤᠯᠭᠠᠬᠤ ᠬᠡᠷᠡᠭᠳᠡᠢ᠃     ᠡᠮᠦᠰᠴᠦ ᠵᠡᠭᠦᠬᠦ᠄ ᠤᠷᠤᠯᠳᠤᠭᠠᠨ ᠳᠤ ᠣᠷᠣᠯᠴᠠᠬᠤ ᠠᠮᠠᠷᠠᠭ ᠬᠤᠣᠰ ᠨᠢ ᠮᠣᠩᠭᠤᠯ ᠦᠨᠳᠦᠰᠦᠲᠡᠨ ᠤ ᠬᠤᠪᠴᠠᠰᠤ ᠵᠠᠰᠠᠯ ᠡᠮᠦᠰᠴᠤ᠂ ᠦᠨᠳᠦᠰᠦᠲᠡᠨ ᠤ ᠵᠠᠩ ᠦᠢᠯᠡ ᠶᠢ ᠮᠡᠳᠡᠷᠡᠬᠦ ᠬᠡᠷᠡᠭᠲᠡᠢ᠃ ᠤᠷᠤᠭ ᠭᠤᠶᠤᠬᠤ ᠪᠠᠷ ᠲᠥᠯᠥᠪᠯᠡᠵᠦ ᠪᠠᠶᠢᠭ᠎ᠠ ᠨᠠᠶᠢᠵᠠ ᠨᠠᠷ᠂ ᠲᠡᠷᠯᠢᠭ ᠳᠣᠳᠤᠷ᠎ᠠ ᠪᠠᠨ ᠤᠷᠤᠭ ᠭᠤᠶᠤᠬᠤ ᠪᠡᠯᠡᠭ ᠢᠶᠠᠨ ᠨᠢᠭᠤᠨ ᠪᠡᠯᠡᠳᠭᠡᠵᠥ ᠂ ᠬᠢᠨᠠᠭᠴᠢ ᠶᠢᠨ ︽ᠣᠪᠡᠳᠢᠰᠳᠥ ᠬᠠᠪᠰᠣᠷᠣᠯᠭ᠎ᠠ︾  ᠶᠢ ᠣᠯᠵᠤ ᠮᠡᠳᠡᠨ᠎ᠡ ︕       ᠱᠠᠩᠨᠠᠯ ᠮᠥᠩᠭᠦ ᠨᠢ ᠡᠯᠪᠡᠭ ᠳᠡᠯᠪᠡᠭ        ᠲᠡᠷᠢᠭᠦᠨ ᠨᠡᠷ᠎ᠡ ᠶᠢᠨ ᠠᠮᠠᠷᠠᠭ ᠬᠤᠣᠰ ᠲᠤ᠄ 800 ᠲᠥᠭᠦᠷᠢᠭ ᠤᠨ ᠱᠠᠩᠨᠠᠯ ᠤᠨ ᠮᠥᠩᠭᠦ ᠲᠠᠢ᠂ ᠡᠨᠡ ᠮᠥᠩᠭᠦ ᠪᠠᠷ ᠨᠢᠭᠡ ᠪᠠᠭ᠎ᠠ ᠲᠤᠭᠤᠯ ᠬᠤᠳᠠᠯᠳᠤᠨ ᠠᠪᠴᠤ ᠪᠣᠯᠤᠨ᠎ᠠ᠂ ᠠᠵᠢᠯ  ᠠᠮᠢᠳᠤᠷᠠᠯ ᠤᠨ ᠥᠭᠡᠳᠡᠯᠡᠨ ᠳᠡᠭᠵᠢᠷᠡᠭᠦ ᠶᠢ ᠪᠡᠯᠭᠡᠳᠡᠨ᠎ᠡ᠃      ᠳᠡᠳ᠋ ᠨᠡᠷ᠎ᠡ ᠶᠢᠨ ᠠᠮᠠᠷᠠᠭ ᠬᠤᠣᠰ ᠲᠤ᠄ 600 ᠲᠥᠭᠦᠷᠢᠭ ᠤᠨ ᠱᠠᠩᠨᠠᠯ ᠤᠨ ᠮᠥᠩᠭᠦ ᠲᠠᠢ᠂ ᠡᠨᠡ ᠮᠥᠩᠭᠦ ᠪᠠᠷ ᠨᠢᠭᠡᠨ ᠡᠯᠪᠡᠭ ᠳᠡᠯᠪᠡᠭ ᠰᠢᠷᠠᠭᠰᠠᠨ ᠪᠦᠬᠦᠯᠢ ᠬᠤᠨᠢᠨ ᠤ ᠥᠪᠡᠳᠡᠭᠰᠢ ᠲᠠᠶᠢᠯᠠᠯᠭ᠎ᠠ ᠲᠣᠬᠢᠷᠠᠭᠤᠯᠵᠤ  ᠪᠣᠯᠣᠨ᠎ᠠ᠃      ᠭᠤᠷᠪᠠᠳᠤᠭᠠᠷ ᠨᠡᠷ᠎ᠡ ᠶᠢᠨ ᠠᠮᠠᠷᠠᠭ ᠬᠤᠣᠰ ᠲᠤ᠄ 500 ᠲᠥᠭᠦᠷᠢᠭ ᠤᠨ ᠱᠠᠩᠨᠠᠯ ᠤᠨ ᠮᠥᠩᠭᠦ ᠲᠠᠢ᠂ ᠡᠨᠡ ᠮᠥᠩᠭᠦ ᠪᠠᠷ ᠨᠢᠭᠡ ᠬᠥᠭᠡᠷᠦᠬᠦᠨ ᠬᠤᠷᠠᠭ᠎ᠠ ᠠᠪᠴᠤ ᠪᠣᠯᠤᠨ᠎ᠠ᠃     ᠳᠥᠷᠪᠡᠳᠦᠭᠡᠷ ᠠᠴᠠ ᠨᠠᠢᠮᠠᠳᠤᠭᠠᠷ ᠨᠡᠷᠡᠰ ᠤᠨ ᠠᠮᠠᠷᠠᠭ ᠬᠤᠣᠰ ᠲᠤ᠄ 300 ᠲᠥᠭᠦᠷᠢᠭ ᠤᠨ ᠱᠠᠩᠨᠠᠯ ᠤᠨ ᠮᠥᠩᠭᠦ ᠲᠠᠢ᠂ ᠡᠨᠡ ᠮᠥᠩᠭᠦ ᠪᠠᠷ 2 ᠵᠢᠩ ᠠᠮᠲᠠᠲᠠᠢ ᠲᠠᠷᠬᠠᠨ ᠮᠤᠤᠮᠢᠩᠭᠠᠨ ᠤ ᠦᠬᠡᠷ ᠤᠨ ᠬᠠᠲᠠᠭᠠᠭᠰᠠᠨ ᠪᠣᠷᠴᠠ ᠬᠤᠳᠠᠯᠳᠤᠨ ᠠᠪᠴᠤ ᠪᠣᠯᠤᠨ᠎ᠠ᠃     ᠶᠢᠰᠦᠳᠦᠭᠡᠷ ᠠᠴᠠ ᠠᠷᠪᠠᠳᠤᠭᠠᠷ ᠨᠡᠷᠡᠰ ᠤᠨ ᠠᠮᠠᠷᠠᠭ ᠬᠤᠣᠰ ᠲᠤ᠄ 200 ᠲᠥᠭᠦᠷᠢᠭ ᠤᠨ ᠱᠠᠩᠨᠠᠯ ᠤᠨ ᠮᠥᠩᠭᠦ ᠲᠠᠢ᠂ ᠡᠨᠡ ᠮᠥᠩᠭᠦ ᠪᠠᠷ ᠲᠠᠷᠬᠠᠨ ᠮᠤᠤᠮᠢᠩᠭᠠᠨ ᠤ ᠠᠮᠲᠠᠲᠠᠢ ᠰᠢᠷᠠᠮᠠᠯ ᠢᠳᠡᠵᠥ ᠳᠡᠶᠢᠯᠦᠨ᠎ᠡ᠃       ᠵᠢᠭᠤᠯᠴᠢᠯᠠᠯ ᠤᠨ ᠰᠡᠭᠦᠳᠡᠷ ᠲᠠᠲᠠᠵᠤ ᠳᠤᠷᠠᠰᠬᠠᠯ ᠦᠯᠡᠳᠡᠭᠡᠬᠦ      ᠲᠦᠷᠦᠭᠦᠦ ᠠᠷᠪᠠᠨ ᠨᠡᠷᠡᠰ ︽ᠬᠠᠮᠤᠭ ᠭᠤᠶᠣ ᠮᠣᠷᠢᠨ ᠨᠢᠷᠤᠭᠤᠨ ᠳᠡᠭᠡᠷᠡᠬᠢ ᠠᠮᠠᠷᠠᠭ ᠬᠤᠣᠰ︾ ᠨᠢ ᠵᠢᠭᠤᠯᠴᠢᠯᠠᠨ ᠰᠡᠭᠦᠳᠡᠷᠯᠡᠬᠦ ᠳᠣᠰᠬᠠᠢ ᠡᠷᠬᠡ ᠣᠯᠵᠤ᠂ 5 ᠬᠠᠭᠤᠳᠠᠰᠤ ︽ᠭᠠᠴᠠᠭᠠᠨ ᠤ ᠰᠢᠭᠰᠢᠶ᠎ᠡ︾ ᠮᠣᠷᠢᠨ ᠣᠷᠣᠯᠳᠣᠭᠠᠨ ᠤ ᠠᠮᠠᠷᠠᠭ ᠬᠤᠣᠰ ᠤᠨ ᠵᠢᠭᠤᠯᠴᠢᠯᠠᠯ ᠤᠨ ᠰᠡᠭᠦᠳᠡᠷ ᠲᠠᠲᠠᠵᠤ᠂ ᠭᠤᠶᠤ ᠰᠠᠶᠢᠬᠠᠨ ᠴᠠᠭ ᠮᠥᠴᠡ ᠪᠠᠨ ᠳᠡᠮᠳᠡᠭᠯᠡᠨ ᠳᠣᠷᠠᠰᠬᠠᠵᠤ ᠪᠤᠯᠤᠨ᠎ᠠ᠃      ᠠᠯᠳᠠᠷ ᠨᠡᠷ᠎ᠡ  ᠪᠠᠨ ᠣᠯᠬᠤ     ᠪᠠᠰᠠ ᠰᠢᠷᠠᠮᠦ᠋ᠷᠡᠨ ᠤ ᠲᠠᠯ᠎ᠠ ᠨᠤᠲᠤᠭ ᠤᠨ ᠵᠢᠭᠤᠯᠴᠢᠯᠠᠯ ᠤᠨ ᠳᠦᠷᠢ ᠲᠥᠷᠬᠦ ᠶᠢᠨ ᠡᠯᠴᠢ ᠪᠣᠯᠬᠤ ᠳᠣᠬᠢᠶᠠᠯ ᠢ ᠣᠯᠵᠤ᠂ ᠠᠯᠪᠠᠨ ᠤ ᠲᠠᠯ᠎ᠠ ᠶᠢᠨ ᠭᠡᠷᠡᠴᠢᠯᠡᠯ ᠵᠢᠴᠢ ᠲᠤᠰᠬᠠᠢ ᠤᠬᠠᠭᠤᠯᠤᠨ ᠳᠡᠯᠭᠡᠷᠡᠭᠦᠯᠬᠦ ᠲᠣᠬᠢᠶᠠᠯ ᠢ ᠣᠯᠵᠤ᠂ ᠲᠠᠨ ᠤ ᠬᠠᠶᠢᠷ᠎ᠠ ᠳᠤᠷᠠᠯᠠᠯ ᠤᠨ ᠦᠯᠢᠭᠡᠷ ᠲᠠᠯ᠎ᠠ ᠨᠤᠲᠤᠭ ᠲᠤ ᠲᠠᠭᠤᠷᠢᠰᠬᠠᠭᠳᠠᠵᠤ᠂ ᠨᠡᠩ ᠣᠯᠠᠨ ᠬᠥᠮᠥᠨ ᠢᠶᠠᠷ ᠬᠡᠷᠡᠴᠢᠯᠡᠭᠳᠡᠬᠦ ᠪᠤᠯᠤᠨ᠎ᠠ︕     ᠲᠠᠯ᠎ᠠ ᠨᠤᠲᠤᠭ ᠤᠨ ᠷᠣᠮᠠᠨᠲ᠋ᠢᠭ ᠢ ᠬᠦᠰᠡᠨ ᠰᠠᠨᠠᠳᠠᠭ ᠠᠮᠠᠷᠠᠭ ᠬᠤᠣᠰ ᠤᠳ ᠡ  ᠡᠨᠡ ᠤᠳᠠᠭᠠᠨ ᠤ ᠥᠪᠡᠳᠡᠭᠰᠢ ᠴᠤᠭᠯᠠᠭᠠᠨ ᠠᠴᠠ ᠪᠢᠲᠡᠭᠡᠢ ᠬᠤᠴᠤᠷᠠᠭᠠᠷᠠᠢ᠃ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ᠳᠤ ᠢᠷᠡᠵᠤ᠂  ᠥᠪᠡᠷ ᠤᠨ ᠢᠨᠠᠭ ᠳᠤᠷᠠᠯᠠᠯ ᠤᠨ ᠬᠠᠭᠤᠳᠠᠰᠤ ᠪᠠᠨ ᠪᠢᠴᠢᠭᠯᠡᠵᠦ᠂ ᠡᠯᠪᠡᠭ ᠳᠡᠯᠪᠡᠭ ᠱᠠᠩᠨᠠᠯ ᠢ ᠮᠡᠷᠡᠶᠢᠨ ᠣᠯᠵᠤ᠂ ᠮᠠᠷᠲᠠᠭᠳᠠᠰᠢ ᠦᠭᠡᠢ ᠡᠷᠭᠢᠴᠡᠭᠦᠯᠦᠯ ᠦᠯᠡᠳᠡᠭᠡᠷᠡᠢ︕      ᠨᠡᠷ᠎ᠡ ᠮᠡᠳᠡᠭᠦᠯᠬᠦ ᠬᠡᠯᠪᠡᠷᠢ      ᠬᠠᠷᠢᠯᠴᠠᠬᠤ ᠬᠥᠮᠦᠨ᠄  ᠰᠠᠷᠠᠨ᠎ᠠ  15124807751       ᠬᠠᠮᠤᠭ ᠡᠴᠦᠰ ᠤᠨ ᠬᠦᠯᠢᠶᠡᠨ ᠠᠪᠬᠤ ᠴᠠᠭ ᠬᠤᠭᠤᠴᠠᠭ᠎ᠠ᠄ 5 ᠰᠠᠷ᠎ᠠ ᠶᠢᠨ 16 ᠤ ᠡᠳᠦᠷ
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号