2025 ᠣᠨ ᠤ ᠲᠠᠷᠬᠠᠨ ᠮᠤᠤᠮᠢᠩᠭᠠᠨ ᠬᠤᠯᠪᠤᠭᠠᠳᠥ ᠬᠤᠰᠢᠭᠤᠨ ᠤ ︽ᠬᠥᠳᠡᠭᠡ ᠲᠣᠰᠬᠤᠨ ᠤ ᠳᠡᠰ ᠠᠴᠠ | ᠳᠠᠪᠠᠭᠰᠠᠨ ᠮᠣᠷᠢᠨ ᠤᠷᠤᠯᠳᠤᠭᠠᠨ︾ ᠳᠡᠭᠦᠰ ᠠᠮᠵᠢᠯᠳᠡ ᠲᠠᠢ ᠶᠠᠪᠤᠭᠳᠠᠵᠤ ᠰᠢᠭᠰᠢᠭᠳᠡᠭᠰᠡᠨ ᠡᠩᠨᠡᠭᠡ ᠨᠢ ︽ᠭᠠᠭᠴᠠ | ᠮᠣᠷᠢ ᠪᠠᠷ ᠰᠢᠪᠳᠤᠯᠠᠯᠳᠡ︾ ᠬᠢᠵᠥ | ᠲᠡᠷᠢᠭᠦᠨ ᠨᠡᠷᠡᠰ ᠲᠤ 18 ᠬᠤᠨᠢ 16 ᠲᠦᠮᠡᠨ ᠳᠥᠭᠦᠷᠢᠭ ᠤᠨ ᠳᠣᠮᠤ ᠱᠠᠩᠨᠠᠯ ᠭᠦᠷᠳᠡᠭᠡᠵᠥ | ᠰᠤᠮᠤ ᠰᠢᠶᠠᠩ ᠪᠠᠯᠭᠠᠰᠤᠨ ᠤ ᠬᠤᠷᠠᠯ ᠳᠤ ᠮᠤᠷᠢ ᠤᠷᠭᠠᠯᠠᠬᠤ ᠮᠣᠷᠢ ᠤᠷᠤᠯᠳᠤᠬᠤ ᠨᠣᠮᠤ ᠰᠤᠮᠤ ᠬᠠᠷᠪᠤᠬᠤ | ᠵᠡᠷᠭᠡ ᠶᠢ ᠳᠣᠬᠢᠷᠠᠭᠤᠯᠵᠤ ᠁ | ᠡᠨᠡ ᠬᠠᠮᠢᠭ᠎ᠠ ᠠᠴᠠ ᠵᠥᠪᠬᠡᠨ ᠮᠣᠷᠢ ᠤᠷᠤᠯᠳᠤᠵᠤ ᠪᠠᠶᠢᠬᠤ ᠪᠤᠢ︖ | ᠡᠨᠡ ᠨᠢ ᠲᠠᠯ᠎ᠠ ᠨᠤᠲᠤᠭ ᠳᠠᠬᠢ ︽ᠡᠯᠧᠺᠲᠷᠣᠨ ᠥᠷᠢᠰᠦᠯᠳᠦᠭᠡᠨ ᠤ ᠬᠥᠭᠡᠷᠥᠯᠳᠥᠭᠡᠨ︾ ᠪᠣᠯᠤᠨ᠎ᠠ | ᠢᠯᠠᠭᠰᠠᠳ ᠳᠣᠬᠠᠢ ᠲᠠᠯᠠᠪᠠᠢ ᠳᠤ ᠰᠢᠷᠠᠯᠠᠭ᠎ᠠ ᠶᠢ ᠳᠤᠷ᠎ᠠ ᠪᠠᠷ ᠠᠮᠲᠠᠯᠠᠬᠤ ᠪᠣᠯᠣᠨ᠎ᠠ᠃ | 1. ᠠᠮᠢᠵᠢᠷᠠᠯ ᠤᠨ ᠤᠷᠤᠯᠳᠤᠭᠠᠨ ᠳᠡᠭᠦᠰ ᠠᠮᠵᠢᠯᠳᠡ ᠣᠯᠪᠠ | ᠰᠢᠭᠰᠢᠭᠳᠡᠭᠰᠡᠨ ᠡᠩᠨᠡᠭᠡ ᠨᠢ ︽ᠭᠠᠭᠴᠠ ᠮᠣᠷᠢ ᠪᠠᠷ ᠰᠢᠪᠲᠤᠯᠤᠯᠲᠠ︾ ᠬᠢᠵᠥ᠂ ᠬᠤᠪᠢ ᠬᠤᠷᠠᠮᠳᠤᠭᠤᠯᠵᠤ | ᠢᠯᠡᠯᠡᠳᠡ ᠣᠯᠵᠣ ᠨᠠᠢᠮᠠᠨ ᠬᠦᠴᠦᠷᠬᠡᠭ ᠲᠤ ᠣᠷᠣᠪᠠ᠃ ᠬᠤᠴᠤᠷᠪᠠᠯ ᠳᠠᠬᠢᠨ ᠤᠷᠤᠯᠳᠤᠵᠤ᠂ ᠬᠠᠯᠠᠭᠤᠨ | ᠵᠣᠷᠢᠭ ᠢᠶᠠᠷ ᠢᠶᠠᠨ ᠤᠷᠤᠯᠳᠤᠭᠠᠨ ᠢ ᠬᠥᠭᠵᠢᠭᠡᠪᠡ ~ | 2. ᠬᠤᠯᠢᠯᠳᠤᠨ ᠬᠦᠴᠦ ᠳᠠᠮᠵᠢᠭᠤᠯᠵᠤ ︽ᠬᠤᠷᠳᠤᠴᠠ ᠪᠠ ᠤᠶᠤᠨ︾ ᠢ ᠰᠢᠯᠭᠠᠪᠠ | ᠬᠤᠷᠳᠤᠨ ᠮᠣᠷᠢᠨ ᠤ ᠤᠷᠤᠯᠳᠤᠭᠠᠨ ᠪᠠ ᠵᠢᠷᠤᠭ᠎ᠠ ᠮᠣᠷᠢᠨ ᠤ ᠤᠷᠤᠯᠳᠤᠭᠠᠨ ᠰᠣᠯᠪᠢᠴᠡᠴᠤ ᠂ 4* 1600 | ᠮᠧᠲᠷ ᠤᠨ ᠬᠦᠴᠥ ᠳᠠᠮᠵᠢᠭᠤᠯᠬᠤ ᠤᠷᠤᠯᠳᠤᠭᠠᠨ ᠬᠥᠭᠵᠢᠶᠡᠨ ᠲᠠᠢ ᠶᠠᠪᠤᠭᠳᠠᠵᠤ᠂ ᠳᠣᠭᠤᠶᠢᠯᠠᠩ ᠤᠨ ᠢᠯᠡᠯᠳᠡ ᠨᠢ | ︽ᠮᠣᠷᠢᠨ ᠮᠡᠷᠭᠡᠵᠢᠯ︾ ᠳᠤ ᠳᠥᠰᠢᠭᠯᠡᠵᠥ᠂ ᠤᠷᠤᠯᠳᠤᠭᠠᠨ ᠨᠢ ᠭᠤᠶᠤ ᠰᠠᠶᠢᠬᠠᠨ ᠶᠠᠪᠤᠭᠳᠠᠯ᠎ᠠ︕ | 3. ᠬᠤᠨᠢ ᠪᠠᠷ ᠱᠠᠩᠨᠠᠪᠠ | ᠡᠩ ᠤᠨ ᠤᠷᠤᠯᠳᠤᠭᠠᠨ ᠤ ᠢᠯᠠᠭᠴᠢ ᠳᠤ ᠬᠤᠨᠢᠨ ᠤ ᠱᠠᠩᠨᠠᠯ ᠬᠥᠷᠳᠡᠭᠡᠪᠡ︕ ᠲᠡᠷᠢᠭᠦᠨ ᠨᠡᠷᠡᠰ ᠲᠤ 18 | ᠬᠤᠨᠢ ᠱᠠᠩᠨᠠᠵᠤ᠂ ᠤᠷᠤᠯᠳᠤᠭᠠᠨ ᠳᠤ ᠣᠯᠤᠯᠳᠡ ᠶᠡᠭᠡ ~ | 4᠂ ᠰᠶᠢᠳᠪᠦᠷᠢᠲᠦ ᠤᠷᠤᠯᠲᠤᠭᠠᠨ ᠳᠤ ᠳᠣᠮᠤ ᠱᠠᠩᠨᠠᠯ ᠲᠠᠢ | ᠲᠡᠷᠢᠭᠦᠨ ᠨᠡᠷᠡᠰ ᠤᠨ ᠱᠠᠩᠨᠠᠯ ᠤᠨ ᠮᠥᠩᠭᠦ 16 ᠲᠦᠮᠡᠨ ᠳᠥᠭᠦᠷᠢᠭ ᠪᠠᠶᠢᠵᠤ︕ ᠨᠢᠭᠡ ᠵᠢᠯ ᠤᠨ | ᠴᠠᠯᠢᠩ ᠢᠶᠠᠨ ᠨᠢᠭᠡ ᠲᠠᠯᠠᠪᠠᠢ ᠤᠷᠤᠯᠳᠤᠭᠠᠨ ᠢᠶᠠᠷ ᠣᠯᠵᠤ᠂ ᠮᠣᠷᠢᠨ ᠤ ᠡᠵᠡᠨ᠄ ᠡᠨᠡᠬᠦ ᠪᠤᠶᠠᠨ ᠵᠠᠶᠠᠭ᠎ᠠ ᠶᠢ ᠪᠢ | ᠡᠳ᠋ᠯᠡᠬᠦ ᠪᠣᠯᠣᠨ᠎ᠠ︕ | 5᠂ ᠨᠡᠷᠡᠲᠦ ᠮᠣᠷᠢ ᠨᠢᠭᠡᠨ ᠭᠤᠶᠤ ᠰᠠᠶᠢᠬᠠᠨ ᠥᠩᠭᠡ ᠦᠵᠡᠮᠵᠢ ᠪᠣᠯᠪᠠ | 9 ᠳ᠋ᠣᠭᠡᠷ ᠰᠠᠷ᠎ᠠ ᠶᠢᠨ ᠨᠡᠷᠡᠳᠤ ᠮᠤᠷᠢᠨ ᠤ ᠡᠰᠡᠷᠭᠦᠴᠡᠯ ᠤᠨ ᠤᠷᠤᠯᠳᠤᠭᠠᠨ ᠳᠤ᠂ ᠦᠵᠡᠭᠴᠢᠳ ᠪᠢᠯᠧᠲ ᠢᠶᠠᠷ | ︽ᠬᠠᠮᠤᠭ ᠠᠴᠠ ᠲᠠᠭᠠᠰᠢᠶᠠᠭᠳᠠᠭᠰᠠᠨ ᠮᠣᠷᠢ ︾᠂ ︽ᠬᠠᠮᠤᠭ ᠰᠠᠶᠢᠨ ᠤᠨᠤᠭᠠᠴᠢᠨ︾᠂ ︽ᠬᠠᠮᠤᠭ ᠭᠤᠶᠤ | ᠰᠢᠨ᠎ᠡ ᠬᠥᠮᠦᠨ︾ ᠢ ᠰᠣᠩᠭᠤᠵᠤ᠂ ᠬᠤᠭᠤᠯᠠᠨ ᠤ ᠴᠠᠭᠠᠷᠢᠭ ᠤᠨ ᠰᠣᠶᠣᠯ ᠢ ᠮᠣᠷᠢᠨ ᠤ ᠲᠣᠭᠤᠷᠢᠭ ᠲᠤ ᠠᠪᠴᠢᠷᠠᠵᠡᠢ | ︕ | 6᠂ ᠮᠤᠷᠢᠨ ᠤ ᠭᠤᠤᠯ ᠰᠡᠲᠦᠪᠲᠦ ᠣᠯᠠᠨ ᠠᠷᠪᠢᠨ ᠠᠵᠢᠯᠯᠠᠭ᠎ᠠ ᠲᠠᠢ | ᠮᠤᠷᠢ ᠤᠷᠭᠠᠯᠠᠬᠤ ᠨᠣᠮᠤ ᠰᠤᠮᠤ ᠬᠠᠷᠪᠤᠬᠤ ᠭᠤᠶᠤ ᠮᠣᠷᠢ ᠰᠣᠩᠭᠤᠬᠤ ᠁ ᠰᠣᠮᠣ ᠰᠢᠶᠠᠩ | ᠪᠠᠯᠭᠠᠰᠤᠨ ᠤ ᠠᠵᠢᠯᠯᠠᠭ᠎ᠠ ᠥᠷᠨᠢᠭᠦᠯᠵᠥ᠂ ᠮᠣᠷᠢᠨ ᠤᠷᠤᠯᠳᠤᠭᠠᠨ ᠦᠵᠡᠭᠦ ᠶᠢᠨ ᠳᠠᠭᠠᠤ ᠥᠭᠡᠷ᠎ᠡ ᠨᠠᠭᠠᠳᠣᠮ | ᠰᠣᠨᠢᠷᠬᠠᠵᠠᠢ᠃ | 7᠂ ᠢᠯᠠᠵᠤ ᠢᠯᠠᠭᠳᠠᠬᠤ ᠨᠢ ᠢᠯᠡ ᠳᠣᠳᠤ | ᠶᠡᠷᠦᠩᠬᠡᠢ ᠰᠢᠢᠳᠪᠦᠷᠢᠲᠦ ᠤᠷᠤᠯᠳᠤᠭᠠᠨ ᠠᠴᠠ ᠡᠮᠦᠨ᠎ᠡ ᠭᠤᠷᠪᠠᠨ ᠮᠣᠷᠢ ᠰᠣᠯᠢᠵᠤ ᠪᠣᠯᠣᠨ᠎ᠠ᠃ | ᠤᠷᠤᠯᠳᠤᠭᠠᠨ ᠤ ᠠᠩᠭᠢ ᠶᠢᠨ ᠬᠢᠨ ᠣᠷᠤᠯᠳᠤᠵᠤ᠂ ᠠᠷᠭ᠎ᠠ ᠪᠣᠳᠣᠯᠭ᠎ᠠ ᠰᠥᠪᠡᠭᠴᠢᠯᠡᠵᠥ᠂ ᠡᠯᠧᠺᠲᠷᠤᠨ | ᠥᠷᠢᠰᠦᠯᠳᠦᠭᠡᠨ ᠤ ᠬᠡᠯᠪᠡᠷᠢ ᠶᠢ ᠤᠯᠠᠮᠵᠢᠯᠠᠯᠲᠤ ᠤᠷᠤᠯᠳᠤᠭᠠᠨ ᠵᠦᠭ ᠬᠤᠪᠢᠷᠠᠭᠤᠯᠪᠠ︕ | 8᠂ ᠬᠤᠪᠢ ᠬᠤᠷᠠᠮᠳᠤᠭᠤᠯᠬᠤ ᠨᠢ ᠤᠷᠤᠯᠳᠤᠭᠠᠨ ᠳᠤ ︽ᠬᠤᠶᠢᠯᠠᠷᠠᠬᠤ ᠲᠡᠮᠡᠴᠡᠭᠡᠨ︾ ᠠᠪᠴᠢᠷᠠᠪᠠ | ᠲᠠᠯᠠᠪᠠᠢ ᠪᠦᠷᠢ ᠶᠢᠨ ᠡᠮᠦᠨ᠎ᠡ 12 ᠨᠡᠷᠡᠰ ᠤᠨᠤᠭᠠᠴᠢᠨ ᠪᠥᠬᠦ ᠬᠥᠴᠥᠨ ᠢᠶᠠᠷ ᠢᠶᠠᠨ ᠬᠤᠪᠢ ᠬᠤᠷᠠᠮᠳᠤᠭᠤᠯᠵᠤ | ᠂ ᠤᠷᠤᠯᠳᠤᠭᠠᠨ ᠳᠤ ᠣᠷᠣᠯᠴᠠᠪᠠᠯ ᠨᠢᠭᠡ ᠬᠤᠪᠢ ᠣᠯᠵᠤ᠂ ᠪᠥᠬᠦ ᠬᠥᠴᠥᠨ ᠢᠶᠠᠷ ᠢᠶᠠᠨ ᠴᠢᠷᠮᠠᠶᠢᠪᠠᠯ 17 ᠬᠤᠪᠢ | ᠣᠯᠣᠨ᠎ᠠ︕ | 9᠂ ᠬᠢᠨᠠᠭᠴᠢ ᠶᠢᠨ ᠡᠩᠨᠡᠭᠡ ᠶᠢᠨ ᠳᠣᠰᠬᠠᠢ ᠮᠡᠷᠭᠡᠵᠢᠯ ᠨᠢ ᠣᠷᠤᠶᠢᠯᠠᠵᠠᠢ | ᠥᠪᠡᠷᠲᠡᠭᠡᠨ ᠵᠠᠰᠠᠬᠤ ᠣᠷᠣᠨ ᠤ ᠬᠢᠨᠠᠭᠴᠢ+ ᠪᠦᠭᠦ ᠬᠤᠰᠢᠭᠤᠨ ᠠᠴᠠ ᠬᠢᠨᠠᠭᠴᠢ ᠡᠯᠰᠡᠵᠤ᠂ ᠲᠦᠪ | ᠭᠤᠤᠯᠴᠢ ᠶᠢ ᠪᠠᠷᠢᠮᠳᠠᠯᠠᠪᠠ᠃ ᠣᠷᠤᠯᠴᠠᠭᠴᠢ᠄ ᠬᠢᠨᠠᠭᠴᠢ ᠨᠠᠮ᠎ᠠ ᠶᠢ ᠬᠠᠷᠠᠭᠰᠠᠨ ᠳᠤ ᠪᠢ ᠶᠡᠬᠡᠳᠡ ᠰᠠᠨᠳᠤᠷᠴᠠᠢ᠃ | ᠰᠠᠳᠬᠢᠯ ᠳᠣᠭᠳᠣᠯᠵᠤ | ᠬᠤᠨᠢ ᠪᠠᠷ ᠪᠠᠶᠠᠵᠢᠯ ᠤᠨ ᠵᠠᠮ ᠢᠶᠠᠨ ᠡᠯᠭᠦᠵᠥ | ᠬᠤᠷᠴᠡ ᠰᠢᠷᠥᠭᠦᠨ ᠣᠷᠣᠯᠳᠣᠭᠠᠨ | ᠣᠠᠯᠨ ᠠᠷᠪᠢᠨ ᠠᠵᠢᠯᠯᠠᠭ᠎ᠠ ᠨᠤᠭᠤᠳ ᠁ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠡᠨᠡ ᠵᠢᠯ ᠤᠨ ︽ᠬᠥᠳᠡᠭᠡ ᠲᠣᠰᠬᠤᠨ ᠤ ᠳᠡᠰ ᠠᠴᠠ | ᠳᠠᠪᠠᠭᠰᠠᠨ ᠮᠣᠷᠢᠨ ᠤᠷᠤᠯᠳᠤᠭᠠᠨ︾ | ᠦᠨᠡᠬᠡᠷ ᠰᠣᠨᠢᠷᠬᠠᠯᠳᠠᠢ ᠮᠥᠷᠳᠡᠭᠡᠨ ᠣᠷᠣᠯᠴᠠᠭᠤᠰᠢᠲᠠᠢ︕ | |