ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠪᠦᠬᠦ ᠠᠷᠠᠳ ᠢᠶᠠᠷ ᠢᠶᠠᠨ ᠨᠣᠮ ᠤᠩᠰᠢᠬᠤ ᠳᠤ | ᠤᠷᠤᠯᠴᠠᠬᠤ ᠰᠠᠨᠠᠭᠠᠴᠢᠯᠠᠭ᠎ᠠ ᠶᠢᠨ ᠪᠢᠴᠢᠭ | ᠬᠠᠶᠢᠷᠠᠳᠤ ᠨᠠᠶᠢᠵᠠ ᠨᠠᠷ ᠡ᠄ | ᠨᠣᠮ ᠪᠢᠴᠢᠭ ᠪᠣᠯ ᠬᠥᠮᠦᠨ ᠲᠥᠷᠥᠯᠬᠢᠲᠡᠨ ᠤ ᠲᠠᠪᠰᠢᠯᠳᠠ ᠶᠢᠨ ᠱᠠᠳᠤ ᠮᠥᠨ᠂ ᠪᠣᠯᠪᠠᠰᠤᠨ ᠢ ᠤᠯᠠᠮᠵᠢᠯᠠᠨ | ᠵᠠᠯᠭᠠᠮᠵᠢᠯᠠᠬᠤ ᠤᠴᠢ ᠮᠥᠨ᠃ ᠠᠶᠢᠵᠠᠮ ᠲᠦᠷᠭᠡᠨ ᠤᠳᠤ ᠦᠶ᠎ᠡ ᠶᠢᠨ ᠠᠮᠢᠳᠤᠷᠠᠯ ᠳᠤᠮᠳᠠ᠂ ᠨᠤᠮ ᠤᠩᠰᠢᠬᠤ ᠪᠣᠯ | ᠮᠡᠳᠡᠯᠭᠡ ᠤᠯᠬᠤ ᠠᠷᠭ᠎ᠠ ᠵᠠᠮ ᠪᠣᠯᠬᠤ ᠪᠠᠷ ᠪᠠᠷᠠᠬᠤ ᠦᠭᠡᠢ᠂ ᠨᠡᠩ ᠴᠤ ᠤᠶᠤᠨ ᠤᠬᠠᠭᠠᠨ ᠢ ᠰᠢᠮᠡᠵᠢᠭᠦᠯᠵᠦ᠂ | ᠤᠶᠤᠨ ᠤᠬᠠᠭᠠᠨ ᠢ ᠴᠡᠪᠡᠷᠰᠢᠭᠦᠯᠬᠦ ᠰᠠᠶᠢᠨ ᠵᠣᠷ ᠪᠣᠯᠤᠨ᠎ᠠ᠃ ᠡᠨᠡ ᠬᠦ 30 ᠳ᠋ᠤᠭᠠᠷ ᠤᠳᠠᠭᠠᠨ ᠤ ᠳᠡᠯᠡᠬᠡᠶ ᠶᠢᠨ | ᠨᠣᠮ ᠤᠩᠰᠢᠬᠤ ᠡᠳᠦᠷ ᠤᠨ ᠲᠠᠰᠢᠷᠠᠮ ᠢᠶᠠᠷ᠂ ᠪᠢᠳᠡ ᠪᠥᠬᠦ ᠬᠤᠰᠢᠭᠤᠨ ᠤ ᠠᠷᠠᠳ ᠲᠦᠮᠡᠨ ᠳᠤ ᠡᠶᠢᠨᠬᠦ | ᠰᠠᠨᠠᠭᠠᠴᠢᠯᠠᠭ᠎ᠠ ᠭᠠᠷᠭᠠᠶ᠎ᠠ᠄ ᠨᠤᠮ ᠤᠩᠰᠢᠬᠤ ᠶᠢ ᠨᠢᠭᠡ ᠵᠦᠢᠯ ᠤᠨ ᠠᠮᠢᠳᠤᠷᠠᠯ ᠤᠨ ᠠᠷᠭ᠎ᠠ ᠬᠡᠯᠪᠡᠷᠢ ᠪᠣᠯᠭᠠᠵᠤ᠂ | ᠨᠣᠮ ᠤᠨ ᠬᠡᠰᠢᠭ ᠢᠶᠠᠷ ᠬᠤᠲᠠ ᠶᠢ ᠤᠮᠳᠠᠯᠠᠵᠤ᠂ ᠮᠡᠳᠡᠯᠭᠡ ᠪᠠᠷ ᠢᠷᠡᠭᠡᠳᠦᠶ ᠶᠢ ᠬᠡᠷᠡᠯᠳᠦᠬᠦᠯᠦᠶᠡ︕ | ᠨᠢᠭᠡ᠄ ᠨᠤᠮ ᠢᠶᠠᠷ ᠬᠠᠨᠢ ᠪᠤᠯᠭᠠᠵᠣ᠂ ᠨᠣᠮ ᠤᠩᠰᠢᠬᠤ ᠶᠢ ᠠᠮᠢᠳᠤᠷᠠᠯ ᠤᠨ ᠡᠳᠦᠷ ᠲᠣᠲᠤᠮ ᠤᠨ ᠲᠠᠳᠬᠠᠯ | ᠪᠤᠯᠭᠠᠶ᠎ᠠ | ᠡᠳᠦᠷ ᠪᠦᠷᠢ ᠣᠬᠤᠷ ᠸᠢᠳᠢᠣ᠋ ᠶᠢ ᠳᠤᠲᠠᠭᠤ ᠨᠢᠭᠡ ᠴᠠᠭ ᠦᠵᠡᠵᠦ᠂ ᠰᠣᠩᠭᠤᠳᠠᠭ ᠪᠦᠳᠦᠭᠡᠯ ᠲᠠᠢ | ᠢᠯᠡᠬᠦᠭᠡᠨ ᠶᠠᠷᠢᠯᠴᠠᠭ᠎ᠠ ᠬᠢᠬᠡᠷᠠᠢ᠃ ᠦᠷᠯᠤᠭᠡ ᠪᠦᠷᠢ ᠨᠢᠭᠡ ᠬᠠᠭᠤᠳᠠᠰᠤ ᠨᠠᠶᠢᠷᠠᠭᠤᠯᠤᠯ ᠤᠩᠰᠢᠵᠤ᠂ ᠠᠵᠢᠯ ᠳᠤ | ᠭᠠᠷᠬᠤ ᠵᠠᠮ ᠳᠠᠭᠠᠨ ᠠᠪᠢᠶᠠᠯᠭ᠎ᠠ ᠲᠠᠢ ᠨᠤᠮ ᠢ ᠰᠤᠨᠤᠰᠴᠤ᠂ ᠤᠨᠳᠠᠬᠤ ᠠᠴᠠ ᠪᠠᠨ ᠡᠮᠦᠨ᠎ᠡ ᠨᠢᠭᠡ ᠦᠬᠦᠯᠡᠯᠭᠡ ᠳᠤ | ᠰᠤᠭᠳᠤᠭᠤᠷᠠᠵᠠᠭᠠᠶᠠ … ᠦᠭᠡ ᠦᠰᠦᠭ ᠪᠦᠷᠢ ᠪᠠᠷ ᠰᠡᠳᠭᠢᠯ ᠰᠠᠨᠠᠭ᠎ᠠ ᠪᠠᠨ ᠤᠮᠳᠠᠯᠠᠵᠦ᠂ ᠨᠤᠮ ᠤᠩᠰᠢᠬᠤ | ᠳᠤᠮᠳᠠ ᠬᠦᠴᠦ ᠬᠤᠷᠠᠮᠳᠤᠭᠤᠯᠤᠶ᠎ᠠ ᠃ | ᠬᠤᠶᠠᠷ᠄ ᠡᠴᠢᠭᠡ ᠡᠬᠡ ᠦᠷ᠎ᠡ ᠬᠡᠦᠬᠡᠳ ᠲᠠᠢ ᠪᠠᠨ ᠬᠠᠮᠲᠤ ᠪᠠᠷ ᠨᠤᠮ ᠤᠩᠰᠢᠵᠤ᠂ ᠨᠤᠮ ᠤᠩᠰᠢᠬᠤ ᠪᠠᠷ | ᠦᠰᠦᠨ ᠪᠤᠶᠢᠵᠢᠬᠤ ᠴᠠᠭ ᠮᠥᠴᠡ ᠪᠠᠨ ᠦᠩᠭᠡᠷᠡᠬᠦᠯᠦᠶᠡ | ᠭᠡᠷ ᠤᠨ ᠠᠬᠠᠮᠠᠳ ᠪᠣᠯ ᠬᠡᠦᠬᠡᠳ ᠤᠨ ᠠᠩᠬᠠᠳᠠᠭᠴᠢ ︽ ᠲᠠᠭᠠᠭᠤᠯᠤᠨ ᠤᠩᠰᠢᠭᠴᠢ︾᠃ ᠡᠯᠧᠺᠲᠷᠣᠨ | ᠲᠥᠬᠦᠭᠡᠷᠦᠮᠵᠢ ᠶᠢ ᠲᠤᠳᠠᠭᠤ ᠦᠵᠡᠵᠦ᠂ ᠬᠡᠦᠬᠡᠳ ᠲᠠᠢ ᠬᠠᠮᠲᠤ ᠵᠢᠷᠤᠭᠲᠤ ᠨᠤᠮ᠂ ᠬᠡᠦᠬᠡᠳ ᠤᠨ ᠦᠯᠢᠭᠡᠷ ᠪᠠ | ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠦᠯᠢᠭᠡᠷ ᠢ ᠤᠩᠰᠢᠵᠤ᠂ ᠬᠠᠮᠲᠤ ᠪᠠᠷ ᠤᠩᠰᠢᠬᠤ ᠳᠤᠮᠳᠠ ᠤᠶᠤᠨ | ᠤᠬᠠᠭᠠᠨ ᠢ ᠳᠠᠮᠵᠢᠭᠤᠯᠵᠤ᠂ ᠶᠠᠷᠢᠯᠴᠠᠭᠠᠨ ᠤ ᠳᠤᠮᠳᠠ ᠰᠡᠳᠭᠢᠬᠦᠢ ᠶᠢ ᠰᠡᠩᠭᠡᠷᠡᠬᠦᠯᠦᠶᠡ᠃ ᠭᠡᠷ ᠪᠦᠯᠢ ᠶᠢᠨ ᠨᠣᠮ ᠤᠨ | ᠦᠷᠦᠭᠡ᠂ ᠡᠴᠢᠭᠡ ᠡᠬᠡ ᠦᠷ᠎ᠡ ᠬᠡᠦᠬᠡᠳ ᠤᠨ ᠤᠩᠰᠢᠯᠭ᠎ᠠ ᠶᠢᠨ ᠪᠤᠯᠤᠩ ᠳᠠᠬᠢ ᠬᠠᠯᠠᠭᠤᠨ ᠳᠤᠯᠠᠭᠠᠨ ᠬᠠᠮᠲᠤ ᠪᠠᠷ | ᠤᠩᠰᠢᠬᠤ ᠴᠠᠭ ᠢ ᠬᠡᠦᠬᠡᠳ ᠤᠨ ᠢᠶᠠᠨ ᠬᠠᠮᠤᠭ ᠤᠨ ᠡᠷᠬᠢᠮ ᠨᠠᠨᠳᠢᠨ ᠳᠤᠷᠠᠰᠤᠮᠵᠢ ᠪᠤᠯᠭᠠᠶ᠎ᠠ᠃ | ᠭᠤᠷᠪᠠ᠄ ᠬᠠᠮᠳᠤ ᠳᠠᠭᠠᠨ ᠴᠠᠭ ᠵᠠᠷᠤᠴᠠᠭᠤᠯᠤᠨ ᠨᠤᠮ ᠤᠩᠰᠢᠵᠤ᠂ ᠬᠠᠮᠳᠤ ᠶᠢᠨ ᠠᠬᠷᠢᠯᠴᠠᠭᠠ | ᠪᠠᠶᠢᠭᠤᠯᠤᠶᠠᠬᠢᠯᠢ ᠬᠢᠵᠠᠭᠠᠷ ᠠᠯᠤᠰᠯᠠᠭᠰᠠᠨ ᠴᠤ᠂ ᠤᠩᠰᠢᠯᠭ᠎ᠠ ᠴᠢ ᠪᠢᠳᠠᠨ ᠢ ᠬᠤᠯᠪᠤᠨ᠎ᠠ | ᠨᠡᠶᠢᠭᠡᠮ ᠲᠣᠭᠤᠷᠢᠭ᠂ ᠪᠠᠶᠢᠭᠤᠯᠭ᠎ᠠ ᠨᠢᠭᠡᠴᠡ᠂ ᠠᠵᠤ ᠠᠬᠤᠶᠢᠯᠠᠯ ᠤᠨ ᠨᠣᠮ ᠤᠩᠰᠢᠬᠤ ᠬᠤᠷᠠᠯ ᠳᠤ | ᠣᠷᠣᠯᠴᠠᠵᠤ᠂ ᠡᠴᠢᠭᠡ ᠡᠬᠡ ᠦᠷ᠎ᠡ ᠬᠡᠤᠬᠡᠳ ᠤᠨ ᠤᠩᠰᠢᠯᠭ᠎ᠠ᠂ ᠰᠦᠯᠵᠢᠶᠡᠨ ᠲᠡᠭᠡᠷᠡᠬᠢ ᠤᠩᠰᠢᠯᠭ᠎ᠠ ᠵᠡᠷᠭᠡ | ᠠᠵᠢᠯᠯᠠᠭ᠎ᠠ ᠳᠤ ᠰᠠᠨᠠᠭᠠᠴᠢᠯᠠᠭ᠎ᠠ ᠠᠴᠠ ᠪᠠᠨ ᠤᠷᠤᠯᠴᠠᠭᠠᠷᠠᠢ︔ ᠲᠡᠷᠭᠡᠨ ᠥᠷᠲᠡᠭᠡ᠂ ᠴᠡᠴᠡᠷᠯᠢᠭ᠂ ᠨᠠᠮ ᠪᠠ ᠣᠯᠠᠨ | ᠲᠦᠮᠡᠨ ᠤ ᠦᠢᠯᠡᠴᠢᠯᠡᠭᠡᠨ ᠤ ᠲᠥᠪ᠂ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠲᠥᠪ ᠵᠡᠷᠭᠡ | ᠲᠠᠯᠠᠪᠤᠷ ᠲᠤ ︽ᠨᠤᠮ ᠤᠩᠰᠢᠬᠤ ᠪᠤᠯᠤᠩ︾ ᠭᠠᠷᠭᠠᠵᠤ᠂ ᠰᠤᠯᠠ ᠲᠠᠯᠪᠢᠭᠳᠠᠵᠤ ᠪᠠᠶᠢᠭ᠎ᠠ ᠨᠣᠮ ᠪᠢᠴᠢᠭ ᠢ | ᠠᠰᠢᠭᠯᠠᠨ᠎ᠠ︔ ᠤᠩᠰᠢᠭᠴᠢᠳ ᠨᠣᠮ ᠤᠩᠰᠢᠭᠰᠠᠨ ᠲᠡᠮᠳᠡᠭᠯᠡᠯ ᠢᠶᠠᠨ ᠬᠠᠷᠢᠯᠴᠠᠨ ᠬᠤᠪᠢᠶᠠᠯᠴᠠᠵᠤ᠂ ᠰᠠᠶᠢᠨ ᠨᠣᠮ ᠤᠨ | ᠨᠠᠷᠢᠨ ᠳᠠᠩᠰᠠ ᠪᠠᠨ ᠲᠠᠨᠢᠯᠴᠠᠭᠤᠯᠵᠤ᠂ ᠦᠵᠡᠯ ᠰᠠᠨᠠᠭᠠᠨ ᠤ ᠮᠥᠷᠭᠦᠯᠳᠦᠯ ᠢᠶᠠᠷ ᠴᠤᠤᠷᠢᠶ᠎ᠠ ᠶᠢ ᠬᠦᠭᠵᠢᠬᠡᠵᠦ ᠨᠤᠮ | ᠤᠩᠰᠢᠬᠤ ᠶᠢ ︽ ᠭᠠᠭᠴᠠ ᠬᠦᠮᠦᠨ ᠴᠡᠩᠭᠡᠯ︾ ᠠᠴᠠ ︽ ᠤᠯᠠᠨ ᠢᠶᠠᠷ ᠢᠶᠠᠨ ᠴᠡᠩᠭᠡᠯᠳᠦᠬᠦ ︾ ᠪᠤᠯᠭᠠᠨ | ᠬᠤᠪᠢᠷᠠᠭᠠᠨ᠎ᠠ᠃ | ᠲᠦᠷᠪᠡ᠄ ᠰᠣᠩᠭᠤᠳᠠᠭ ᠪᠦᠲᠦᠭᠡᠯ ᠳᠤ ᠬᠦᠨᠳᠦᠳᠭᠡᠯ ᠲᠡᠪᠰᠢᠬᠦᠯᠵᠦ᠂ ᠰᠣᠶᠣᠯ ᠢ ᠦᠶ᠎ᠡ ᠶᠢᠨ ᠦᠶ᠎ᠡ ᠳᠤ | ᠤᠯᠠᠮᠵᠢᠯᠠᠶ᠎ᠠ | ︽ᠰᠢᠬᠦᠮᠵᠢᠯᠡᠯ ᠥᠭᠦᠯᠡᠯ ︾᠂ ︽ᠰᠤᠳᠤᠷ ᠲᠡᠮᠳᠡᠭᠯᠡᠯ︾ ᠵᠡᠷᠭᠡ ᠳᠤᠮᠳᠠᠳᠤ ᠶᠢᠨ ᠰᠤᠳᠤᠷ ᠪᠢᠴᠢᠭ ᠢ ᠳᠠᠬᠢᠨ | ᠤᠩᠰᠢᠵᠤ᠂ ᠮᠢᠩᠭᠠᠨ ᠵᠢᠯ ᠤᠨ ᠣᠶᠤᠨ ᠤᠬᠠᠭᠠᠨ ᠢ ᠤᠶᠢᠯᠠᠭᠠᠶ᠎ᠠ︔ ︽ᠡᠭᠡᠯ ᠵᠢᠷ ᠤᠨ ᠶᠢᠷᠲᠢᠨᠴᠦ︾᠂ ︽ | ᠬᠥᠮᠦᠨ ᠲᠥᠷᠥᠯᠬᠢᠲᠡᠨ ᠤ ᠲᠣᠪᠴᠢ ᠲᠡᠦᠬᠡ︾ ᠵᠡᠷᠭᠡ ᠣᠳᠣ ᠦᠶ᠎ᠡ ᠶᠢᠨ ᠰᠢᠯᠢᠳᠡᠭ ᠪᠦᠲᠦᠭᠡᠯ ᠢ ᠬᠠᠶᠢᠨ | ᠤᠩᠰᠢᠵᠤ᠂ ᠲᠠᠨᠢᠨ ᠮᠡᠳᠡᠬᠦᠢ ᠶᠢᠨ ᠵᠠᠭᠠᠭ ᠬᠢᠵᠠᠭᠠᠷ ᠢᠶᠠᠨ ᠦᠷᠭᠡᠳᠬᠡᠪᠡ᠃ ᠰᠢᠯᠦᠭ ᠲᠠᠭᠤᠯᠠᠯ ᠠᠴᠠ ᠰᠢᠨᠵᠢᠯᠡᠬᠦ | ᠤᠬᠠᠭᠠᠨ ᠤ ᠭᠦᠨ ᠪᠤᠳᠤᠯᠭᠠᠰᠢᠷᠠᠯ ᠬᠦᠷᠳᠡᠯ᠎ᠡ᠂ ᠰᠣᠩᠭᠤᠳᠠᠭ ᠪᠦᠳᠦᠭᠡᠯ ᠢᠶᠠᠷ ᠵᠣᠷᠢᠭ ᠰᠠᠨᠠᠭ᠎ᠠ ᠶᠢ ᠰᠢᠮᠡᠵᠢᠬᠦᠯᠵᠦ᠂ | ᠰᠤᠶᠤᠯ ᠤᠨ ᠢᠳᠡᠭᠡᠯ ᠢ ᠰᠡᠳᠬᠢᠯ ᠳᠤ ᠬᠠᠳᠠᠩᠰᠢᠭᠤᠯᠤᠶ᠎ᠠ᠃ | ᠨᠠᠶᠢᠵᠠ ᠨᠠᠷ ᠡ᠂ ᠨᠤᠮ ᠤᠩᠰᠢᠬᠤ ᠨᠢ ᠬᠤᠪᠢ ᠬᠥᠮᠦᠨ ᠤ ᠦᠰᠦᠨ ᠪᠤᠶᠢᠵᠢᠯᠲᠠ ᠶᠢᠨ ᠱᠠᠲᠤ ᠪᠣᠯᠬᠤ ᠪᠠᠷ | ᠪᠠᠷᠠᠬᠤ ᠥᠬᠡᠶ᠂ ᠨᠠᠩ ᠴᠤ ᠬᠤᠲᠠ ᠶᠢᠨ ᠪᠣᠯᠪᠠᠰᠤᠨ ᠤ ᠰᠠᠭᠤᠷᠢ ᠥᠩᠭᠡ ᠪᠣᠯᠤᠨ᠎ᠠ᠃ ᠪᠢᠳᠡ ᠨᠣᠮ ᠪᠢᠴᠢᠭ ᠢᠶᠠᠨ | ᠤᠷᠪᠠᠭᠤᠯᠵᠤ ᠤᠩᠰᠢᠵᠤ᠂ ᠦᠵᠡᠯ ᠰᠠᠨᠠᠭᠠᠨ ᠳᠤ ᠪᠠᠨ ᠠᠮᠢᠵᠢᠷᠠᠯ ᠤᠨ ᠬᠦᠴᠦᠨ ᠨᠡᠮᠡᠷᠢᠯᠡᠶ᠎ᠡ ᠃ ᠪᠢᠳᠡ ᠳᠠᠷᠤᠢ | ᠲᠦᠷᠭᠡᠨ ᠬᠥᠳᠡᠯᠦᠯᠴᠡᠵᠦ᠂ ᠨᠢᠭᠡ ᠲᠠᠪᠠᠳᠠᠢ ᠰᠠᠶᠢᠨ ᠨᠣᠮ ᠠᠴᠠ ᠡᠬᠢᠯᠡᠨ᠂ ᠳᠡᠯᠡᠬᠡᠢ ᠳ᠋ᠠᠬᠢᠨ ᠢ ᠮᠡᠳᠡᠷᠡᠵᠦ᠂ | ᠪᠢᠴᠢᠭ ᠤᠨ ᠰᠤᠷᠪᠤᠯᠵᠢ ᠪᠠᠷ ᠠᠮᠢᠳᠤᠷᠠᠯ ᠢᠶᠠᠨ ᠰᠢᠮᠡᠵᠢᠬᠦᠯᠦᠶᠡ︕ | ᠰᠠᠨᠠᠭᠠᠴᠢᠯᠠᠭ᠎ᠠ ᠶᠢᠨ ᠪᠠᠶᠢᠭᠤᠯᠭ᠎ᠠ ᠨᠢᠭᠡᠴᠡ᠄ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ | ᠨᠠᠮ ᠤᠨ ᠬᠤᠷᠢᠶᠠᠨ ᠤ ᠤᠬᠠᠭᠤᠯᠬᠤ ᠬᠡᠯᠲᠡᠰ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ | ᠤᠳᠬ᠎ᠠ ᠤᠷᠠᠯᠢᠭ ᠤᠨ ᠬᠢᠨ ᠤ ᠬᠤᠯᠪᠣᠭᠠᠲᠤ ᠬᠤᠷᠠᠯ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ | ᠰᠣᠶᠣᠯ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠨᠤᠮ ᠤᠨ ᠰᠠᠩ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ | ᠰᠢᠨᠬᠤᠸᠠ ᠨᠣᠮ ᠤᠨ ᠳᠡᠯᠭᠡᠭᠦᠷ | 2025 ᠣᠨ ᠤ 4 ᠰᠠᠷ᠎ᠠ ᠶᠢᠨ 23 ᠤ ᠡᠳᠦᠷ |