ᠬᠤᠷᠠᠯ ᠳᠤ ᠣᠷᠣᠯᠴᠠᠵᠤ ᠲᠦᠷᠦ ᠶᠢᠨ ᠪᠤᠳᠤᠯᠭ᠎ᠠ ᠶᠢ ᠶᠠᠷᠢᠨ᠂ ᠠᠶᠢᠯ ᠡᠷᠦᠬᠡ ᠪᠠᠷ ᠶᠠᠪᠤᠵᠤ ᠲᠣᠰᠬᠤᠨ ᠤ | ᠠᠷᠠᠳ ᠢ ᠰᠤᠷᠪᠤᠯᠵᠢᠯᠠᠵᠤ᠂ ᠡᠭᠦᠷᠭᠡ ᠡᠭᠦᠷᠭᠡᠯᠡᠵᠦ ᠲᠠᠷᠢᠶᠠᠯᠠᠩ ᠤᠨ ᠮᠠᠰᠢᠨ ᠢ ᠨᠡᠭᠡᠭᠡᠪᠡ ᠁ ᠳᠠᠷᠬᠠᠨ | ᠮᠤᠤᠮᠢᠩᠭᠠᠨ ᠬᠤᠯᠪᠣᠭᠠᠲᠤ ᠬᠤᠰᠢᠭᠤᠨ ᠤ ᠪᠠᠭ᠎ᠠ ᠸᠧᠨ ᠭᠦᠩ ᠬᠦᠳᠡᠭᠡ ᠶᠢᠨ ᠪᠠᠭ᠎ᠠ ᠸᠧᠨ ᠭᠦᠩ ᠲᠣᠰᠬᠤᠨ ᠳᠤ | ᠨᠢᠭᠡᠨ ︽ᠪᠢᠴᠢᠭ ᠴᠡᠷᠢᠭ ᠤᠨ ᠡᠷᠳᠡᠮ ᠳᠤ ᠭᠠᠷᠮᠠᠭᠠᠢ︾ ᠡᠮᠡᠭᠲᠡᠢ ᠲᠣᠰᠬᠤᠨ ᠤ ᠺᠠᠳ᠋ᠷ ᠪᠠᠶᠢᠨ᠎ᠠ᠂ ᠲᠡᠷᠡ ᠪᠣᠯ ᠳᠠᠷᠤᠢ | ᠸᠠᠩ ᠰᠢᠤ ᠯᠠᠨ ᠪᠣᠯᠤᠨ᠎ᠠ᠃ | ᠡᠨᠡ ᠵᠢᠯ 50 ᠨᠠᠰᠤᠲᠠᠶ ᠸᠠᠩ ᠰᠢᠦ ᠯᠠᠨ ᠪᠣᠯ ᠨᠤᠲᠤᠭ ᠣᠷᠣᠨ ᠳᠤ ᠪᠠᠨ ᠲᠦᠷᠦᠵᠦ ᠦᠰᠦᠭᠰᠡᠨ ᠪᠠᠭ᠎ᠠ | ᠸᠧᠨ ᠭᠦᠩ ᠬᠦᠳᠡᠭᠡ ᠶᠢᠨ ᠬᠥᠮᠦᠨ ᠪᠣᠯᠣᠨ᠎ᠠ᠃ ᠡᠨᠡ ᠬᠡᠰᠡᠭ ᠭᠠᠵᠠᠷ ᠰᠢᠷᠣᠢ ᠨᠢ ᠲᠡᠭᠦᠨ ᠢ ᠬᠦᠮᠦᠵᠢᠭᠦᠯᠦᠨ | ᠬᠥᠮᠥᠨ ᠪᠣᠯᠭᠠᠵᠠᠢ᠂ ᠭᠡᠪᠡᠴᠦ ᠲᠡᠷᠡ ᠪᠠᠰᠠ ᠬᠡᠬᠦᠳᠡᠭ ᠳᠦᠭᠦᠷᠡᠩ ᠬᠠᠯᠠᠭᠤᠨ ᠰᠡᠳᠬᠢᠯᠭᠡ ᠪᠠᠷ ᠠᠳᠡᠬᠢ | ᠲᠣᠰᠬᠤᠨ ᠤ ᠠᠷᠠᠳ ᠤᠨ ᠠᠴᠢ ᠶᠢ ᠬᠠᠷᠢᠭᠤᠯᠵᠤ ᠪᠠᠶᠢᠪᠠ᠃ 2012 ᠣᠨ ᠳᠤ᠂ ᠸᠠᠩ ᠰᠢᠦ ᠯᠠᠨ ᠭᠠᠴᠠᠭᠠᠨ ᠤ | ᠠᠷᠠᠳ ᠤᠨ ᠵᠦᠪᠯᠡᠯ ᠳᠤ ᠬᠤᠶᠠᠷ ᠵᠥᠪᠯᠡᠯ ᠤᠨ ᠭᠡᠰᠢᠭᠦᠨ ᠤ ᠠᠵᠢᠯ ᠢ ᠡᠭᠦᠷᠭᠡᠯᠡᠵᠦ᠂ 6 ᠵᠢᠯ ᠤᠨ ᠲᠤᠷᠰᠢᠯᠭ᠎ᠠ ᠶᠢᠨ | ᠬᠤᠷᠠᠮᠳᠤᠯ ᠲᠠᠢ ᠪᠣᠯᠵᠤ᠂ 2018 ᠣᠨ ᠳᠤ᠂ ᠸᠠᠩ ᠰᠢᠦ ᠯᠠᠨ ᠪᠠᠭ᠎ᠠ ᠸᠧᠨ ᠭᠦᠩ ᠬᠦᠳᠡᠭᠡ ᠶᠢᠨ ᠪᠠᠭ᠎ᠠ ᠸᠧᠨ | ᠭᠦᠩ ᠲᠣᠰᠬᠤᠨ ᠤ ᠨᠠᠮ ᠤᠨ ᠡᠭᠦᠷ ᠤᠨ ᠱᠦᠵᠢ ᠪᠠᠷ ᠰᠣᠩᠭᠤᠭᠳᠠᠵᠤ᠂ ᠲᠤᠰᠬᠤᠨ ᠤ ᠠᠷᠠᠳ ᠢ ᠳᠠᠭᠠᠭᠤᠯᠤᠨ | ᠬᠥᠷ ᠬᠥᠭᠵᠢᠶᠡᠨ ᠲᠠᠢ ︽ ᠰᠢᠨ᠎ᠡ ᠠᠮᠢᠳᠤᠷᠠᠯ︾ ᠢ ᠡᠬᠢᠯᠡᠬᠦᠯᠡ᠃ | ︽ᠲᠠ ᠨᠠᠷ ᠮᠢᠨᠦ ᠬᠦᠦ ᠥᠬᠢᠨ ᠠᠴᠠ ᠴᠤ ᠳᠣᠲᠣᠨᠣ︾ ᠭᠡᠪᠡ᠃ | ᠪᠠᠭ᠎ᠠ ᠸᠧᠨ ᠭᠦᠩ ᠲᠣᠰᠬᠤᠨ ᠪᠣᠯ ᠪᠠᠭ᠎ᠠ ᠸᠧᠨ ᠭᠦᠩ ᠬᠦᠳᠡᠭᠡ ᠶᠢᠨ ᠵᠡᠭᠦᠨ ᠡᠮᠦᠨ᠎ᠡ ᠲᠠᠯ᠎ᠠ ᠳᠤ | ᠪᠠᠶᠢᠷᠢᠯᠠᠵᠤ᠂ ᠨᠡᠶᠢᠲᠡ ᠶᠢᠰᠦᠨ ᠠᠶᠢᠯ ᠲᠣᠰᠬᠤᠨ ᠪᠠᠶᠢᠵᠤ᠂ ᠲᠠᠯᠠᠪᠠᠢ ᠨᠢ ᠥᠷᠭᠡᠨ ᠠᠭᠤᠳᠠᠮ᠃ ᠠᠳᠡ ᠪᠠᠶᠢᠩᠭᠤ | ᠰᠠᠭᠤᠭ᠎ᠠ ᠬᠥᠮᠦᠨ ᠠᠮᠠ 200 ᠭᠠᠷᠤᠶ ᠡᠷᠦᠬᠡ᠂ 600 ᠭᠠᠷᠤᠶ ᠬᠥᠮᠦᠨ ᠠᠮᠠ ᠲᠠᠢ᠂ ᠡᠭᠦᠨ ᠳᠤ ᠣᠯᠠᠩᠬᠢ ᠨᠢ | ᠴᠥᠮ ᠬᠡᠷ ᠢᠶᠠᠨ ᠰᠠᠬᠢᠭᠰᠠᠨ ᠨᠠᠰᠤᠲᠠᠨ ᠪᠣᠯᠤᠨ᠎ᠠ᠃ ᠡᠷᠦᠬᠡ ᠪᠦᠷᠢ ᠶᠢᠨ ᠪᠠᠶᠢᠳᠠᠯ ᠢ ᠴᠥᠮ ᠪᠣᠳᠠᠲᠠᠢ | ᠡᠵᠡᠮᠰᠢᠬᠦ ᠶᠢᠨ ᠲᠥᠯᠥᠭᠡ᠂ ᠸᠠᠩ ᠰᠢᠤ ᠯᠠᠨ ᠬᠠᠮᠲᠤ ᠠᠵᠢᠯᠯᠠᠭᠴᠢ ᠲᠠᠢ ᠪᠠᠨ ᠬᠡᠳᠦᠨ ᠡᠳᠦᠷ ᠪᠣᠯᠬᠤ ᠦᠭᠡᠢ | ᠲᠣᠰᠬᠤᠨ ᠤ ᠠᠷᠠᠳ ᠤᠨ ᠭᠡᠷ ᠲᠤ ᠣᠴᠢᠵᠦ ︽ᠵᠣᠭᠤᠭ ᠳᠡᠯᠭᠡᠨ᠎ᠡ︾᠃ ᠬᠡᠨ ᠤ ᠬᠡᠤᠬᠡᠳ ᠨᠢ ᠭᠠᠳᠠᠭᠰᠢ ᠭᠠᠷᠴᠤ | ᠬᠥᠯᠥᠰᠥᠨ ᠠᠵᠢᠯ ᠬᠢᠵᠦ ᠪᠠᠶᠢᠬᠤ ᠪᠤᠢ︖ ᠠᠯᠢ ᠭᠡᠷ ᠤᠨ ᠨᠠᠰᠤᠲᠠᠨ ᠠᠷᠬᠠᠭ ᠡᠪᠡᠳᠴᠢᠨ ᠤ ᠨᠥᠬᠦᠪᠥᠷᠢ ᠶᠢ | ᠭᠤᠶᠤᠴᠢᠯᠠᠵᠤ ᠳᠡᠶᠢᠯᠬᠦ ᠪᠣᠶ︖ ᠵᠡᠭᠦᠨ ᠭᠡᠷ ᠤᠨ ᠡᠨᠡ ᠵᠢᠯ ᠤᠨ ᠬᠤᠨᠢ ᠲᠡᠵᠢᠭᠡᠭᠰᠡᠨ ᠪᠠᠶᠢᠳᠠᠯ ᠶᠠᠮᠠᠷ ᠪᠤᠢ︖ | ᠪᠠᠷᠠᠭᠤᠨ ᠭᠡᠷ ᠤᠨ ᠲᠦᠮᠦᠰᠦ ᠪᠠᠨ ᠬᠤᠷᠢᠶᠠᠵᠤ ᠪᠠᠷᠠᠭᠰᠠᠨ ᠤᠤ︖ ᠲᠣᠰᠬᠤᠨ ᠤ ᠶᠡᠭᠡ ᠪᠠᠭ᠎ᠠ ᠶᠠᠪᠤᠳᠠᠯ ᠪᠦᠷ ᠸᠠᠩ | ᠰᠢᠤ ᠯᠠᠨ ᠤ ᠰᠡᠳᠬᠢᠯ ᠳᠤ ᠨᠢᠭᠡ ᠲᠠᠩᠰᠠ ᠲᠠᠢ ᠪᠠᠶᠢᠯ᠎ᠠ᠃ | ᠸᠠᠩ ᠰᠢᠤ ᠯᠠᠨ ᠲᠣᠰᠬᠤᠨ ᠤ ᠠᠷᠠᠳ ᠲᠠᠢ ︽ᠭᠡᠷ ᠤᠨ ᠵᠣᠭᠤᠭ ᠳᠡᠯᠭᠡᠪᠡ︾᠃ | ᠠᠶᠢᠯ ᠡᠷᠦᠬᠡ ᠪᠠᠷ ᠰᠤᠷᠪᠤᠯᠵᠢᠯᠠᠬᠤ ᠶᠠᠪᠤᠴᠠ ᠳᠤ᠂ ᠸᠠᠩ ᠰᠢᠤ ᠯᠠᠨ ᠲᠣᠰᠬᠤᠨ ᠤ ᠵᠠᠷᠢᠮ ᠬᠡᠷ ᠢᠶᠠᠨ | ᠰᠠᠬᠢᠭᠰᠠᠨ ᠨᠠᠰᠤᠲᠠᠶᠢᠴᠤᠳ ᠬᠥᠳᠡᠯᠵᠦ ᠪᠠᠷᠢᠬᠤ ᠳᠤ ᠳᠥᠭᠦᠮ ᠦᠭᠡᠢ᠂ ᠬᠤᠭᠤᠯᠠ ᠢᠳᠡᠬᠦ ᠳᠤ ᠠᠷᠭᠠᠴᠠᠵᠣ | ᠪᠠᠶᠢᠬᠤ ᠪᠠᠶᠢᠳᠠᠯ ᠢ ᠣᠯᠵᠣ ᠮᠡᠳᠡᠵᠡᠢ᠃ ᠢᠩᠭᠢᠭᠡᠳ ᠲᠡᠷᠡ ᠲᠣᠰᠬᠤᠨ ᠤ ︽ᠬᠤᠶᠠᠷ ᠵᠥᠪᠯᠡᠯ︾ ᠤᠨ ᠭᠡᠰᠢᠭᠦᠨ ᠲᠠᠢ | ᠬᠠᠮᠲᠤ ᠤᠯᠠᠨ ᠤᠳᠠᠭ᠎ᠠ ᠶᠠᠷᠢᠯᠴᠠᠨ᠂ ᠰᠢᠨᠵᠢᠯᠡᠨ᠂ ᠪᠠᠶᠢᠴᠠᠭᠠᠬᠤ ᠪᠠᠷ ᠳᠠᠮᠵᠢᠨ᠂ ᠬᠠᠮᠤᠭ ᠡᠴᠦᠰ ᠲᠤ ᠳᠡᠭᠡᠳᠦ | ᠱᠠᠲᠤᠨ ᠤ ᠪᠡᠯᠡ ᠮᠥᠩᠭᠦ ᠶᠢ ᠲᠡᠮᠡᠴᠡᠨ ᠤᠯᠬᠤ᠂ ᠲᠣᠰᠬᠤᠨ ᠤ ᠰᠤᠯᠠ ᠪᠠᠶᠢᠭ᠎ᠠ ᠭᠡᠷ ᠪᠠᠶᠢᠰᠢᠩ ᠢ ᠠᠮᠢᠯᠠᠭᠤᠯᠬᠤ ᠪᠠᠷ | ᠳᠠᠮᠵᠢᠨ᠂ ᠲᠣᠰᠬᠤᠨ ᠤ ᠳᠡᠰ ᠤᠨ ᠠᠬᠠᠮᠠᠳ ᠤᠨ ᠬᠤᠭᠤᠯᠠᠨ ᠭᠡᠷ ᠪᠠᠶᠢᠭᠤᠯᠵᠤ᠂ ᠲᠣᠰᠬᠤᠨ ᠤ 65 ᠨᠠᠰᠤᠨ ᠠᠴᠠ | ᠳᠡᠭᠡᠭᠰᠢᠬᠢ ᠨᠠᠰᠤᠲᠠᠶᠢᠴᠤᠳ ᠲᠤ ᠰᠢᠮ᠎ᠡ ᠲᠡᠵᠢᠭᠡᠯ ᠲᠠᠢ ᠦᠳᠡ ᠶᠢᠨ ᠬᠤᠭᠤᠯᠠ ᠬᠠᠩᠭᠠᠬᠤ ᠪᠠᠷ ᠲᠣᠭᠲᠠᠪᠠ᠃ ︽ | ᠮᠠᠨ ᠤ ᠠᠬᠠᠮᠠᠳ ᠤᠨ ᠬᠤᠭᠤᠯᠠᠨ ᠭᠡᠷ ᠵᠦᠪᠬᠡᠨ ᠥᠪᠡᠷ ᠤᠨ ᠥᠷᠲᠡᠭ ᠤᠨ ᠵᠠᠷᠤᠳᠠᠯ ᠬᠤᠷᠢᠶᠠᠬᠤ ᠨᠢ ᠳᠠᠷᠤᠶ | ᠲᠣᠰᠬᠤᠨ ᠤ ᠨᠠᠰᠣᠲᠠᠳ ᠤᠨ ᠬᠤᠭᠤᠯᠠ ᠤᠮᠳᠠ ᠶᠢ ᠰᠠᠶᠢᠵᠢᠷᠠᠭᠤᠯᠬᠤ ᠶᠢ ᠬᠦᠰᠡᠵᠦ ᠪᠠᠶᠢᠨ᠎ᠠ︾ ᠭᠡᠪᠡ᠃ ᠸᠠᠩ | ᠰᠢᠤ ᠯᠠᠨ᠄ ︽ᠨᠠᠰᠣᠲᠠᠳ ᠵᠠᠷᠢᠮ ᠦᠶ᠎ᠡ ᠳᠤ ︿ᠲᠠ ᠨᠠᠷ ᠮᠠᠨ ᠤ ᠬᠥᠪᠡᠭᠦᠳ ᠥᠬᠢᠳ ᠠᠴᠠ ᠪᠠᠰᠠ ᠳᠣᠲᠣᠨᠣ | ᠪᠠᠶᠢᠳᠠᠭ﹀ ᠭᠡᠵᠦ ᠬᠡᠯᠡᠳᠡᠭ᠂ ᠡᠨᠡ ᠦᠭᠡ ᠶᠢ ᠰᠣᠨᠣᠰᠤᠮᠠᠭᠴᠠ ᠪᠢ ᠪᠠᠰᠠ ᠠᠵᠢᠯᠯᠠᠬᠤ ᠬᠦᠴᠦᠨ ᠢᠶᠠᠷ ᠳᠦᠭᠦᠷᠡᠩ | ᠪᠣᠯᠤᠨ᠎ᠠ︾ ᠭᠡᠵᠦ ᠬᠡᠯᠡᠪᠡ᠃ | ︽ᠬᠡᠷᠪᠡ ᠮᠧᠬᠠᠨᠢᠭᠵᠢᠭᠤᠯᠵᠦ ᠴᠢᠳᠠᠪᠠᠯ ᠬᠡᠳᠦᠢ ᠰᠠᠢᠨ ᠪᠤᠢ︕ | ᠪᠠᠭ᠎ᠠ ᠠᠴᠠ ᠡᠬᠢᠯᠡᠨ᠂ ᠸᠠᠩ ᠰᠢᠦ ᠯᠠᠨ ᠠᠪᠤ ᠡᠵᠢ ᠪᠠᠨ ᠳᠠᠭᠠᠵᠤ ᠲᠠᠷᠢᠶ᠎ᠠ ᠲᠠᠷᠢᠳᠠᠭ᠃ ᠥᠩᠭᠡᠷᠡᠭᠰᠡᠨ ᠤ | ᠡᠳᠦᠷ ᠢᠶᠠᠨ ᠪᠣᠳᠣᠬᠤ ᠳᠤ ᠪᠠᠨ ᠲᠡᠷᠡᠥᠪᠡᠷ ᠤᠨ ᠡᠷᠬᠡ ᠦᠭᠡᠢ ᠰᠠᠨᠠᠭ᠎ᠠ ᠠᠯᠳᠠᠵᠤ᠄ ︽ᠲᠡᠷᠡ ᠦᠶ᠎ᠡ ᠳᠤ ᠦᠨᠡᠬᠡᠷ | ᠵᠣᠪᠠᠭᠤᠷᠢ ᠵᠦᠳᠡᠭᠦᠷᠢᠲᠡᠢ︕ ᠡᠪᠡᠰᠦ ᠠᠷᠢᠯᠭᠠᠬᠤ᠂ ᠤᠰᠤᠯᠠᠬᠤ᠂ ᠪᠤᠭᠤᠳᠠᠢ ᠲᠡᠭᠦᠬᠦ᠂ ᠲᠥᠮᠥᠰᠥ ᠲᠡᠭᠦᠬᠦ ᠨᠢ | ᠡᠳᠦᠷᠵᠢᠨ ᠴᠦᠮ ᠬᠦᠮᠦᠨ ᠤ ᠬᠦᠴᠦᠨ ᠳᠤ ᠲᠦᠰᠢᠭᠯᠡᠨ ᠬᠦᠳᠡᠯᠮᠦᠷᠢᠯᠡᠵᠦ ᠪᠠᠶᠢᠪᠠ᠃ ᠬᠠᠴᠠᠷ ᠲᠤ ᠬᠠᠷᠠᠩᠭᠤᠢ ᠶᠢ | ᠢᠯᠡᠴᠢᠯᠡᠨ᠂ ᠭᠠᠷ ᠲᠤ ᠪᠠᠨ ᠤᠰᠤᠨ ᠴᠦᠪᠦᠷᠢᠭᠦᠦ ᠳᠡᠪᠲᠦᠭᠰᠡᠨ ᠪᠣᠯᠪᠠᠴᠤ ᠵᠢᠯ ᠤᠨ ᠡᠴᠦᠰ ᠪᠣᠯᠲᠠᠯ᠎ᠠ ᠳᠡᠮᠡᠢ | ᠵᠣᠭᠤᠰ ᠣᠯᠵᠤ ᠳᠡᠢᠯᠬᠦ ᠦᠭᠡᠢ᠂ ᠬᠥᠳᠡᠯᠮᠦᠷᠢ ᠪᠠ ᠣᠷᠣᠯᠭ᠎ᠠ ᠨᠢ ᠴᠥᠮ ᠰᠢᠭᠤᠳ ᠬᠠᠷᠢᠴᠠᠯ ᠪᠢᠰᠢ᠃ ᠲᠡᠷᠡ | ᠦᠶ᠎ᠡ ᠳᠤ ᠪᠢ ᠮᠠᠰᠢᠨ ᠬᠥᠮᠥᠨ ᠢᠶᠠᠷ ᠠᠵᠢᠯ ᠬᠢᠯᠭᠡᠪᠡᠯ ᠬᠡᠳᠦᠢ ᠰᠠᠢᠨ ᠪᠤᠢ ᠭᠡᠵᠦ ᠪᠣᠳᠣᠳᠠᠭ ᠶᠤᠮ︕︾ ᠭᠡᠪᠡ᠃ | 2013 ᠣᠨ ᠳᠤ᠂ ᠸᠠᠩ ᠰᠢᠦ ᠯᠠᠨ ᠭᠡᠷ ᠤᠨ ᠬᠥᠮᠦᠰ ᠲᠠᠢ ᠪᠠᠨ ᠵᠥᠪᠳᠡᠯᠴᠡᠵᠦ᠂ ᠠᠩᠬᠠᠳᠠᠭᠴᠢ | ᠤᠬᠤᠭᠤᠷ ᠮᠠᠰᠢᠨ ᠶᠢ ᠬᠤᠳᠠᠯᠳᠤᠨ ᠠᠪᠴᠤ᠂ ᠮᠧᠬᠠᠨᠢᠭ ᠢᠶᠠᠷ ᠠᠵᠢᠯᠯᠠᠬᠤ ᠶᠢᠨ ᠳᠥᠭᠦᠮ ᠲᠦᠳᠡ ᠪᠠᠢᠳᠠᠯ ᠢ ᠠᠩᠬ᠎ᠠ | ᠤᠳᠠᠭ᠎ᠠ ᠣᠢᠯᠭᠠᠵᠠᠢ᠃ 2017 ᠣᠨ ᠳᠤ᠂ ᠸᠠᠩ ᠰᠢᠤ ᠯᠠᠨ ᠪᠠᠶᠠᠨᠨᠠᠭᠤᠷ ᠬᠤᠲᠠ ᠳᠤ ︽ᠭᠡᠷ ᠪᠦᠯᠢ ᠶᠢᠨ | ᠮᠠᠯᠵᠢᠯ ᠤᠨ ᠲᠠᠯᠠᠪᠠᠢ︾ ᠶᠢᠨ ᠦᠢᠯᠡᠳᠪᠦᠷᠢᠯᠡᠯ ᠡᠵᠡᠩᠨᠡᠯᠲᠡ ᠶᠢᠨ ᠮᠣᠳᠧᠯ ᠢ ᠣᠯᠵᠤ ᠬᠠᠷᠠᠵᠤ᠂ ᠵᠣᠷᠢᠭᠲᠠᠶ | ᠰᠡᠳᠬᠢᠵᠦ ᠵᠣᠷᠢᠭᠲᠠᠶ ᠬᠢᠳᠡᠭ ᠲᠡᠷᠡ ᠳᠠᠷᠤᠶ ᠲᠦᠷᠭᠡᠨ ᠥᠪᠡᠷ ᠤᠨ ︽ᠭᠡᠷ ᠪᠦᠯᠢ ᠶᠢᠨ ᠮᠠᠯᠵᠢᠯ ᠤᠨ ᠲᠠᠯᠠᠪᠠᠢ︾ ᠪᠠᠨ | ᠪᠠᠶᠢᠭᠤᠯᠵᠤ᠂ ᠥᠪᠡᠷ ᠤᠨ ᠭᠡᠷ ᠢᠶᠠᠨ ︽ᠲᠤᠷᠰᠢᠯᠲᠠ ᠶᠢᠨ ᠲᠠᠷᠢᠶ᠎ᠠ︾ ᠪᠠᠷ ᠦᠵᠡᠵᠡᠶ᠃ | ᠲᠦᠷᠦ ᠶᠢᠨ ᠪᠤᠳᠤᠯᠭ᠎ᠠ ᠶᠢᠨ ᠲᠤᠷᠤᠨ᠎ᠠ ᠶᠢᠨ ᠰᠠᠯᠬᠢ ᠶᠢ ᠵᠠᠪᠳᠤᠵᠤ᠂ ᠲᠡᠭᠦᠨ ᠤ ︽ᠭᠡᠷ ᠪᠦᠯᠢ ᠶᠢᠨ | ᠮᠠᠯᠵᠢᠯ ᠤᠨ ᠲᠠᠯᠠᠪᠠᠢ︾ ᠶᠠᠪᠤᠬᠤ ᠳᠤᠳᠤᠮ ᠰᠠᠶᠢᠵᠢᠷᠠᠵᠤ᠂ ᠲᠠᠷᠢᠶᠠᠯᠠᠩ ᠤᠨ ᠮᠠᠰᠢᠨ ᠰᠣᠯᠢᠬᠤ ᠳᠣᠲᠣᠮ ᠰᠢᠨᠡᠳᠴᠦ᠂ | ᠡᠷᠬᠢᠨ ᠲᠣᠭᠤᠷᠢᠨ ᠤ ᠲᠣᠰᠬᠤᠨ ᠤ ᠠᠷᠠᠳ ᠴᠦ ᠪᠠᠶᠢᠨ ᠪᠠᠶᠢᠨ ᠲᠡᠭᠦᠨ ᠠᠴᠠ ᠲᠤᠷᠰᠢᠯᠭ᠎ᠠ ᠵᠢᠭᠠᠯᠭᠠᠵᠤ ᠪᠠᠶᠢᠯ᠎ᠠ᠃ | ᠸᠠᠩ ᠰᠢᠤ ᠯᠠᠨ ᠪᠣᠳᠣᠭᠰᠠᠨ ᠨᠢ᠂ ᠵᠥᠪᠬᠡᠨ ᠪᠢᠳᠡᠨ ᠥᠪᠡᠷᠲᠡᠭᠡᠨ ᠵᠣᠭᠤᠰ ᠣᠯᠣᠭᠠᠳ ᠬᠦᠷᠦᠯᠴᠡᠬᠦ ᠦᠭᠡᠢ᠂ | ᠬᠠᠷᠢᠨ ᠨᠤᠲᠤᠭ ᠤᠨ ᠠᠬ᠎ᠠ ᠳᠡᠭᠦᠦ ᠨᠡᠷ ᠲᠠᠢ ᠪᠠᠨ ᠬᠠᠮᠲᠤ ᠪᠠᠷ ᠵᠣᠭᠤᠰ ᠣᠯᠵᠤ ᠲᠡᠳᠡᠨᠦᠰ ᠢ ᠰᠠᠶᠢᠨ ᠰᠠᠶᠢᠬᠠᠨ | ᠠᠮᠢᠳᠤᠷᠠᠭᠤᠯᠬᠤ ᠬᠡᠷᠡᠭᠲᠡᠢ ᠭᠡᠰᠡᠨ ᠪᠠᠶᠢᠨ᠎ᠠ᠃ | ᠡᠨᠡ ᠬᠡᠳᠦᠨ ᠵᠢᠯ ᠳᠤ᠂ ᠰᠢᠶᠤᠤ ᠸᠧᠨ ᠭᠦᠩ ᠲᠣᠰᠬᠤᠨ ᠤ ᠨᠠᠮ ᠤᠨ ᠡᠭᠦᠷ ᠬᠥᠳᠡᠭᠡ ᠲᠣᠰᠬᠤᠨ ᠢ | ᠬᠥᠭᠵᠢᠭᠦᠯᠦᠨ ᠮᠠᠨᠳᠤᠭᠤᠯᠬᠤ ᠤᠷᠢᠶᠠᠯᠠᠭ᠎ᠠ ᠶᠢ ᠢᠳᠡᠪᠬᠢᠲᠡᠢ ᠴᠤᠤᠷᠢᠶᠠᠲᠤᠨ ᠳᠠᠭᠠᠵᠤ᠂ ᠪᠠᠭ᠎ᠠ ᠸᠧᠨ ᠭᠦᠩ | ᠤᠷᠢᠳᠠᠪᠠᠷ ᠲᠠᠷᠢᠶᠠᠯᠠᠩ ᠤᠨ ᠮᠠᠰᠢᠨ ᠤ ᠲᠤᠰᠬᠠᠢ ᠬᠤᠷᠰᠢᠶ᠎ᠠ ᠶᠢ ᠳᠠᠭᠠᠭᠤᠯᠤᠨ ᠪᠠᠶᠢᠭᠤᠯᠪᠠ᠃ ᠪᠠᠭ᠎ᠠ ᠸᠧᠨ ᠭᠦᠩ | ᠲᠣᠰᠬᠤᠨ ᠤ ᠬᠠᠮᠲᠤ ᠶᠢᠨ ᠠᠵᠤ ᠠᠬᠤᠢ ᠶᠢᠨ ᠵᠣᠬᠢᠶᠠᠨ ᠪᠠᠶᠢᠭᠤᠯᠤᠯᠲᠠ ᠶᠢᠨ ᠪᠠᠶᠢᠭᠤᠯᠤᠭᠰᠠᠨ ᠬᠤᠪᠢᠴᠠᠭᠠᠲᠤ | ᠳᠦᠷᠢᠮ ᠤᠨ ᠬᠤᠷᠰᠢᠶ᠎ᠠ ᠪᠣᠯᠤᠭᠰᠠᠨ ᠤ ᠬᠤᠪᠢ ᠳᠤ᠂ ᠭᠤᠣᠯᠳᠠᠭᠤ ᠲᠣᠰᠬᠤᠨ ᠤ ᠠᠷᠠᠳ ᠤᠨ ᠲᠤᠮᠤ ᠬᠡᠯᠪᠡᠷᠢ ᠶᠢᠨ | ᠲᠠᠷᠢᠶᠠᠯᠠᠩ ᠤᠨ ᠮᠠᠰᠢᠨ ᠪᠠᠭᠠᠵᠢ ᠶᠢ ᠬᠤᠪᠢ ᠣᠷᠣᠭᠤᠯᠬᠤ ᠶᠢ ᠣᠷᠣᠭᠤᠯᠣᠨ ᠠᠪᠴᠤ᠂ ᠳᠠᠷᠠᠭᠠᠴᠢ ᠪᠠᠷ | ᠬᠤᠷᠰᠢᠶ᠎ᠠ ᠠᠴᠠ ᠲᠠᠷᠢᠶᠠᠯᠠᠩ ᠤᠨ ᠮᠠᠰᠢᠨ ᠪᠠᠭᠠᠵᠢ ᠶᠢ ᠨᠢᠭᠡᠳᠦᠯᠲᠡᠢ ᠲᠤᠬᠢᠷᠠᠭᠤᠯᠵᠤ᠂ ᠪᠣᠳᠠᠲᠠᠢ ᠠᠵᠢᠯᠯᠠᠭᠰᠠᠨ | ᠬᠡᠮᠵᠢᠶ᠎ᠡ ᠪᠠᠷ ᠣᠯᠭᠤᠮᠵᠢ ᠠᠪᠤᠨ᠎ᠠ᠃ ᠣᠬᠤᠷᠬᠠᠨ ᠨᠢᠭᠡ ᠵᠢᠯ ᠤᠨ ᠬᠤᠭᠤᠴᠠᠭᠠᠨ ᠳᠤ᠂ ᠪᠠᠭ᠎ᠠ ᠸᠧᠨ ᠭᠦᠩ | ᠲᠣᠰᠬᠤᠨ ᠤ ᠨᠠᠮ ᠤᠨ ᠡᠭᠦᠷ 35 ᠲᠠᠷᠢᠶᠠᠴᠢᠨ ᠡᠷᠦᠬᠡ ᠶᠢ ᠳᠠᠭᠠᠭᠤᠯᠤᠨ 50 ᠲᠠᠷᠢᠶᠠᠯᠠᠩ ᠤᠨ ᠮᠠᠰᠢᠨ ᠢᠶᠠᠷ | ᠲᠠᠷᠢᠶᠠᠯᠠᠩ ᠤᠨ ᠮᠠᠰᠢᠨ ᠤ ᠲᠤᠰᠬᠠᠶ ᠬᠤᠷᠰᠢᠶ᠎ᠠ ᠳᠤ ᠬᠤᠪᠢ ᠣᠷᠣᠭᠤᠯᠵᠤ᠂ ᠨᠡᠶᠢᠲᠡ 7 ᠲᠦᠮᠡᠨ ᠮᠥ | ᠨᠡᠶᠢᠭᠡᠮᠴᠢᠯᠡᠭᠰᠡᠨ ᠦᠢᠯᠡᠴᠢᠯᠡᠭᠡ ᠶᠢ ᠪᠡᠶᠡᠯᠡᠭᠦᠯᠵᠦ᠂ 35 ᠭᠠᠷᠤᠶ ᠡᠷᠦᠬᠡ ᠲᠣᠰᠬᠤᠨ ᠤ ᠠᠷᠠᠳ ᠲᠤ 100 ᠲᠦᠮᠡ | ᠭᠠᠷᠤᠶ ᠲᠥᠭᠦᠷᠢᠭ ᠤᠨ ᠠᠰᠢᠭ ᠬᠤᠪᠢᠶᠠᠭᠰᠠᠨ ᠵᠣᠭᠤᠰ ᠲᠠᠷᠬᠠᠭᠠᠪᠠ᠃ | ︽ᠮᠠᠨ ᠤ ᠲᠠᠷᠢᠶᠠᠯᠠᠩ ᠤᠨ ᠮᠠᠰᠢᠨ ᠤ ᠲᠤᠰᠬᠠᠶ ᠬᠤᠷᠰᠢᠶ᠎ᠠ ᠨᠢ ᠨᠢᠭᠡ ᠯᠡ ᠳᠡᠭᠡᠷ᠎ᠡ ᠭᠤᠷᠪᠠ ᠶᠢ ᠪᠦᠲᠦᠭᠡᠵᠦ | ᠪᠠᠶᠢᠨ᠎ᠠ ᠭᠡᠵᠦ ᠬᠡᠯᠡᠵᠦ ᠪᠣᠯᠤᠨ᠎ᠠ᠂ ᠨᠢᠭᠡ ᠲᠠᠯ᠎ᠠ ᠪᠠᠷ ᠲᠠᠷᠢᠶᠠᠴᠢᠨ ᠡᠷᠦᠬᠡ ᠶᠢᠨ ᠰᠤᠯᠠ ᠰᠡᠯᠡᠭᠦᠦ ᠲᠠᠷᠢᠶᠠᠯᠠᠩ ᠤᠨ | ᠮᠠᠰᠢᠨ ᠢ ᠣᠷᠣᠭᠤᠯᠣᠨ ᠠᠪᠴᠤ ᠲᠠᠷᠢᠶᠠᠯᠠᠩ ᠤᠨ ᠮᠠᠰᠢᠨ ᠢ ᠠᠵᠢᠯᠯᠠᠭᠤᠯᠪᠠ᠂ ᠳᠠᠷᠠᠭ᠎ᠠ ᠨᠢ ᠲᠠᠷᠢᠶᠠᠯᠠᠩ ᠤᠨ | ᠮᠠᠰᠢᠨ ᠢ ᠲᠡᠵᠢᠭᠡᠳᠡᠭ ᠬᠥᠮᠦᠨ ᠤ ᠠᠵᠢᠯ ᠣᠯᠭᠤᠯᠲᠠ ᠶᠢᠨ ᠠᠰᠠᠭᠤᠳᠠᠯ ᠢ ᠰᠢᠢᠳᠪᠦᠷᠢᠯᠡᠵᠡᠢ᠂ ᠬᠠᠮᠤᠭ ᠤᠨ | ᠡᠴᠦᠰ ᠲᠤ ᠲᠠᠷᠢᠶᠠᠴᠢᠳ ᠪᠠᠰᠠ ᠬᠤᠷᠰᠢᠶ᠎ᠠ ᠶᠢᠨ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠶᠢ ᠬᠦᠷᠲᠡᠵᠦ᠂ | ᠲᠠᠷᠢᠶᠠᠯᠠᠩ ᠤᠨ ᠮᠠᠰᠢᠨ ᠢ ᠬᠡᠷᠡᠭᠯᠡᠬᠦ ᠳᠤ ᠨᠠᠩ ᠳᠥᠭᠦᠮ ᠳᠥᠲᠡ ᠪᠥᠭᠡᠳ ᠬᠢᠮᠳᠠᠬᠠᠨ ᠪᠤᠯᠪᠠ︾ ᠭᠡᠵᠦ ᠸᠠᠩ ᠰᠢᠦ | ᠯᠠᠨ ᠬᠡᠯᠡᠪᠡ᠃ | ︽ᠸᠠᠩ ᠱᠦᠵᠢ ᠲᠣᠰᠬᠤᠨ ᠤ ᠶᠠᠪᠤᠳᠠᠯ ᠢ ᠬᠠᠮᠤᠭ ᠤᠨ ᠰᠠᠶᠢᠨ ᠣᠶᠢᠯᠠᠭᠠᠨ᠎ᠠ᠂ ᠮᠠᠨ ᠳᠤ ᠶᠡᠭᠡ | ᠰᠤᠷᠭᠠᠭᠤᠯᠢ ᠶᠢᠨ ᠣᠶᠣᠲᠠᠨ ᠦᠭᠭᠦᠭᠰᠡᠨ ᠴᠦ ᠰᠣᠯᠢᠬᠤ ᠦᠭᠡᠢ︕︾ ︽ᠤᠴᠢᠷ ᠶᠠᠪᠤᠳᠠᠯ ᠰᠢᠢᠳᠪᠦᠷᠢᠯᠡᠬᠦ ᠳᠤ | ᠱᠠᠯᠠᠮᠠᠭᠠᠢ᠂ ᠵᠠᠩ ᠴᠢᠨᠠᠷ ᠨᠢ ᠠᠰᠪᠤᠷ᠃︾ ︽ᠬᠠᠮᠤᠭ ᠠᠴᠠ ᠨᠠᠷᠢᠨ ᠨᠢᠭᠲᠠ᠂ ᠪᠢᠳᠡᠨ ᠢ ᠬᠠᠮᠤᠭ ᠠᠴᠠ | ᠬᠠᠷᠠᠭᠠᠯᠵᠠᠨ᠎ᠠ᠃︾ ︽ᠲᠣᠰᠬᠤᠨ ᠤ ᠶᠠᠪᠤᠳᠠᠯ ᠢ ᠸᠠᠩ ᠱᠦᠵᠢ ᠬᠠᠮᠤᠭ ᠤᠨ ᠰᠠᠶᠢᠨ ᠣᠶᠢᠯᠠᠭᠠᠨ᠎ᠠ ᠂ ᠮᠠᠨ ᠳᠤ | ᠶᠡᠭᠡ ᠰᠤᠷᠭᠠᠭᠤᠯᠢ ᠶᠢᠨ ᠣᠶᠣᠲᠠᠨ ᠦᠭᠭᠦᠭᠰᠡᠨ ᠴᠦ ᠰᠣᠯᠢᠬᠤ ᠦᠭᠡᠢ᠃︾ ᠡᠨᠡ ᠪᠣᠯ ᠲᠤᠰᠬᠤᠨ ᠤ ᠠᠷᠠᠳ ᠸᠠᠩ | ᠰᠢᠦ ᠯᠠᠨ ᠳᠤ ᠥᠭᠭᠦᠭᠰᠡᠨ ᠦᠨᠡᠯᠡᠯᠲᠡ ᠪᠠᠶᠢᠨ᠎ᠠ᠃ | ᠡᠶᠢᠮᠦ ︽ᠰᠠᠶᠢᠨ ᠮᠠᠭᠲᠠᠭᠠᠯ︾ ᠲᠠᠢ ᠪᠠᠶᠢᠬᠤ ᠳᠤ᠂ ᠸᠠᠩ ᠰᠢᠤ ᠯᠠᠨ ᠬᠠᠷᠢᠨ ᠳᠠᠷᠤᠤ ᠬᠢᠴᠢᠶᠡᠩᠭᠦᠢ ᠪᠠᠷ | ᠲᠣᠰᠬᠤᠨ ᠤ ᠠᠵᠢᠯ ᠪᠣᠯ ᠲᠡᠰᠪᠦᠷᠢ ᠳᠤ ᠲᠦᠰᠢᠭᠯᠡᠳᠡᠭ ᠭᠡᠵᠦ ᠢᠯᠡᠳᠭᠡᠪᠡ᠃ ︽ ᠬᠤᠷᠰᠢᠶ᠎ᠠ ᠰᠠᠶ᠋ᠢᠬᠠᠨ | ᠪᠠᠶᠢᠭᠤᠯᠤᠭᠳᠠᠭᠰᠠᠨ ᠦᠶ᠎ᠡ ᠲᠠᠢ ᠠᠳᠠᠯᠢ ᠪᠠᠷ᠂ ᠮᠠᠰᠢ ᠣᠯᠠᠨ ᠲᠣᠰᠬᠤᠨ ᠤ ᠠᠷᠠᠳ ᠣᠶᠢᠯᠠᠭᠠᠬᠤ ᠦᠭᠡᠢ ᠮᠦᠷᠳᠡᠬᠡᠨ | ᠪᠠᠰᠠ ᠣᠯᠠᠨ ᠡᠷᠡᠭᠡᠯᠵᠡᠯ ᠲᠠᠢ ᠪᠠᠶᠢᠭ᠎ᠠ ᠪᠣᠯᠬᠤᠷ ᠪᠢᠳᠡᠨ ᠡᠷᠦᠬᠡ ᠳᠠᠷᠠᠭᠠᠯᠠᠨ ᠠᠵᠢᠯ ᠬᠢᠵᠦ᠂ ᠲᠡᠳᠡᠨ ᠳᠤ | ᠲᠥᠷᠥ ᠶᠢᠨ ᠪᠣᠳᠣᠯᠭ᠎ᠠ ᠶᠢ ᠰᠠᠯᠭᠠᠨ ᠲᠠᠶᠢᠯᠪᠤᠷᠢᠯᠠᠨ ᠥᠭᠴᠦ᠂ ᠠᠭᠠᠵᠢᠮ ᠢᠶᠠᠷ ᠣᠯᠠᠨ ᠤ ᠰᠡᠳᠬᠢᠬᠦᠶ ᠴᠤ | ᠬᠤᠪᠢᠷᠠᠪᠠ︾ ᠭᠡᠪᠡ᠃ ᠸᠠᠩ ᠰᠢᠤ ᠯᠠᠨ ᠬᠡᠯᠡᠬᠦ ᠳᠡᠭᠡᠨ᠄ ︽ᠠᠵᠢᠯ ᠬᠢᠬᠦ ᠳᠤ ᠯᠠᠪᠲᠠᠶ ᠬᠦᠴᠢᠷ ᠪᠡᠷᠬᠡᠰᠢᠶᠡᠯ ᠳᠤ | ᠲᠤᠯᠭᠠᠷᠠᠨ᠎ᠠ᠂ ᠭᠡᠪᠡᠴᠦ ᠪᠢ ᠡᠨᠡ ᠡᠭᠦᠷᠭᠡ ᠶᠢ ᠳᠤᠰᠪᠠᠯ ᠵᠠᠪᠠᠯ ᠬᠠᠷᠢᠭᠤᠴᠠᠯᠭ᠎ᠠ ᠶᠢ ᠡᠭᠦᠷᠭᠡᠯᠡᠬᠦ ᠬᠡᠷᠡᠭᠲᠡᠶ︾ ᠭᠡᠵᠡᠶ᠃ | ᠡᠨᠡ ᠵᠢᠯ ᠶᠠᠮᠠᠷ ᠵᠢᠵᠢᠭ ᠬᠠᠷᠠᠯᠲᠠ ᠲᠠᠢ ᠪᠠᠶᠢᠬᠤ ᠲᠤᠬᠠᠢ ᠸᠠᠩ ᠰᠢᠤ ᠯᠠᠨ ᠢᠲᠡᠭᠡᠯ ᠲᠠᠢ ᠪᠠᠷ ᠄ ︽ᠪᠢᠳᠡᠨ | ᠡᠨᠡ ᠵᠢᠯ ᠵᠢᠵᠢᠭ ᠸᠢᠳᠢᠣ᠋ ᠰᠡᠭᠦᠳᠡᠷᠯᠡᠵᠦ ᠲᠣᠰᠬᠤᠨ ᠤ ᠲᠠᠷᠢᠶᠠᠯᠠᠩ ᠤᠨ ᠪᠦᠲᠦᠭᠡᠭᠳᠡᠬᠦᠨ ᠢ ᠤᠬᠠᠭᠤᠯᠵᠤ᠂ ᠨᠡᠩ | ᠤᠯᠠᠨ ᠬᠥᠮᠦᠨ ᠳᠤ ᠮᠠᠨ ᠤ ᠰᠠᠶᠢᠨ ᠰᠠᠶᠢᠬᠠᠨ ᠵᠦᠢᠯ ᠢ ᠮᠡᠳᠡᠭᠦᠯᠦᠶ᠎ᠡ᠃ ᠪᠢ ᠪᠠᠰᠠ ︿ᠪᠠᠭ᠎ᠠ ᠸᠧᠨ ᠭᠦᠩ | ᠲᠣᠰᠬᠤᠨ ᠤ ᠲᠠᠷᠢᠶᠠᠯᠠᠩ ᠤᠨ ᠲᠦᠰᠢᠮᠡᠯ﹀ ᠪᠣᠯᠬᠤ ᠪᠠᠷ ᠴᠢᠷᠮᠠᠶᠢᠵᠤ᠂ ᠨᠤᠲᠤᠭ ᠤᠨ ᠠᠬ᠎ᠠ ᠳᠡᠭᠦᠦ ᠨᠠᠷ ᠢᠶᠠᠨ | ᠳᠠᠭᠠᠭᠤᠯᠤᠨ ᠨᠡᠩ ᠰᠠᠶᠢᠬᠠᠨ ᠨᠡᠩ ᠬᠥᠭᠵᠢᠶᠡᠨ ᠲᠠᠢ ᠠᠮᠢᠳᠣᠷᠠᠬᠤ ᠪᠠᠷ ᠴᠢᠷᠮᠠᠢᠨ᠎ᠠ︕︾ ᠭᠡᠪᠡ᠃ | ᠰᠤᠷᠪᠤᠯᠵᠢᠯᠠᠭᠴᠢ ᠶᠢᠨ ᠭᠠᠷ ᠤᠨ ᠦᠰᠦᠭ | ᠠᠯᠠᠭᠠᠨ ᠤ ᠵᠢᠷᠤᠭᠠᠰᠤ ᠳᠤ ᠪᠤᠭᠤᠳᠠᠢ ᠶᠢᠨ ᠥᠨᠥᠷ ᠠᠩᠬᠢᠯᠤᠭᠤᠨ᠂ ᠮᠦᠷᠦᠨ ᠳᠡᠭᠡᠷ᠎ᠡ ᠣᠳᠣᠨ ᠭᠢᠯᠠᠯᠵᠠᠵᠤ | ᠪᠠᠢᠨ᠎ᠠ᠃ ᠪᠠᠭ᠎ᠠ ᠸᠧᠨ ᠭᠦᠩ ᠲᠣᠰᠬᠤᠨ ᠠᠴᠠ ᠰᠠᠯᠬᠤ ᠦᠶ᠎ᠡ ᠳᠤ᠂ ᠦᠳᠡᠰᠢ ᠶᠢᠨ ᠨᠠᠷᠠ ᠬᠡᠰᠡᠭ ᠵᠠᠯᠭᠠᠯᠳᠤᠭᠰᠠᠨ | ᠲᠠᠷᠢᠶᠠᠨ ᠭᠠᠵᠠᠷ ᠲᠤ ᠳᠤᠰᠴᠤ ᠪᠠᠶᠢᠨ᠎ᠠ᠃ ᠥᠩᠭᠡᠷᠡᠭᠰᠡᠨ ᠳᠤ᠂ ᠡᠨᠡ ᠪᠣᠯ ︽ᠬᠥᠳᠡᠯᠮᠦᠷᠢ ᠪᠠ ᠣᠷᠣᠯᠭ᠎ᠠ ᠨᠢ | ᠰᠢᠭᠤᠳ ᠬᠠᠷᠢᠴᠠᠯᠳᠤ ᠪᠢᠰᠢ︾ ᠭᠡᠬᠦ ᠨᠢᠭᠡ ᠬᠡᠰᠡᠭ ᠭᠠᠵᠠᠷ ᠪᠣᠯᠤᠨ᠎ᠠ᠃ ᠣᠳᠣᠬᠠᠨ ᠳᠤ᠂ ᠲᠠᠷᠢᠶᠠᠯᠠᠩ ᠤᠨ ᠮᠠᠰᠢᠨ | ᠂ ᠲᠡᠷᠭᠡ ᠮᠦᠷ ᠪᠦᠷᠢ ᠴᠦᠮ ᠬᠥᠳᠡᠭᠡ ᠲᠣᠰᠬᠤᠨ ᠤ ᠬᠦᠭᠵᠢᠯᠲᠡ ᠶᠢᠨ ᠦᠩ ᠰᠢᠮᠡᠯᠢᠭ ᠬᠡᠭᠡᠷ᠎ᠡ ᠲᠠᠯ᠎ᠠ ᠳᠤ ᠣᠷᠣ | ᠮᠥᠷ ᠢᠶᠠᠨ ᠦᠯᠡᠳᠡᠭᠡᠵᠡᠶ᠃ ᠶᠠᠭ ᠡᠳᠡᠭᠡᠷ ᠳᠤᠷᠠᠲᠠᠶ᠎ᠠ ᠥᠪᠡᠷ ᠤᠨ ᠱᠠᠬᠠᠢ ᠶᠢᠨ ᠤᠯᠠ ᠪᠠᠨ ᠱᠦᠷᠭᠦᠭᠡᠵᠦ᠂ | ᠲᠠᠩᠰᠠᠨ ᠤ ᠳᠡᠪᠲᠡᠷ ᠢ ᠡᠩᠬᠡᠷ ᠲᠤ ᠪᠠᠨ ᠬᠠᠯᠠᠭᠤᠯᠠᠵᠤ᠂ ᠬᠥᠮᠦᠰ ᠤᠨ ᠰᠡᠳᠬᠢᠯ ᠢ ᠳᠤᠯᠠᠭᠠᠴᠠᠭᠤᠯᠤᠭᠰᠠᠨ ︽ᠸᠠᠩ | ᠰᠢᠤ ᠯᠠᠨ︾ ᠨᠠᠷ ᠪᠠᠶᠢᠭᠰᠠᠨ ᠠᠴᠠ᠂ ᠰᠠᠶ᠋ᠢ ︽ᠲᠡᠮᠡᠴᠡᠯ︾᠂ ︽ᠰᠢᠷᠭᠠᠭᠤ ᠠᠵᠢᠯᠯᠠᠬᠤ︾ ᠨᠢ ᠨᠡᠩ ᠢᠳᠡᠳᠡᠢ | ᠪᠣᠯᠤᠭᠰᠠᠨ ᠶᠤᠮ᠃ |