︽ᠮᠠᠢ ᠮᠠᠢ︾ ᠬᠤᠨᠢ ᠶᠢ ᠨᠢ ᠣᠯᠵᠤ ᠦᠵᠡᠭᠡ ᠦᠭᠡᠢ ᠪᠠᠷ᠂ ᠤᠷᠢᠳ ᠢᠶᠠᠷ ᠮᠠᠶᠢᠯᠠᠬᠤ ᠳᠠᠭᠤᠨ ᠢ ᠣᠯᠵᠤ | ᠰᠤᠨᠤᠰᠪᠠ᠃ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠴᠠᠭᠠᠨᠬᠠᠳᠠ ᠰᠤᠮᠤ ᠶᠢᠨ ᠪᠠᠶᠠᠨᠰᠠᠶᠢᠬᠠᠨ | ᠭᠠᠴᠠᠭ᠎ᠠ ᠶᠢᠨ ᠱᠢ ᠶᠦᠩ ᠱᠧᠩ ᠤᠨ ᠮᠠᠯᠵᠢᠯ ᠤᠨ ᠲᠠᠯᠠᠪᠠᠢ ᠳᠤ ᠬᠦᠷᠦᠮᠡᠭᠴᠡ ᠠᠯᠤᠰ ᠠᠴᠠ ᠬᠤᠨᠢᠨ ᠤ ᠮᠠᠶᠢᠯᠠᠬᠤ | ᠲᠠᠭᠤᠨ ᠰᠣᠨᠣᠰᠳᠠᠪᠠ᠃ ᠠᠵᠢᠯᠲᠠᠳ ᠶᠠᠭ ᠪᠤᠷᠳᠤᠭ᠎ᠠ ᠠᠰᠬᠠᠵᠤ ᠪᠠᠶᠢᠯ᠎ᠠ᠂ ᠤᠳᠠᠯ ᠦᠭᠡᠢ ᠨᠢᠭᠡ ᠰᠦᠷᠦᠭ ᠬᠤᠨᠢ | ᠬᠠᠷᠠᠭᠠᠨ ᠳᠤ ᠲᠤᠳᠤᠷᠠᠵᠤ᠂ ᠠᠵᠢᠭᠯᠠᠭᠰᠠᠨ ᠳᠤ ᠡᠩ ᠤᠨ ᠬᠤᠨᠢ ᠲᠠᠢ ᠠᠳᠠᠯᠢ ᠦᠭᠡᠢ ᠪᠠᠶᠢᠵᠤ᠂ ᠰᠡᠬᠦᠯ ᠨᠢ | ᠲᠤᠩ ᠵᠢᠵᠢᠭ ᠪᠠᠶᠢᠬᠤ ᠶᠢ ᠣᠯᠵᠤ ᠬᠠᠷᠠᠯ᠎ᠠ᠃ | ᠡᠨᠡ ᠨᠢᠭᠡ ᠪᠦᠯᠦᠭ ᠬᠤᠨᠢ ᠪᠣᠯ ᠭᠤᠪᠢ ᠶᠢᠨ ᠣᠬᠤᠷ ᠰᠡᠭᠦᠯᠲᠦ ᠬᠤᠴᠠ ᠶᠢ ᠣᠷᠤᠭᠤᠯᠤᠭᠰᠠᠨ ᠤ ᠳᠠᠷᠠᠭ᠎ᠠ | ᠰᠠᠶᠢᠵᠢᠷᠠᠭᠤᠯᠤᠭᠰᠠᠨ ᠡᠭᠦᠯᠳᠡᠷ ᠪᠣᠯᠣᠨ᠎ᠠ᠃ ᠡᠨᠡ ᠬᠦ ᠡᠭᠦᠯᠳᠡᠷ ᠨᠢ ᠨᠤᠲᠤᠭ ᠪᠡᠯᠴᠢᠭᠡᠷ ᠤᠨ ᠪᠠᠶᠢᠭᠠᠯᠢ ᠶᠢᠨ ᠣᠷᠴᠢᠨ | ᠲᠣᠭᠤᠷᠢᠨ ᠪᠠ ᠠᠭᠤᠷ ᠠᠮᠢᠰᠬᠤᠯ ᠤᠨ ᠣᠨᠴᠠᠯᠢᠭ ᠲᠤ ᠲᠣᠬᠢᠷᠠᠵᠤ᠂ ᠬᠦᠢᠲᠡᠨ ᠳᠤ ᠳᠠᠭᠠᠭᠠᠴᠠᠲᠠᠢ᠂ ᠭᠠᠩ ᠳᠤ | ᠲᠡᠰᠪᠦᠷᠢᠳᠠᠢ᠂ ᠮᠢᠬᠠᠨ ᠤ ᠭᠠᠷᠤᠯᠲᠠ ᠥᠨᠳᠥᠷ ᠮᠥᠷᠲᠡᠭᠡᠨ ᠢᠬᠢᠷ᠎ᠡ ᠬᠦᠪᠦᠷᠡᠯ ᠤᠨ ᠭᠧᠨ ᠪᠠᠶᠢᠳᠠᠭ᠃ ᠭᠤᠪᠢ ᠶᠢᠨ | ᠣᠬᠤᠷ ᠰᠡᠭᠦᠯᠲᠦ ᠬᠤᠨᠢᠨ ᠤ ᠰᠡᠭᠦᠯ ᠤᠨ ᠦᠭᠡᠬᠦ ᠨᠢ ᠪᠠᠭ᠎ᠠ᠂ ᠲᠡᠵᠢᠭᠡᠯ ᠡᠪᠡᠰᠦᠨ ᠤ ᠵᠠᠷᠤᠴᠠᠭᠤᠯᠭ᠎ᠠ ᠴᠦ ᠪᠠᠭ᠎ᠠ | ᠂ ᠨᠢᠭᠡ ᠭᠤᠪᠢ ᠶᠢᠨ ᠤᠬᠤᠷ ᠰᠡᠭᠦᠯᠲᠦ ᠬᠤᠨᠢ ᠶᠢ ᠲᠡᠵᠢᠭᠡᠬᠦ ᠳᠤ ᠶᠡᠷᠦᠳᠡ ᠶᠢᠨ ᠨᠢᠭᠡ ᠬᠠᠭᠠᠰ ᠬᠤᠨᠢ ᠶᠢ | ᠲᠡᠵᠢᠭᠡᠬᠦ ᠲᠠᠢ ᠲᠡᠩᠴᠡᠨ᠎ᠡ︾ ᠭᠡᠵᠦ ᠱᠢ ᠶᠦᠩ ᠱᠧᠩ ᠬᠡᠯᠡᠪᠡ᠃ ᠭᠤᠪᠢ ᠶᠢᠨ ᠣᠬᠤᠷ ᠰᠡᠭᠦᠯᠲᠦ ᠬᠤᠨᠢ ᠨᠢ | ᠵᠣᠬᠢᠴᠠᠬᠤ ᠴᠢᠨᠠᠷ ᠢᠶᠠᠷ ᠴᠢᠩᠭ᠎ᠠ᠂ ᠠᠵᠤ ᠠᠬᠤᠢ ᠶᠢᠨ ᠦᠷ᠎ᠡ ᠠᠰᠢᠭ ᠢᠶᠠᠷ ᠲᠤᠪᠤᠶᠢᠮ᠎ᠠ ᠪᠠᠶᠢᠵᠤ᠂ ︽ᠡᠨᠧᠷᠭᠢ ᠶᠢᠨ | ᠬᠤᠷᠣᠭᠳᠠᠯ ᠢ ᠪᠠᠭᠠᠰᠬᠠᠬᠤ᠂ ᠦᠢᠯᠡᠳᠪᠦᠷᠢᠯᠡᠯ ᠤᠨ ᠴᠢᠳᠠᠪᠤᠷᠢ ᠶᠢ ᠪᠠᠭᠠᠰᠬᠠᠬᠤ᠂ ᠦᠷ᠎ᠡ ᠠᠰᠢᠭ ᠢ ᠨᠡᠮᠡᠭᠳᠡᠭᠦᠯᠬᠦ︾ | ᠵᠣᠷᠢᠯᠭ᠎ᠠ ᠳᠠᠭᠠᠨ ᠦᠨᠡᠨ ᠬᠦ ᠬᠦᠷᠦᠭᠰᠡᠨ ᠪᠠᠶᠢᠨ᠎ᠠ᠃ | | | ᠱᠢ ᠶᠦᠩ ᠱᠧᠩ ᠪᠣᠯ ᠲᠤᠬᠠᠶ ᠶᠢᠨ ᠭᠠᠵᠠᠷ ᠤᠨ ᠮᠠᠯ ᠠᠵᠤ ᠠᠬᠤᠶ ᠶᠢᠨ ᠲᠣᠮᠣ ᠡᠷᠦᠬᠡ ᠪᠣᠯᠤᠨ᠎ᠠ᠂ | ᠣᠳᠣᠬᠠᠨ ᠳᠤ 400 ᠭᠠᠷᠤᠶ ᠡᠮ᠎ᠡ ᠬᠤᠨᠢ ᠲᠡᠵᠢᠭᠡᠵᠦ ᠪᠠᠶᠢᠨ᠎ᠠ᠃ ᠰᠠᠶᠢᠵᠢᠷᠠᠭᠤᠯᠤᠭᠰᠠᠨ ᠡᠭᠦᠯᠳᠡᠷ ᠤᠨ ᠬᠤᠨᠢ ᠶᠢ | ᠦᠵᠡᠭᠡᠳ ᠱᠢ ᠶᠦᠩ ᠱᠧᠩ᠄ ︽ᠤᠳᠤ ᠲᠦᠷᠦ ᠶᠢᠨ ᠪᠤᠳᠤᠯᠭ᠎ᠠ ᠰᠠᠶᠢᠨ᠂ ᠴᠢᠨᠠᠷ ᠰᠠᠶᠢᠲᠠᠢ ᠬᠤᠴᠠ ᠬᠤᠳᠠᠯᠳᠤᠨ | ᠠᠪᠬᠤ ᠳᠤ ᠴᠥᠮ ᠲᠦᠷᠦ ᠶᠢᠨ ᠪᠤᠳᠤᠯᠭ᠎ᠠ ᠶᠢᠨ ᠳᠡᠮᠵᠢᠯᠭᠡ ᠲᠠᠢ᠃ ᠪᠢ ᠥᠪᠡᠷ ᠤᠨ ᠢᠶᠠᠨ ᠬᠤᠨᠢᠨ ᠤ ᠡᠭᠦᠯᠳᠡᠷ ᠢ | ᠰᠠᠶᠢᠵᠢᠷᠠᠭᠤᠯᠤᠭᠰᠠᠨ ᠤ ᠲᠠᠷᠠᠭ᠎ᠠ᠂ ᠪᠠᠰᠠ ᠡᠷᠭᠢᠨ ᠲᠣᠭᠤᠷᠢᠨ ᠤ ᠮᠠᠯᠴᠢᠳ ᠲᠤ ᠴᠢᠨᠠᠷ ᠰᠠᠶᠢᠲᠠᠶ ᠬᠤᠴᠠ | ᠬᠠᠩᠭᠠᠨ ᠦᠭᠴᠦ ᠪᠤᠯᠤᠨ᠎ᠠ︾ ᠭᠡᠪᠡ᠃ | ᠴᠠᠭᠠᠨᠬᠠᠳᠠ ᠰᠤᠮᠤ ᠶᠢᠨ ᠨᠠᠮ ᠤᠨ ᠬᠤᠷᠢᠶᠠᠨ ᠤ ᠳᠡᠳ᠋ ᠱᠦᠵᠢ ᠴᠢᠳᠡᠩᠰᠤᠳᠨᠠᠮ ᠶᠢᠨ | ᠲᠠᠨᠢᠯᠴᠠᠭᠤᠯᠤᠭᠰᠠᠨ ᠢᠶᠠᠷ᠂ ︽ᠣᠲᠣ ᠪᠣᠯᠲᠠᠯ᠎ᠠ᠂ ᠨᠡᠶᠢᠲᠡ 4 ᠭᠠᠴᠠᠭ᠎ᠠ ᠶᠢᠨ 62 ᠲᠡᠵᠢᠭᠡᠨ ᠦᠷᠡᠵᠢᠭᠦᠯᠬᠦ ᠡᠷᠦᠬᠡ | 119 ᠴᠢᠨᠠᠷ ᠰᠠᠶᠢᠲᠠᠶ ᠬᠤᠴᠠ ᠬᠤᠳᠠᠯᠳᠤᠨ ᠠᠪᠴᠤ᠂ ᠨᠥᠬᠦᠪᠦᠷᠢ ᠶᠢᠨ ᠡᠭᠦᠯᠳᠡᠷ ᠨᠢ ᠭᠤᠪᠢ ᠶᠢᠨ ᠣᠬᠤᠷ | ᠰᠡᠭᠦᠯᠲᠦ ᠬᠤᠨᠢ᠂ ᠰᠠᠹᠤᠺ᠂ ᠳ᠋ᠦ᠋ ᠪᠥᠸᠧ ᠵᠡᠷᠭᠡ ᠪᠠᠶᠢᠵᠤ᠂ ᠮᠠᠯᠴᠢᠳ ᠤᠨ ᠥᠪᠡᠷ ᠤᠨ ᠥᠷᠲᠡᠭ ᠢᠶᠠᠷ ᠳᠣᠤᠷ᠎ᠠ | ᠴᠢᠨᠠᠷ ᠰᠠᠶᠢᠲᠠᠶ ᠬᠤᠴᠠ ᠤᠯᠬᠤ ᠶᠢ ᠦᠨᠡᠨ ᠬᠦ ᠪᠠᠲᠤᠯᠠᠪᠠ︾ ᠭᠡᠵᠡᠶ᠃ | | | ᠦᠷ᠎ᠡ ᠶᠢᠨ ᠡᠬᠢ ᠪᠠᠶᠠᠯᠢᠭ ᠪᠣᠯ ᠮᠠᠯ ᠠᠵᠤ ᠠᠬᠤᠶ ᠶᠢᠨ ᠬᠥᠭᠵᠢᠯᠲᠡ ᠶᠢᠨ ︽ᠡᠬᠢ ᠪᠤᠯᠠᠭ ᠨᠢ ᠠᠮᠢᠳᠤᠯᠢᠭ | ᠤᠰᠤ︾ ᠪᠣᠯᠤᠨ᠎ᠠ᠃ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ᠡᠭᠦᠯᠳᠡᠷ ᠰᠠᠶᠢᠵᠢᠷᠠᠭᠤᠯᠬᠤ ᠪᠠᠷ ᠣᠲᠣ | ᠦᠶ᠎ᠡ ᠶᠢᠨ ᠮᠠᠯ ᠠᠵᠤ ᠠᠬᠤᠶ ᠶᠢ ᠬᠥᠭᠵᠢᠭᠦᠯᠬᠦ ᠴᠢᠬᠤᠯᠠ ᠠᠷᠭ᠎ᠠ ᠬᠡᠮᠵᠢᠶ᠎ᠡ ᠪᠣᠯᠭᠠᠵᠤ᠂ ᠮᠡᠷᠭᠡᠵᠢᠯ ᠤᠨ ᠠᠷᠭ᠎ᠠ | ᠪᠠᠷᠢᠯ ᠢᠶᠠᠷ ᠮᠠᠯ ᠠᠵᠤ ᠠᠬᠤᠶ ᠶᠢ ᠲᠤᠭ᠎ᠠ ᠬᠡᠮᠵᠢᠶᠡᠨ ᠤ ᠬᠡᠯᠪᠡᠷᠢ ᠠᠴᠠ ᠦᠷ᠎ᠡ ᠠᠰᠢᠭ ᠤᠨ ᠬᠡᠯᠪᠡᠷᠢ ᠳᠠᠰᠢ | ᠬᠤᠪᠢᠷᠠᠭᠤᠯᠬᠤ ᠶᠢ ᠪᠥᠬᠦ ᠲᠠᠯ᠎ᠠ ᠪᠠᠷ ᠠᠬᠢᠭᠤᠯᠵᠤ᠂ ᠮᠠᠯᠴᠢᠨ ᠲᠠᠷᠢᠶᠠᠴᠢᠨ ᠤ ᠰᠢᠨᠵᠢᠯᠡᠬᠦ ᠤᠬᠠᠭᠠᠨᠴᠢ ᠪᠠᠷ ᠠᠷᠠᠴᠢᠯᠠᠨ | ᠲᠡᠵᠢᠭᠡᠬᠦ᠂ ᠴᠥᠭᠡᠨ ᠲᠡᠵᠢᠭᠡᠵᠦ ᠨᠠᠷᠢᠯᠢᠭ ᠲᠡᠵᠢᠭᠡᠬᠦ ᠵᠠᠮ ᠢᠶᠠᠷ ᠵᠠᠮᠨᠠᠬᠤ ᠶᠢ ᠤᠯᠠᠮ ᠨᠢᠭᠡ ᠠᠯᠬᠤᠮ ᠳᠥᠯᠭᠢᠨ | ᠠᠬᠢᠭᠤᠯᠪᠠ᠃ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠶᠡᠭᠡ ᠬᠠᠶᠢᠯᠠᠰᠤᠳᠤ ᠬᠤᠴᠠ ᠶᠢᠨ ᠰᠠᠭᠤᠷᠢᠨ | ᠭᠠᠵᠠᠷ ᠲᠤ᠂ ᠰᠠᠹᠣᠺ᠂ ᠳ᠋ᠦᠩ ᠹᠧᠢ ᠯᠢ ᠱᠧᠩ ᠵᠡᠷᠭᠡ ᠡᠭᠦᠯᠳᠡᠷ ᠤᠨ ᠬᠤᠴᠠ ᠶᠠᠭ ᠲᠡᠵᠢᠭᠡᠯ ᠪᠣᠷᠳᠤᠭ᠎ᠠ ᠢᠳᠡᠵᠦ | ᠪᠠᠶᠢᠪᠠ᠃ ᠣᠶᠢᠯᠠᠭᠠᠭᠰᠠᠨ ᠢᠶᠠᠷ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠲᠠᠷᠢᠶᠠᠯᠠᠩ ᠮᠠᠯ ᠠᠵᠤ | ᠠᠬᠤᠶ ᠶᠢᠨ ᠲᠣᠪᠴᠢᠶ᠎ᠠ ᠪᠥᠬᠦ ᠬᠤᠰᠢᠭᠤᠨ ᠤ ᠲᠡᠵᠢᠭᠡᠨ ᠦᠷᠡᠵᠢᠭᠦᠯᠬᠦ ᠡᠷᠦᠬᠡ ᠶᠢᠨ ᠮᠢᠬᠠᠨ ᠤ ᠬᠤᠨᠢ ᠶᠢ ᠪᠦᠯᠦᠭ | ᠤᠳᠠᠭ᠎ᠠ ᠬᠤᠪᠢᠶᠠᠨ ᠠᠳᠠᠯᠢ ᠬᠤᠭᠤᠴᠠᠭᠠᠨ ᠳᠤ ᠤᠷᠤᠭ᠎ᠠ ᠤᠷᠤᠭᠤᠯᠵᠤ᠂ ᠵᠤᠬᠢᠶᠠᠮᠠᠯ ᠬᠡᠭᠡᠯᠳᠦᠭᠦᠯᠭᠡ ᠬᠢᠵᠦ᠂ | ᠬᠤᠷᠠᠭ᠎ᠠ ᠢᠰᠢᠭᠡ ᠰᠦ ᠠᠴᠠ ᠪᠠᠨ ᠰᠠᠯᠤᠭᠰᠠᠨ ᠤ ᠳᠠᠷᠠᠭ᠎ᠠ ᠪᠣᠷᠳᠣᠨ ᠲᠠᠷᠭᠤᠯᠠᠭᠤᠯᠬᠤ ᠲᠠᠯᠠᠪᠠᠶ ᠠᠴᠠ ᠨᠢᠭᠡᠳᠦᠯᠲᠡᠶ | ᠬᠤᠷᠢᠶᠠᠨ ᠠᠪᠴᠤ᠂ ᠳᠥᠷᠪᠡᠨ ᠤᠯᠠᠷᠢᠯ ᠳᠤ ᠲᠦᠯᠯᠡᠵᠦ ᠂ ᠳᠥᠷᠪᠡᠨ ᠤᠯᠠᠷᠢᠯ ᠳᠤ ᠪᠤᠷᠤᠯᠠᠭᠤᠯᠤᠯᠳᠠ ᠳᠤ | ᠭᠠᠷᠬᠤ ᠶᠢ ᠪᠡᠶᠡᠯᠡᠬᠦᠯᠵᠠᠢ᠃ | | | 2024 ᠣᠨ ᠳᠤ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ᠮᠠᠯ ᠠᠵᠤ ᠠᠬᠤᠶ ᠶᠢᠨ ᠰᠠᠶᠢᠨ | ᠡᠭᠦᠯᠳᠡᠷ ᠤᠨ ᠨᠥᠬᠦᠪᠥᠷᠢ ᠶᠢᠨ ᠲᠥᠷᠥᠯ ᠵᠦᠢᠯ ᠳᠤ 300 ᠲᠦᠮᠡᠨ ᠲᠥᠭᠦᠷᠢᠭ ᠤᠨ ᠪᠠᠯᠠ ᠣᠷᠣᠭᠤᠯᠵᠤ᠂ | ᠨᠢᠭᠡᠳᠦᠭᠡᠷ ᠲᠡᠰ ᠤᠨ1000 ᠬᠤᠴᠠ ᠣᠷᠣᠭᠤᠯᠤᠨ ᠳᠡᠯᠭᠡᠷᠡᠭᠦᠯᠵᠦ᠂ ᠪᠥᠬᠦ ᠬᠤᠰᠢᠭᠤᠨ ᠤ 10 ᠰᠤᠮᠤ ᠰᠢᠶᠠᠩ | ᠪᠠᠯᠭᠠᠰᠤᠨ ᠳᠤ ᠣᠷᠣᠭᠤᠯᠵᠤ᠂ ᠵᠢᠯ ᠳᠤ 30000 ᠡᠮ᠎ᠡ ᠬᠤᠨᠢ ᠶᠢᠨ ᠡᠬᠦᠯᠳᠡᠷ ᠢ ᠰᠠᠶᠢᠵᠢᠷᠠᠭᠤᠯᠪᠠ᠃ ᠳᠠᠷᠬᠠᠨ | ᠮᠤᠤᠮᠢᠩᠭᠠᠨ ᠬᠤᠯᠪᠣᠭᠠᠲᠤ ᠬᠤᠰᠢᠭᠤᠨ ᠤ ᠴᠢᠨᠠᠷ ᠰᠠᠶᠢᠲᠠᠶ ᠮᠢᠬᠠᠨ ᠤ ᠬᠤᠨᠢᠨ ᠤ ᠡᠭᠦᠯᠳᠡᠷ ᠢ ᠰᠢᠨᠡᠳᠬᠡᠨ | ᠰᠣᠯᠢᠬᠤ ᠶᠢ ᠦᠨᠳᠦᠰᠦᠨ ᠠᠴᠠ ᠨᠢ ᠠᠬᠢᠭᠤᠯᠵᠤ᠂ ᠮᠠᠯ ᠰᠦᠷᠦᠭ ᠤᠨ ᠪᠦᠲᠦᠴᠡ ᠶᠢ ᠰᠢᠯᠢᠳᠡᠭᠵᠢᠭᠦᠯᠦᠨ᠂ ᠨᠤᠲᠤᠭ | ᠪᠡᠯᠴᠢᠭᠡᠷ ᠤᠨ ᠡᠬᠢ ᠪᠠᠶᠠᠯᠢᠭ ᠢ ᠦᠷᠭᠦᠯᠵᠢᠯᠡᠨ ᠠᠰᠢᠭᠯᠠᠬᠤ ᠶᠢ ᠪᠡᠶᠡᠯᠡᠭᠦᠯᠵᠦ᠂ ᠮᠠᠯ ᠠᠵᠤ ᠠᠬᠤᠶ ᠶᠢᠨ ᠲᠣᠭᠲᠠᠭᠤᠨ | ᠪᠥᠭᠡᠳ ᠡᠷᠡᠭᠦᠯ ᠢᠶᠠᠷ ᠬᠥᠭᠵᠢᠬᠦ ᠶᠢ ᠪᠠᠲᠤᠯᠠᠨ᠎ᠠ᠃ ︽ᠰᠠᠶᠢᠨ ᠡᠭᠦᠯᠳᠡᠷ︾ ᠢ ᠤᠷᠤᠭᠤᠯᠤᠨ ᠠᠪᠴᠢᠷᠠᠵᠤ ︽ᠭᠧᠨ︾ | ᠢ ᠰᠢᠯᠢᠳᠡᠭᠵᠢᠬᠦᠯᠵᠦ᠂ ᠥᠷᠭᠡᠨ ᠣᠯᠠᠨ ᠲᠡᠵᠢᠭᠡᠨ ᠦᠷᠡᠵᠢᠭᠦᠯᠬᠦ ᠡᠷᠦᠬᠡ ᠶᠢ ︽ᠬᠤᠨᠢ︾ ᠶᠢᠨ ᠰᠠᠷᠠᠭᠤᠯ ᠳᠠᠷᠳᠠᠩ | ᠵᠠᠮ ᠳᠤ ᠣᠷᠣᠭᠤᠯᠪᠠ᠃ | | | |