ᠮᠠᠨ ᠤ ᠤᠯᠤᠰ ᠤᠨ ᠮᠠᠰᠢ ᠣᠯᠠᠨ ᠭᠠᠵᠠᠷ ᠲᠤ ︽ᠴᠠᠭᠠᠨ ᠰᠠᠷ᠎ᠠ ᠦᠰᠦ ᠠᠪᠴᠤ ᠪᠤᠯᠬᠤ ᠥᠬᠡᠶ︾ ᠭᠡᠰᠡᠨ | ᠶᠠᠷᠢᠶ᠎ᠠ ᠳᠡᠯᠭᠡᠷᠡᠵᠦ ᠪᠠᠶᠢᠨ᠎ᠠ᠂ ᠡᠭᠦᠨ ᠤ ᠠᠷᠤ ᠳᠠᠬᠢ ᠦᠨᠡᠨ ᠪᠠᠶᠢᠳᠠᠯ ᠨᠢ ᠴᠤᠬᠤᠮ ᠶᠠᠭᠤ ᠪᠣᠶ︖ᠬᠤᠷᠢᠨ | ᠳᠥᠷᠪᠡᠨ ᠴᠠᠭ ᠤᠯᠠᠷᠢᠯ ᠢ ᠬᠠᠮᠠᠭᠠᠯᠠᠵᠤ ᠤᠯᠠᠮᠵᠢᠯᠠᠨ ᠵᠠᠯᠭᠠᠮᠵᠢᠯᠠᠬᠤ ᠬᠤᠯᠪᠣᠭᠠᠨ ᠤ ᠨᠠᠷᠢᠨ ᠪᠢᠴᠢᠭ ᠤᠨ ᠳᠠᠷᠤᠭ᠎ᠠ | ᠲᠠᠩ ᡁᠢ ᠴᠢᠶᠠᠩ ᠲᠠᠶᠢᠯᠪᠤᠷᠢ ᠬᠢᠬᠦ ᠳᠡᠭᠡᠨ᠄ ᠴᠢᠩ ᠤᠯᠤᠰ ᠤᠨ ᠴᠡᠷᠢᠭ ᠪᠣᠭᠤᠮᠲᠠ ᠳᠤ ᠤᠷᠤᠭᠰᠠᠨ ᠤ ᠳᠠᠷᠠᠭ᠎ᠠ᠂ | ᠴᠢᠩ ᠤᠯᠤᠰ ᠤᠨ ᠵᠠᠰᠠᠭ ᠤᠨ ᠭᠠᠵᠠᠷ ᠠᠴᠠ ︽ᠦᠰᠦ ᠬᠤᠰᠤᠬᠤ︾ ᠵᠠᠷᠯᠢᠭ ᠤᠨ ᠪᠢᠴᠢᠭ ᠨᠡᠶᠢᠲᠡᠯᠡᠭᠰᠡᠨ ᠳᠤ | ᠨᠢᠭᠡ ᠪᠦᠯᠦᠭ ᠬᠥᠮᠦᠰ ᠴᠢᠩᠭ᠎ᠠ ᠡᠰᠡᠷᠭᠦᠴᠡᠵᠦ᠂ ᠦᠰᠦ ᠪᠠᠨ ᠬᠤᠰᠤᠬᠤ ᠳᠤᠷ᠎ᠠ ᠥᠬᠡᠶ ᠪᠣᠯᠵᠣ᠂ ᠴᠠᠭᠠᠨ | ᠰᠠᠷ᠎ᠠ ᠳᠤ ᠦᠰᠦ ᠪᠠᠨ ᠬᠤᠰᠤᠬᠤ ᠥᠬᠡᠶ ᠪᠣᠯ ︽ᠬᠠᠭᠤᠴᠢᠨ ᠢᠶᠠᠨ ᠰᠠᠨᠠᠭᠠᠯᠵᠠᠨ᠎ᠠ︾ ᠭᠡᠰᠡᠨ ᠶᠠᠷᠢᠶ᠎ᠠ | ᠠᠭᠠᠵᠢᠮ ᠢᠶᠠᠷ ᠪᠤᠢ ᠪᠤᠯᠤᠬᠰᠠᠨ ᠪᠠᠶᠢᠨ᠎ᠠ᠃ ᠬᠤᠵᠢᠮ ᠨᠢ ︽ᠴᠠᠭᠠᠨ ᠰᠠᠷ᠎ᠠ ᠳᠤ ᠦᠰᠦ ᠪᠠᠨ ᠠᠪᠤᠭᠤᠯᠪᠠᠯ ᠨᠠᠭᠠᠴᠤ | ᠨᠢ ᠦᠬᠦᠨ᠎ᠡ︾ ᠬᠡᠰᠡᠨ ᠠᠳᠡᠭᠦᠦ ᠪᠤᠷᠤᠭᠤ ᠶᠠᠷᠢᠶ᠎ᠠ ᠪᠤᠯᠵᠤ ᠬᠤᠪᠢᠷᠠᠵᠠᠢ᠂ ᠭᠡᠲᠡᠯ᠎ᠡ ᠡᠨᠡ ᠬᠦ ᠶᠠᠷᠢᠶ᠎ᠠ ᠶᠢᠨ ᠠᠷᠤ ᠳᠤ | ᠰᠢᠨᠵᠢᠯᠡᠬᠦ ᠤᠬᠠᠭᠠᠨ ᠤ ᠨᠠᠶᠢᠳᠠᠪᠤᠷᠢᠲᠠᠶ ᠦᠨᠳᠦᠰᠦᠯᠡᠯ ᠭᠡᠵᠦ ᠪᠠᠶᠢᠬᠤ ᠥᠬᠡᠶ᠂ ᠡᠨᠡ ᠨᠢ ᠵᠦᠪᠭᠡᠨ ᠬᠥᠮᠦᠰ ᠤᠨ | ᠬᠤᠯᠪᠣᠭᠳᠠᠯ ᠪᠥᠬᠦᠶ ᠨᠡᠶᠢᠭᠡᠮ ᠤᠨ ᠦᠵᠡᠭᠳᠡᠯ ᠤᠨ ᠲᠤᠬᠠᠶ ᠲᠠᠶᠢᠯᠤᠮᠵᠢ ᠲᠡᠳᠦᠢ ᠪᠣᠯᠤᠨ᠎ᠠ᠃ ᠨᠠᠩ ᠢᠯᠠᠩᠭᠤᠶ᠎ᠠ | ᠠᠯᠢ ᠡᠷᠲᠡ ᠴᠠᠭᠠᠨ ᠰᠠᠷ᠎ᠠ ᠶᠢᠨ ᠠᠮᠠᠷᠠᠯᠲᠠ ᠪᠣᠯᠬᠤ ᠠᠴᠠ ᠡᠮᠦᠨ᠎ᠡ᠂ ᠬᠥᠮᠦᠰ ᠵᠠᠯᠭᠠᠭ᠎ᠠ ᠪᠠᠷ ᠯᠠ ᠰᠠᠷ᠎ᠠ ᠳᠤ ᠦᠰᠦ | ᠪᠠᠨ ᠠᠪᠴᠤ᠂ ᠪᠡᠶ᠎ᠡ ᠪᠠᠨ ᠤᠬᠢᠶᠠᠵᠤ᠂ ᠰᠢᠨ᠎ᠡ ᠬᠤᠪᠴᠠᠰᠤ ᠡᠮᠦᠰᠴᠤ᠂ ︽ᠬᠠᠭᠤᠴᠢᠨ ᠢ ᠦᠳᠡᠵᠦ ᠰᠢᠨ᠎ᠡ ᠶᠢ | ᠤᠭᠲᠤᠬᠤ︾ ᠶᠣᠰᠣᠯᠠᠯ ᠢ ᠨᠢᠭᠡᠨᠲᠡ ᠪᠡᠶᠡᠯᠡᠭᠦᠯᠦᠭᠰᠡᠨ ᠪᠣᠯᠬᠤᠷ ᠴᠠᠭᠠᠨ ᠰᠠᠷ᠎ᠠ ᠶᠢᠨ ᠬᠤᠭᠤᠴᠠᠭᠠᠨ ᠳᠤ ᠠᠶᠠᠨᠳᠠᠭᠠᠨ | ᠦᠰᠦ ᠪᠠᠨ ᠠᠪᠤᠭᠤᠯᠬᠤ ᠴᠢᠬᠤᠯᠠ ᠥᠬᠡᠶ ᠪᠣᠯᠵᠠᠶ ᠭᠡᠵᠦ ᠬᠡᠯᠡᠪᠡ᠃ |