ᠪᠤᠯᠤᠩ ᠨᠡᠭᠡᠭᠡᠬᠦ ᠦᠭᠡ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ︵ᠲᠣᠪᠴᠢ ᠨᠡᠷᠡᠶᠢᠳᠦᠯ᠄ ᠳᠠᠷᠬᠠᠨ ᠮᠤᠤᠮᠢᠩᠭᠠᠨ ᠬᠤᠰᠢᠭᠤ︶ | ᠪᠣᠯ ᠡᠬᠡ ᠤᠯᠤᠰ ᠤᠨ ᠤᠮᠠᠷᠠᠲᠤ ᠬᠡᠰᠡᠭ ᠤᠨ ᠬᠢᠯᠢ ᠬᠢᠵᠠᠭᠠᠷ ᠲᠤ ᠪᠠᠶᠢᠷᠢᠯᠠᠵᠤ᠂ ᠥᠨᠢ ᠤᠳᠠᠭᠠᠨ ᠲᠡᠦᠬᠡ ᠲᠠᠢ᠂ | ᠬᠥᠮᠥᠨ ᠨᠢ ᠰᠣᠳᠣᠨ ᠭᠠᠵᠠᠷ ᠨᠢ ᠰᠢᠳᠢ ᠲᠠᠢ ᠶᠤᠮ᠃ ᠤᠯᠠᠨ ᠵᠢᠯ ᠤᠨ ᠲᠤᠷᠰᠢ ᠂ ᠳᠠᠷᠬᠠᠨ ᠮᠤᠤᠮᠢᠩᠭᠠᠨ ᠤ ᠲᠠᠯ᠎ᠠ | ᠨᠤᠲᠤᠭ ᠤᠨ ᠤᠯᠠᠨ ᠡᠰᠢᠲᠦ ᠰᠣᠶᠣᠯ ᠰᠣᠯᠪᠢᠴᠠᠨ ᠨᠡᠪᠲᠡᠷᠡᠯᠴᠡᠵᠦ ᠂ ᠤᠯᠠᠨ ᠦᠨᠳᠦᠰᠦᠲᠡᠨ ᠡᠶ᠎ᠡ ᠵᠣᠬᠢᠴᠠᠩᠭᠤᠢ ᠪᠠᠷ | ᠠᠭᠤᠰᠤᠯᠴᠠᠵᠤ ᠂ ᠦᠨᠳᠦᠰᠦᠲᠡᠨ ᠤ ᠪᠦᠯᠬᠦᠮᠳᠡᠯ ᠤᠨ ᠨᠠᠶᠢᠷᠠᠯ ᠬᠥᠭᠵᠢᠮ ᠢ ᠪᠢᠴᠢᠭᠯᠡᠭᠰᠡᠨ ᠪᠠᠶᠢᠨ᠎ᠠ ᠃ ︽ ᠭᠤᠷᠪᠠᠨ | ᠮᠢᠩᠭᠠᠨ ᠥᠨᠥᠴᠢᠨ ᠬᠡᠦᠬᠡᠳ ᠥᠪᠥᠷ ᠮᠣᠩᠭᠤᠯ ᠳᠤ ᠣᠷᠣᠭᠰᠠᠨ ︾ ᠂ ︽ ᠰᠡᠳᠬᠢᠯ ᠨᠢᠭᠡᠳᠦᠨ ᠬᠦᠴᠦ ᠪᠠᠨ | ᠬᠠᠮᠲᠤᠳᠬᠠᠵᠤ ᠪᠤᠭᠤᠲᠤ ᠶᠢᠨ ᠪᠣᠯᠣᠳ ᠲᠡᠮᠦᠷ ᠤᠨ ᠺᠣᠮᠫᠠᠨᠢ ᠶᠢ ᠪᠠᠶᠢᠭᠤᠯᠬᠤ ︾ ᠂ ︽ ᠲᠠᠯ᠎ᠠ ᠨᠤᠲᠤᠭ ᠤᠨ ᠪᠢᠴᠢᠬᠠᠨ | ᠪᠠᠭᠠᠲᠤᠷ ᠡᠭᠡᠴᠢ ᠦᠬᠢᠨ ᠳᠡᠭᠦᠦ ︾ ᠭᠡᠬᠦ ᠲᠡᠦᠬᠡ ᠶᠢᠨ ᠰᠠᠶᠢᠬᠠᠨ ᠦᠯᠢᠭᠡᠷ ᠪᠠ ᠪᠠᠭᠠᠲᠤᠷᠯᠢᠭ ᠦᠯᠢᠭᠡᠷ ᠠᠳᠡ ᠠᠴᠠ | ᠤᠯᠠᠮᠵᠢᠯᠠᠭᠳᠠᠵᠠᠢ ᠃ ᠳᠠᠷᠬᠠᠨ ᠮᠤᠤᠮᠢᠩᠭᠠᠨ ᠬᠤᠰᠢᠭᠤ 1952 ᠣᠨ ᠳᠤ ᠪᠠᠶᠢᠭᠤᠯᠤᠭᠳᠠᠭᠰᠠᠨ ᠠᠴᠠ ᠨᠠᠭᠠᠰᠢ᠂ | 70 ᠭᠠᠷᠤᠢ ᠵᠢᠯ ᠬᠦᠴᠢᠷ ᠪᠡᠷᠬᠡᠰᠢᠶᠡᠯ ᠢ ᠢᠯᠠᠨ ᠳᠠᠪᠠᠵᠤ ᠂ ᠡᠷᠡᠮᠡᠬᠡᠶᠢᠯᠡᠨ ᠤᠷᠤᠭᠰᠢᠯᠠᠪᠠ ︔ 70 ᠭᠠᠷᠤᠢ ᠵᠢᠯ ᠤᠨ | ᠰᠠᠯᠬᠢ ᠪᠣᠷᠣᠭᠠᠨ ᠳᠤ ᠳᠠᠪᠲᠠᠭᠳᠠᠨ᠂ ᠭᠡᠷᠡᠯ ᠰᠠᠴᠤᠷᠠᠩᠭᠤᠢ ᠦᠢᠯᠡᠰ ᠢ ᠪᠦᠲᠦᠭᠡᠪᠡ ᠃ ᠤᠳᠤ ᠂ ᠳᠠᠷᠬᠠᠨ | ᠮᠤᠤᠮᠢᠩᠭᠠᠨ ᠬᠤᠰᠢᠭᠤ ᠶᠠᠭ ᠨᠡᠶᠢᠭᠡᠮ ᠵᠢᠷᠤᠮ ᠤᠨ ᠣᠳᠣᠬᠢᠴᠢᠯᠠᠭᠰᠠᠨ ᠤᠯᠤᠰ ᠢ ᠪᠦᠬᠦ ᠲᠠᠯ᠎ᠠ ᠪᠠᠷ ᠪᠦᠲᠦᠭᠡᠨ | ᠪᠠᠶᠢᠭᠤᠯᠬᠤ ᠲᠡᠦᠬᠡ ᠶᠢᠨ ᠤᠷᠤᠰᠬᠠᠯ ᠤᠨ ᠡᠮᠦᠨ᠎ᠡ ᠵᠣᠭᠰᠣᠵᠤ ᠂ ᠲᠤᠭ᠎ᠠ ᠲᠣᠮᠰᠢ ᠦᠭᠡᠢ ᠲᠠᠯ᠎ᠠ ᠨᠤᠲᠤᠭ ᠤᠨ | ᠬᠥᠪᠡᠭᠦᠳ ᠥᠬᠢᠳ ᠪᠦᠬᠦ ᠬᠤᠰᠢᠭᠤᠨ ᠤ ᠠᠵᠤ ᠠᠬᠤᠢ ᠨᠡᠶᠢᠭᠡᠮ ᠤᠨ ᠡᠯ᠎ᠡ ᠲᠦᠷᠦᠯ ᠤᠨ ᠠᠵᠢᠯ ᠦᠢᠯᠡᠰ ᠤᠨ | ᠬᠥᠭᠵᠢᠯᠲᠡ ᠳᠤ ᠮᠠᠰᠢ ᠤᠯᠠᠨ ᠤᠶᠤᠨ ᠤᠬᠠᠭᠠᠨ ᠬᠦᠴᠦᠨ ᠴᠢᠳᠠᠯ ᠢᠶᠠᠨ ᠡᠷᠭᠦᠵᠦ ᠂ ᠲᠡᠳᠡᠨ ᠤ ᠳᠣᠲᠣᠷᠠᠬᠢ ᠵᠠᠷᠢᠮ | ᠬᠥᠮᠥᠰ ᠨᠢ ᠨᠢᠭᠡᠨᠲᠡ ᠬᠤᠯᠠ ᠭᠠᠵᠠᠷ ᠬᠠᠷᠢ ᠨᠤᠲᠤᠭ ᠲᠤ ᠬᠦᠷᠴᠦ ᠠᠵᠢᠯᠯᠠᠵᠤ ᠠᠮᠢᠳᠤᠷᠠᠵᠤ ᠪᠠᠶᠢᠨ᠎ᠠ ᠃ | ᠨᠡᠩ ᠥᠷᠭᠡᠨ ᠳᠡᠯᠭᠡᠷ ᠠᠩᠬᠠᠷᠤᠯ ᠳᠡᠮᠵᠢᠯᠭᠡ ᠶᠢ ᠲᠥᠪᠯᠡᠷᠡᠭᠦᠯᠵᠦ᠂ ᠮᠠᠨ ᠤ ᠬᠤᠰᠢᠭᠤᠨ ᠤ ᠴᠢᠨᠠᠷ ᠰᠠᠶᠢᠲᠠᠢ | ᠬᠥᠭᠵᠢᠯᠲᠡ ᠶᠢ ᠲᠦᠯᠬᠢᠨ ᠠᠬᠢᠭᠤᠯᠬᠤ ᠶᠢᠨ ᠲᠥᠯᠥᠭᠡ ᠂ ᠬᠤᠰᠢᠭᠤᠨ ᠤ ᠤᠯᠤᠰ ᠲᠦᠷᠦ ᠶᠢᠨ ᠵᠥᠪᠯᠡᠯᠭᠡᠨ ᠤ ᠰᠠᠨᠠᠯ | ᠳᠤᠷᠠᠳᠤᠯᠭ᠎ᠠ ᠪᠠᠷ ᠰᠣᠶᠣᠯ ᠲᠡᠦᠬᠡ ᠶᠢᠨ ᠵᠥᠪᠯᠡᠯ ᠪᠣᠯᠣᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ | ᠬᠠᠮᠲᠤᠷᠠᠨ ︽ ᠠᠯᠢᠪᠠ ᠶᠢ ᠪᠠᠭᠲᠠᠭᠠᠨ ᠪᠠᠳᠠᠷᠠᠭᠤᠯᠬᠤ᠂ ᠨᠡᠭᠡᠭᠡᠯᠲᠡ ᠲᠠᠢ ᠪᠠᠭᠲᠠᠭᠠᠮᠵᠢ ᠲᠠᠢ — ᠲᠡᠭᠷᠢ ᠶᠢᠨ | ᠬᠠᠶᠠᠭ᠎ᠠ ᠭᠠᠵᠠᠷ ᠤᠨ ᠵᠠᠬ᠎ᠠ ᠳᠠᠬᠢ ᠳᠠᠷᠬᠠᠨ ᠮᠤᠤᠮᠢᠩᠭᠠᠨ ᠬᠥᠮᠥᠨ ︾ ᠭᠡᠬᠦ ᠪᠤᠯᠤᠩ ᠢ ᠨᠡᠭᠡᠭᠡᠵᠦ᠂ ᠵᠣᠷᠢᠯᠭ᠎ᠠ ᠨᠢ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠳᠤ ᠲᠥᠷᠥᠭᠰᠡᠨ᠂ ᠰᠤᠷᠤᠯᠴᠠᠭᠰᠠᠨ᠂ ᠦᠰᠦᠨ ᠪᠣᠶᠢᠵᠢᠭᠰᠠᠨ᠂ | ᠠᠵᠢᠯᠯᠠᠵᠤ ᠪᠠᠶᠢᠭᠰᠠᠨ ᠤᠯᠤᠰ ᠤᠨ ᠳᠣᠲᠣᠭᠠᠳᠤ ᠭᠠᠳᠠᠭᠠᠳᠤ ᠶᠢᠨ ᠰᠣᠳᠣᠨ ᠬᠥᠮᠥᠰ᠂ ᠰᠢᠯᠢᠳᠡᠭ ᠬᠥᠮᠥᠰ ᠤᠨ | ᠴᠤᠭ ᠵᠢᠪᠬᠤᠭ᠎ᠠ ᠶᠢ ᠳᠡᠯᠭᠡᠨ ᠦᠵᠡᠭᠦᠯᠵᠦ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠨᠡᠭᠡᠭᠡᠯᠲᠡᠲᠡᠢ | ᠪᠠᠭᠲᠠᠭᠠᠮᠵᠢᠲᠠᠢ᠂ ᠥᠭᠡᠳᠡᠯᠡᠨ ᠳᠠᠪᠰᠢᠬᠤ ᠰᠠᠶᠢᠨ ᠰᠠᠶᠢᠬᠠᠨ ᠳᠦᠷᠢ ᠲᠥᠷᠬᠦ ᠶᠢ ᠱᠤᠭᠤᠵᠤ᠂ ᠨᠤᠲᠤᠭ ᠤᠰᠤ ᠪᠠᠨ | ᠵᠢᠷᠦᠬᠡᠨ ᠳᠤ ᠪᠠᠨ ᠡᠪᠦᠷᠯᠡᠨ᠂ ᠨᠤᠲᠤᠭ ᠤᠰᠤ ᠪᠠᠨ ᠰᠡᠳᠬᠢᠯ ᠲᠠᠢ ᠪᠠᠨ ᠬᠤᠯᠪᠣᠭᠰᠠᠨ ᠨᠠᠩ ᠣᠯᠠᠨ ᠬᠥᠮᠥᠰ ᠢ | ᠳᠠᠷᠬᠠᠨ ᠮᠤᠤᠮᠢᠩᠭᠠᠨ ᠬᠤᠰᠢᠭᠤᠨ ᠤ ᠲᠠᠯ᠎ᠠ ᠨᠤᠲᠤᠭ ᠤᠨ ᠬᠥᠭᠵᠢᠯᠲᠡ ᠳᠤ ᠠᠷᠭ᠎ᠠ ᠤᠬᠠᠭᠠᠨ ᠬᠦᠴᠦᠨ | ᠴᠢᠳᠠᠯ ᠢᠶᠠᠨ ᠡᠷᠭᠦᠬᠦ ᠶᠢ ᠲᠠᠲᠠᠨ ᠠᠪᠴᠢᠷᠠᠬᠤ ᠶᠢᠨ ᠲᠥᠯᠥᠭᠡ ᠶᠤᠮ᠃ | ᠬᠤᠯᠤᠰᠤᠨ ᠯᠢᠩᠪᠦ ᠨᠢ ᠨᠢᠭᠡ ᠵᠦᠢᠯ ᠤᠨ ᠤᠯᠠᠮᠵᠢᠯᠠᠯᠲᠤ ᠳᠤᠮᠳᠠᠳᠤ ᠤᠯᠤᠰ ᠤᠨ ᠬᠥᠭᠵᠢᠮᠳᠡᠭᠦᠷ | ᠪᠣᠯᠤᠭᠰᠠᠨ ᠤ ᠬᠤᠪᠢ ᠳᠤ ᠲᠠᠯ᠎ᠠ ᠨᠤᠲᠤᠭ ᠤᠨ ᠰᠣᠶᠣᠯ ᠯᠤᠭ᠎ᠠ ᠭᠦᠨ ᠵᠤᠵᠠᠭᠠᠨ ᠬᠤᠯᠪᠣᠭ᠎ᠠ ᠲᠠᠢ ᠪᠠᠶᠢᠳᠠᠭ᠃ | ᠬᠤᠯᠤᠰᠤᠨ ᠯᠢᠩᠪᠦ ᠨᠢ ᠥᠪᠥᠷ ᠮᠣᠩᠭᠤᠯ ᠤᠨ ᠳᠠᠭᠤᠤ ᠬᠥᠭᠵᠢᠮ ᠤᠨ ᠳᠤᠮᠳᠠ ᠥᠪᠡᠷᠮᠢᠴᠡ ᠣᠨᠴᠠᠯᠢᠭ ᠲᠠᠢ ᠪᠠᠶᠢᠵᠤ | ᠂ ᠣᠷᠣᠨ ᠨᠤᠲᠤᠭ ᠤᠨ ᠰᠣᠶᠣᠯ ᠤᠨ ᠴᠢᠬᠤᠯᠠ ᠪᠦᠷᠢᠯᠳᠦᠭᠦᠨ ᠬᠡᠰᠡᠭ ᠪᠣᠯᠤᠭᠰᠠᠨ ᠶᠤᠮ᠃ ᠢᠷᠠᠭᠤ ᠴᠡᠭᠡᠯᠬᠡᠨ | ᠯᠢᠩᠪᠦ ᠶᠢᠨ ᠳᠠᠭᠤᠨ ᠰᠣᠨᠣᠰᠳᠠᠬᠤ ᠳᠤ᠂ ᠬᠦᠮᠦᠰ ᠲᠤ ᠶᠡᠷᠦ ᠨᠢ ᠥᠷᠭᠡᠨ ᠠᠭᠤᠳᠠᠮ ᠲᠠᠯ᠎ᠠ ᠨᠤᠲᠤᠭ᠂ | ᠪᠣᠷᠣᠭᠵᠢᠭᠤᠨ ᠬᠠᠯᠠᠭᠤᠨ ᠰᠡᠳᠬᠢᠯᠲᠦ ᠮᠠᠯᠴᠢᠳ ᠪᠣᠯᠣᠨ ᠲᠠᠯ᠎ᠠ ᠨᠤᠲᠤᠭ ᠤᠨ ᠬᠥᠮᠥᠰ ᠤᠨ ᠥᠨᠢ ᠡᠭᠦᠷᠢᠳᠡ | ᠬᠤᠪᠢᠷᠠᠰᠢ ᠦᠭᠡᠢ ᠨᠡᠭᠦᠳᠡᠯ ᠮᠠᠯᠵᠢᠯ ᠤᠨ ᠠᠮᠢᠳᠤᠷᠠᠯ ᠢ ᠰᠠᠨᠠᠭᠳᠠᠭᠤᠯᠳᠠᠭ ᠃ ᠨᠠᠮ ᠭᠦᠮ ᠂ ᠠᠯᠤᠰ ᠬᠤᠯᠠ᠂ ᠪᠠᠶᠠᠷ | ᠪᠠᠶᠠᠰᠤᠯ ᠂ ᠡᠷᠬᠡ ᠴᠢᠯᠦᠭᠡ ᠪᠣᠯ ᠯᠢᠩᠪᠦ ᠶᠢᠨ ᠲᠠᠯ᠎ᠠ ᠨᠤᠲᠤᠭ ᠤᠨ ᠲᠤᠬᠠᠢ ᠬᠠᠮᠤᠭ ᠤᠨ ᠰᠠᠶᠢᠨ ᠢᠯᠡᠳᠬᠡᠯ ᠪᠠ | ᠲᠠᠶᠢᠯᠪᠤᠷᠢᠯᠠᠯᠲᠠ ᠪᠣᠯᠣᠨ᠎ᠠ᠃ | ᠥᠨᠥᠳᠥᠷ᠂ ᠪᠢᠳᠡ ᠨᠢᠭᠡᠨ ᠳᠠᠷᠬᠠᠨ ᠮᠤᠤᠮᠢᠩᠭᠠᠨᠨᠤᠲᠤᠭ ᠲᠠᠢ ᠬᠤᠯᠤᠰᠤᠨ ᠯᠢᠩᠪᠦ ᠶᠢᠨ ᠬᠥᠭᠵᠢᠮᠴᠢᠨ — | ᠣᠶᠤᠨᠲᠤ ᠲᠠᠢ ᠲᠠᠨᠢᠯᠴᠠᠶ᠎ᠠ᠃ | ᠣᠶᠤᠨᠲᠤ ᠂ ᠮᠣᠩᠭᠤᠯ ᠦᠨᠳᠦᠰᠦᠲᠡᠨ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠂ 1964 | ᠣᠨ ᠤ 4 ᠳ᠋ᠦ᠋ᠭᠡᠷ ᠰᠠᠷ᠎ᠠ ᠳᠤ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠪᠠᠶᠠᠨᠬᠤᠸᠠ ᠨᠢᠭᠡᠳᠦᠯ ᠳᠤ | ᠲᠦᠷᠦᠵᠠᠢ ᠂ ᠬᠤᠯᠤᠰᠤᠨ ᠯᠢᠩᠪᠦ ᠶᠢᠨ ᠬᠥᠭᠵᠢᠮᠴᠢᠨ᠂ ᠳᠡᠳ᠋ ᠫᠷᠤᠹᠧᠰᠰᠤᠷ ᠃ 1980 ᠣᠨ ᠠᠴᠠ 1987 ᠣᠨ | ᠪᠣᠯᠲᠠᠯ᠎ᠠ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠤᠯᠠᠭᠠᠨᠮᠥ᠋ᠴᠢᠷ ᠲᠤ ᠠᠵᠢᠯᠯᠠᠵᠤ᠂ ᠬᠤᠯᠤᠰᠤᠨ ᠯᠢᠩᠪᠦ | ᠶᠢᠨ ᠲᠣᠭᠯᠠᠭᠴᠢ ᠪᠠᠶᠢᠪᠠ᠃ ᠬᠤᠵᠢᠮ ᠨᠢ ᠰᠢᠯᠢᠳᠡᠭ ᠬᠢᠷᠢ ᠪᠦᠲᠦᠮᠵᠢ ᠪᠠᠷ ᠪᠠᠷᠠᠭᠤᠨ ᠬᠤᠶᠢᠲᠤ ᠶᠢᠨ | ᠦᠨᠳᠦᠰᠦᠲᠡᠨ ᠤ ᠶᠡᠭᠡ ᠰᠤᠷᠭᠠᠭᠤᠯᠢ ᠶᠢᠨ ᠤᠷᠠᠯᠢᠭ ᠤᠨ ᠰᠠᠯᠪᠤᠷᠢ ᠶᠢᠨ ᠬᠤᠯᠤᠰᠤᠨ ᠯᠢᠩᠪᠦ ᠶᠢᠨ ᠲᠣᠭᠯᠠᠯᠲᠠ ᠶᠢᠨ | ᠲᠤᠰᠬᠠᠢ ᠮᠡᠷᠭᠡᠵᠢᠯ ᠳᠤ ᠰᠢᠯᠭᠠᠭᠤᠯᠤᠨ ᠣᠷᠣᠵᠠᠢ᠃ 1991 ᠣᠨ ᠳᠤ ᠲᠡᠭᠦᠰᠦᠭᠰᠡᠨ ᠤ ᠳᠠᠷᠠᠭ᠎ᠠ ᠥᠪᠥᠷ | ᠮᠣᠩᠭᠤᠯ ᠤᠨ ᠤᠷᠠᠯᠢᠭ ᠤᠨ ᠳᠡᠭᠡᠳᠦ ᠰᠤᠷᠭᠠᠭᠤᠯᠢ ᠳᠤ ᠬᠤᠪᠢᠶᠠᠭᠳᠠᠨ ᠬᠤᠯᠤᠰᠤᠨ ᠯᠢᠩᠪᠦ ᠶᠢᠨ ᠲᠤᠰᠬᠠᠢ | ᠮᠡᠷᠭᠡᠵᠢᠯ ᠤᠨ ᠪᠠᠭᠰᠢ ᠪᠣᠯᠤᠭᠰᠠᠨ ᠪᠥᠭᠡᠳ ᠶᠡᠭᠡ ᠰᠤᠷᠭᠠᠭᠤᠯᠢ ᠂ ᠳᠤᠮᠳᠠ ᠵᠡᠷᠭᠡ ᠶᠢᠨ ᠲᠤᠰᠬᠠᠢ ᠮᠡᠷᠭᠡᠵᠢᠯ ᠤᠨ | ᠰᠤᠷᠭᠠᠭᠤᠯᠢ ᠶᠢᠨ ᠵᠢᠭᠠᠨ ᠰᠤᠷᠭᠠᠬᠤ ᠬᠥᠲᠥᠯᠪᠦᠷᠢ ᠶᠢᠨ ᠬᠤᠯᠤᠰᠤᠨ ᠯᠢᠩᠪᠦ ᠶᠢᠨ ᠲᠣᠭᠯᠠᠯᠲᠠ ᠶᠢᠨ ᠬᠡᠰᠡᠭ ᠤᠨ | ᠨᠠᠶᠢᠷᠠᠭᠤᠯᠤᠭᠴᠢ ᠪᠣᠯᠪᠠ᠃ 2012 ᠣᠨ ᠤ 9 ᠳ᠋ᠦ᠋ᠭᠡᠷ ᠰᠠᠷ᠎ᠠ ᠳᠤ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ | ᠣᠷᠳᠣᠰ ᠲᠠᠬᠢ ᠳᠡᠭᠡᠳᠦ ᠰᠤᠷᠭᠠᠭᠤᠯᠢ ᠳᠤ ᠬᠤᠯᠤᠰᠤᠨ ᠯᠢᠩᠪᠦ ᠶᠢᠨ ᠲᠤᠰᠬᠠᠢ ᠮᠡᠷᠭᠡᠵᠢᠯ ᠤᠨ ᠪᠠᠭᠰᠢ ᠪᠠᠷ | ᠤᠷᠢᠭᠳᠠᠪᠠ ᠃ ᠪᠠᠭᠰᠢᠯᠠᠭᠰᠠᠨ ᠭᠤᠴᠢ ᠭᠠᠷᠤᠢ ᠵᠢᠯ ᠤᠨ ᠲᠤᠷᠰᠢ᠂ ᠨᠡᠶᠢᠭᠡᠮ ᠳᠤ ᠬᠤᠯᠤᠰᠤᠨ ᠯᠢᠩᠪᠦ ᠪᠠᠷ | ᠬᠥᠭᠵᠢᠮᠳᠡᠬᠦ ᠤᠷᠠᠯᠢᠭ ᠤᠨ ᠴᠢᠳᠠᠪᠤᠷᠢᠲᠠᠨ ᠢ ᠦᠯᠡᠮᠵᠢ ᠣᠯᠠᠨ ᠬᠥᠮᠥᠵᠢᠭᠦᠯᠦᠨ ᠥᠭᠴᠦ᠂ ︽ᠬᠤᠯᠤᠰᠤᠨ | ᠯᠢᠩᠪᠦ ᠪᠠᠷ ᠮᠣᠩᠭᠤᠯ ᠦᠨᠳᠦᠰᠦᠲᠡᠨ ᠤ ᠬᠥᠭᠵᠢᠮ ᠤᠨ ᠠᠶ᠎ᠠ ᠶᠢ ᠬᠥᠭᠵᠢᠮᠳᠡᠬᠦ ᠠᠷᠭ᠎ᠠ︾ ᠭᠡᠬᠦ ᠥᠭᠦᠯᠡᠯ ᠢ | ᠨᠡᠶᠢᠲᠡᠯᠡᠭᠦᠯᠵᠡᠢ᠃ ᠣᠲᠣ ᠳᠤᠮᠳᠠᠳᠤ ᠤᠯᠤᠰ ᠤᠨ ᠳᠠᠭᠤᠤ ᠬᠥᠭᠵᠢᠮᠴᠢᠳ ᠤᠨ ᠦᠨᠳᠦᠰᠦᠲᠡᠨ ᠤ ᠨᠠᠶᠢᠷᠠᠯ | ᠬᠥᠭᠵᠢᠮ ᠤᠨ ᠨᠡᠶᠢᠭᠡᠮᠯᠢᠭ ᠤᠨ ᠬᠡᠷᠡᠭ ᠡᠷᠬᠢᠯᠡᠭᠴᠢ᠂ ᠳᠤᠮᠳᠠᠳᠤ ᠤᠯᠤᠰ ᠤᠨ ᠬᠤᠯᠤᠰᠤᠨ ᠯᠢᠩᠪᠦ ᠶᠢᠨ | ᠨᠡᠶᠢᠭᠡᠮᠯᠢᠭ ᠤᠨ ᠬᠡᠷᠡᠭ ᠡᠷᠬᠢᠯᠡᠭᠴᠢ᠂ ᠥᠪᠥᠷ ᠮᠣᠩᠭᠤᠯ ᠤᠨ ᠳᠠᠭᠤᠤ ᠬᠥᠭᠵᠢᠮᠴᠢᠳ ᠤᠨ ᠨᠡᠶᠢᠭᠡᠮᠯᠢᠭ ᠤᠨ | ᠬᠤᠯᠤᠰᠤᠨ ᠯᠢᠩᠪᠦ ᠶᠢᠨ ᠨᠡᠶᠢᠭᠡᠮᠯᠢᠭ ᠤᠨ ᠳᠡᠳ᠋ ᠳᠠᠷᠤᠭ᠎ᠠ᠂ ᠥᠪᠥᠷ ᠮᠣᠩᠭᠤᠯ ᠤᠨ ᠬᠤᠭᠤᠷ ᠤᠨ ᠨᠡᠶᠢᠭᠡᠮᠯᠢᠭ ᠤᠨ | ᠮᠣᠩᠭᠤᠯ ᠦᠨᠳᠦᠰᠦᠲᠡᠨ ᠤ ᠯᠢᠩᠪᠦ ︵ᠯᠢᠮᠪᠦ︶ ᠶᠢᠨ ᠡᠷᠳᠡᠮ ᠰᠢᠨᠵᠢᠯᠡᠭᠡᠨ ᠤ ᠨᠡᠶᠢᠭᠡᠮᠯᠢᠭ ᠤᠨ ᠳᠠᠷᠤᠭ᠎ᠠ᠂ ᠮᠣᠩᠭᠤᠯ | ᠤᠯᠤᠰ ᠤᠨ ᠣᠯᠠᠨ ᠤᠯᠤᠰ ᠤᠨ ᠬᠥᠭᠡᠮᠡᠢ ᠶᠢᠨ ᠨᠡᠶᠢᠭᠡᠮᠯᠢᠭ ᠤᠨ ᠭᠡᠰᠢᠭᠦᠨ ᠵᠡᠷᠭᠡ ᠲᠤᠰᠢᠶᠠᠯ ᠢ ᠬᠠᠷᠭᠤᠴᠠᠵᠤ ᠪᠣᠢ ᠃ | ᠪᠠᠭ᠎ᠠ ᠨᠠᠰᠤᠨ ᠤ ᠬᠦᠰᠡᠯ ᠂ ᠨᠢᠭᠡ ᠨᠠᠰᠤᠨ ᠤ ᠬᠤᠪᠢ ᠪᠠᠷᠢᠯᠳᠤᠯᠭ᠎ᠠ | ᠣᠶᠤᠨᠲᠤ ᠶᠢᠨ ᠡᠴᠢᠭᠡ ᠡᠬᠡ ᠨᠢ ᠪᠦᠷ ᠪᠠᠶᠠᠨᠬᠤᠸᠠ ᠨᠢᠭᠡᠳᠦᠯ ᠤᠨ ᠠᠷᠠᠳ ᠤᠨ ᠪᠠᠭᠰᠢ ᠪᠠᠶᠢᠪᠠ ᠃ ᠡᠴᠢᠭᠡ | ᠰᠠᠩᠫᠢᠯ ᠨᠢ ᠠᠵᠢᠯ ᠳᠤ ᠪᠠᠨ ᠭᠠᠷᠮᠠᠭᠠᠢ ᠪᠣᠯᠬᠤᠷ ᠂ 1967 ᠣᠨ ᠳᠤ ᠪᠠᠶᠠᠨᠬᠤᠸᠠ ᠨᠢᠭᠡᠳᠦᠯ ᠠᠴᠠ ᠰᠢᠨᠡᠪᠤᠯᠠᠭ | ᠨᠢᠭᠡᠳᠦᠯ ᠳᠤ ᠠᠵᠢᠯ ᠰᠢᠯᠵᠢᠵᠦ ᠂ ︽ ᠰᠢᠨᠡᠪᠤᠯᠠᠭ ᠤᠨ ᠮᠣᠷᠢᠨ ᠨᠢᠷᠤᠭᠤᠨ ᠳᠡᠭᠡᠷᠡᠬᠢ ᠪᠠᠭ᠎ᠠ ᠰᠤᠷᠭᠠᠭᠤᠯᠢ ︾ ᠶᠢ | ᠡᠭᠦᠰᠬᠡᠨ ᠪᠠᠶᠢᠭᠤᠯᠬᠤ ᠠᠵᠢᠯ ᠢ ᠬᠠᠷᠢᠭᠤᠴᠠᠭᠰᠠᠨ ᠪᠠᠶᠢᠨ᠎ᠠ ᠃ ᠣᠶᠤᠨᠲᠤ ᠬᠠᠷᠠᠬᠠᠨ ᠪᠠᠭ᠎ᠠ ᠠᠴᠠ ᠪᠠᠨ ᠮᠣᠩᠭᠤᠯ | ᠬᠥᠮᠥᠨ ᠳᠤ ᠯᠡ ᠪᠠᠶᠢᠳᠠᠭ ᠤᠷᠠᠯᠢᠭ ᠤᠨ ᠡᠰ ᠲᠠᠢ ᠪᠠᠶᠢᠵᠤ᠂ ᠦᠨᠳᠦᠰᠦᠲᠡᠨ ᠤ ᠳᠠᠭᠤᠤ ᠬᠥᠭᠵᠢᠮ᠂ ᠬᠥᠭᠵᠢᠮᠳᠡᠭᠦᠷ | ᠤᠨ ᠬᠥᠭᠵᠢᠮ ᠳᠤ ᠣᠨᠴᠠᠭᠠᠶ ᠰᠣᠨᠢᠷᠬᠠᠯ ᠲᠠᠢ ᠪᠠᠶᠢᠪᠠ ᠃ ᠠᠷᠠᠳ ᠤᠨ ᠪᠠᠭᠰᠢ ᠪᠣᠯᠤᠭᠰᠠᠨ ᠤ ᠬᠤᠪᠢ ᠳᠤ ᠰᠠᠩᠫᠢᠯ | ᠡᠷ᠎ᠡ ᠡᠮ᠎ᠡ ᠬᠤᠶᠠᠭᠤᠯᠠ ᠬᠡᠦᠬᠡᠳ ᠤᠨ ᠢᠶᠠᠨ ᠰᠡᠬᠡᠭᠡᠷᠡᠭᠦᠯᠬᠦ ᠬᠥᠮᠦᠵᠢᠯ ᠢ ᠣᠨᠴᠠᠭᠠᠶᠢᠯᠠᠨ ᠴᠢᠬᠤᠯᠠᠴᠢᠯᠠᠵᠤ ᠂ | ᠬᠡᠦᠬᠡᠳ ᠤᠨ ᠢᠶᠠᠨ ᠣᠨᠴᠠ ᠴᠢᠳᠠᠪᠤᠷᠢ ᠶᠢ ᠬᠤᠷᠴᠠ ᠰᠡᠷᠭᠡᠭ ᠢᠶᠠᠷ ᠣᠯᠵᠤ ᠮᠡᠳᠡᠭᠰᠡᠨ ᠪᠠᠶᠢᠨ᠎ᠠ᠃ ᠨᠢᠭᠡ ᠵᠢᠯ᠂ ᠠᠪᠤ | ᠨᠢ ᠰᠢᠨᠵᠢᠶᠠᠩ ᠳᠤ ᠬᠦᠷᠴᠦ ᠵᠢᠭᠠᠨ ᠰᠤᠷᠭᠠᠯᠲᠠ ᠶᠢᠨ ᠰᠣᠯᠢᠯᠴᠠᠭ᠎ᠠ ᠪᠠᠶᠢᠴᠠᠭᠠᠯᠲᠠ ᠳᠤ ᠣᠷᠣᠯᠴᠠᠭᠠᠳ᠂ ᠨᠢᠭᠡᠨ | ᠰᠠᠨᠠᠮᠰᠠᠷ ᠦᠭᠡᠢ ᠵᠠᠪᠰᠢᠶᠠᠨ ᠢᠶᠠᠷ ᠯᠢᠩᠪᠦ ᠨᠢ ᠬᠡᠳᠦᠶᠢᠪᠡᠷ ᠳᠦᠷᠰᠦ ᠪᠦᠲᠦᠭᠡᠯᠲᠡ ᠨᠢ ᠬᠢᠯᠪᠠᠷ᠂ ᠡᠵᠡᠯᠡᠬᠦᠨ ᠨᠢ | ᠪᠠᠭ᠎ᠠ ᠵᠢᠵᠢᠭ ᠪᠣᠯᠪᠠᠴᠤ ᠬᠥᠭᠵᠢᠮᠳᠡᠬᠦ ᠬᠡᠪ ᠨᠠᠮᠪᠠ ᠨᠢ ᠥᠪᠡᠷᠮᠢᠴᠡ᠂ ᠢᠯᠡᠷᠡᠭᠦᠯᠦᠯ ᠤᠨ ᠬᠦᠴᠦᠨ ᠢᠶᠠᠷ ᠲᠤᠶᠢᠯ ᠤᠨ | ᠪᠠᠶᠠᠯᠢᠭ ᠪᠠᠶᠢᠳᠠᠭ ᠢ ᠣᠯᠵᠤ ᠮᠠᠲᠠᠵᠠᠢ᠂ ᠢᠩᠭᠢᠭᠡᠳ 12 ᠨᠠᠰᠤ ᠲᠠᠢ ᠣᠶᠤᠨᠲᠤ ᠥᠪᠡᠷ ᠤᠨ ᠬᠢᠨᠢ ᠠᠩᠬᠠᠨ ᠤ | ᠮᠥᠷᠲᠡᠭᠡᠨ ᠴᠣᠷᠢ ᠶᠢᠨ ᠭᠠᠭᠴᠠ ᠬᠥᠭᠵᠢᠮᠳᠡᠭᠦᠷ — ᠯᠢᠩᠪᠦ ᠲᠠᠢ ᠪᠣᠯᠤᠭᠰᠠᠨ ᠪᠠᠶᠢᠨ᠎ᠠ᠃ ᠣᠶᠤᠨᠲᠤ | ᠠᠪᠤ ᠶᠢᠨ ᠢᠶᠠᠨ ᠬᠤᠯᠠ ᠠᠴᠠ ᠠᠪᠴᠢᠷᠠᠭᠰᠠᠨ ᠪᠡᠯᠡᠭ ᠢ ᠭᠠᠷ ᠲᠤ ᠪᠠᠨ ᠪᠠᠷᠢᠭᠠᠳ ᠂ ᠲᠠᠯᠪᠢᠬᠤ ᠳᠤᠷ᠎ᠠ ᠦᠭᠡᠢ ᠪᠠᠶᠢᠵᠤ | ᠂ ᠲᠡᠷᠡ ᠳᠠᠷᠤᠢ ᠳᠤ ᠨᠢ ᠠᠪᠤ ᠳᠤ ᠪᠠᠨ ᠯᠢᠩᠪᠦ ᠦᠯᠢᠶᠡᠬᠦ ᠶᠢ ᠵᠠᠪᠠᠯ ᠰᠤᠷᠤᠨ᠎ᠠ ᠭᠡᠵᠦ ᠢᠯᠡᠳᠬᠡᠵᠡᠢ᠃ ᠡᠵᠢ ᠨᠢ | ᠵᠣᠷᠢᠭᠵᠢᠭᠤᠯᠬᠤ ᠶᠢᠨ ᠳᠠᠭᠠᠤ ᠳᠤ ᠬᠦᠦ ᠶᠢᠨ ᠢᠶᠠᠨ ᠢᠷᠡᠭᠡᠳᠦᠢ ᠶᠢᠨ ᠲᠤᠬᠠᠢ ᠬᠦᠰᠡᠨ ᠡᠷᠡᠮᠡᠯᠵᠡᠨ᠄ | ︽ᠬᠦᠦ ᠮᠢᠨᠢ᠂ ᠯᠢᠩᠪᠦ ᠳᠤ ᠳᠤᠷᠠᠲᠠᠢ ᠪᠣᠯ ᠰᠠᠶᠢᠨ ᠰᠤᠷ᠂ ᠬᠤᠵᠢᠮ ᠡᠨᠡ ᠵᠢᠵᠢᠭᠬᠡᠨ ᠯᠢᠩᠪᠦ ᠴᠢᠨᠢ ᠴᠢᠨᠦ | ᠬᠤᠭᠤᠯᠠ ᠢᠳᠡᠬᠦ ᠬᠥᠷᠥᠩᠭᠡ ᠪᠣᠯᠵᠤ ᠮᠡᠳᠡᠨ᠎ᠡ ᠰᠢᠸ ︕ ︾ ᠭᠡᠪᠡ᠃ ᠲᠤᠬᠠᠢ ᠶᠢᠨ ᠦᠶ᠎ᠡ ᠳᠤ ᠳᠠᠷᠬᠠᠨ | ᠮᠤᠤᠮᠢᠩᠭᠠᠨ ᠬᠤᠯᠪᠣᠭᠠᠲᠤ ᠬᠤᠰᠢᠭᠤᠨ ᠳᠤ ᠯᠢᠩᠪᠦ ᠦᠯᠢᠶᠡᠵᠦ ᠴᠢᠳᠠᠳᠠᠭ ᠪᠠᠭᠰᠢ ᠳᠡᠮᠡᠢ ᠣᠯᠠᠨ ᠦᠭᠡᠢ ᠪᠠᠶᠢᠵᠠᠢ ᠂ | ᠳᠡᠮᠴᠦᠭ ᠣᠶᠤᠨᠲᠤ ᠶᠢᠨ ᠠᠩᠬᠠᠨ ᠤ ᠪᠠᠭᠰᠢ ᠪᠣᠯᠵᠠᠢ ᠃ ᠳᠡᠮᠴᠦᠭ ᠪᠠᠭᠰᠢ ︵ᠣᠲᠣ ᠨᠢᠭᠡᠨᠲᠡ ᠨᠠᠰᠤ ᠪᠠᠷᠠᠪᠠ︶ 20 | ᠳ᠋ᠤᠭᠠᠷ ᠵᠠᠭᠤᠨ ᠤ ᠵᠢᠷᠠᠭᠠᠳ ᠣᠨ ᠤ ᠦᠶ᠎ᠡ ᠳᠤ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ | ᠤᠯᠠᠭᠠᠨᠮᠥ᠋ᠴᠢᠷ ᠤᠨ ᠠᠬᠠᠮᠠᠳ ᠭᠡᠰᠢᠭᠦᠨ ᠪᠠᠶᠢᠭᠰᠠᠨ ᠪᠥᠭᠡᠳ ᠲᠤᠬᠠᠢ ᠶᠢᠨ ᠦᠶ᠎ᠡ ᠶᠢᠨ ᠳᠠᠷᠬᠠᠨ ᠮᠤᠤᠮᠢᠩᠭᠠᠨ | ᠬᠤᠯᠪᠣᠭᠠᠲᠤ ᠬᠤᠰᠢᠭᠤᠨ ᠤ ᠯᠢᠩᠪᠦ ᠬᠥᠭᠵᠢᠮᠳᠡᠳᠡᠭ ︽ ᠣᠷᠭᠢᠯ ︾ ᠪᠠᠶᠢᠪᠠ ᠃ 1975 ᠣᠨ ᠳᠤ ᠣᠶᠤᠨᠲᠤ | ᠵᠢᠩᠬᠢᠨᠢ ᠪᠠᠷ ︽ᠪᠠᠭᠰᠢ ᠪᠠᠷᠢᠵᠤ ᠮᠡᠷᠭᠡᠵᠢᠯ ᠰᠤᠷᠬᠤ︾ ᠠᠵᠢᠯ ᠢᠶᠠᠨ ᠡᠬᠢᠯᠡᠭᠦᠯᠪᠡ᠃ ᠵᠢᠯ ᠬᠠᠭᠠᠰ ᠤᠨ ᠳᠠᠷᠠᠭ᠎ᠠ ᠂ | ᠲᠡᠷᠡ ᠪᠠᠰᠠ ᠮᠠ ᠷᠦᠢ ᠴᠢᠩ ᠢ ᠪᠠᠭᠰᠢ ᠪᠠᠷᠢᠪᠠ᠃ ᠠᠪᠢᠶᠠᠰ ᠪᠢᠯᠢᠭ ᠬᠤᠷᠴᠠ ᠰᠡᠷᠭᠦᠯᠡᠩ ᠪᠥᠭᠡᠳ ᠰᠢᠮᠳᠠᠨ | ᠰᠤᠷᠤᠯᠴᠠᠵᠤ ᠬᠠᠲᠠᠭᠤᠵᠢᠯᠲᠠᠢ ᠪᠣᠯᠪᠠᠰᠤᠷᠠᠭᠰᠠᠨ ᠠᠴᠠ ᠭᠤᠷᠪᠠᠨ ᠵᠢᠯ ᠬᠠᠭᠠᠰ ᠤᠨ ᠳᠠᠷᠠᠭ᠎ᠠ᠂ ᠣᠶᠤᠨᠲᠤ ᠶᠢᠨ | ᠬᠥᠭᠵᠢᠮᠳᠡᠬᠦ ᠬᠢᠷᠢ ᠬᠡᠮᠵᠢᠶ᠎ᠡ ᠨᠢ ᠮᠡᠳᠡᠭᠳᠡᠬᠦᠶᠢᠴᠡ ᠳᠡᠭᠡᠭᠰᠢᠯᠡᠵᠦ᠂ ᠬᠥᠭᠵᠢᠮ ᠤᠨ ᠨᠣᠲ ᠠᠪᠴᠢᠷᠠᠪᠠᠯ᠂ ᠲᠡᠷᠡ | ᠳᠠᠷᠤᠢ ᠪᠣᠯᠪᠠᠰᠤᠷᠠᠩᠭᠤᠢ ᠤᠷᠤᠰᠤᠮ᠎ᠠ ᠬᠥᠭᠵᠢᠮᠳᠡᠵᠦ ᠴᠢᠳᠠᠬᠤ ᠪᠣᠯᠣᠭᠰᠠᠨ ᠪᠥᠭᠡᠳ ᠬᠥᠭ ᠠᠶᠠᠰ ᠨᠢ ᠴᠦ ᠮᠠᠰᠢ | ᠰᠠᠶᠢᠬᠠᠨ ᠪᠠᠶᠢᠳᠠᠭ ᠃ ᠡᠭᠦᠨ ᠤ ᠬᠠᠮᠲᠤ ᠂ ᠰᠤᠷᠭᠠᠭᠤᠯᠢ ᠳᠤ ︽ ᠤᠯᠠᠭᠠᠨ ᠪᠢᠴᠢᠬᠠᠨ ᠴᠡᠷᠢᠭ ︾ ᠤᠨ ᠤᠳᠬ᠎ᠠ | ᠤᠷᠠᠯᠢᠭ ᠤᠨ ᠤᠬᠠᠭᠤᠯᠬᠤ ᠠᠩᠭᠢ ᠳᠤ ᠣᠷᠣᠯᠴᠠᠭᠰᠠᠨ ᠥᠩᠭᠡᠷᠡᠯᠲᠡ ᠨᠢ ᠴᠦ ᠲᠡᠭᠦᠨ ᠳᠤ ᠲᠠᠶᠢᠰᠠᠨ ᠤ | ᠲᠤᠷᠰᠢᠯᠭ᠎ᠠ ᠶᠢ ᠬᠤᠷᠠᠮᠳᠤᠭᠤᠯᠵᠠᠢ ᠃ ᠠᠵᠠ ᠲᠣᠬᠢᠶᠠᠯ ᠢ ᠬᠡᠵᠢᠶᠡᠳᠡ ᠪᠡᠯᠡᠳᠬᠡᠯ ᠲᠠᠢ ᠬᠥᠮᠥᠨ ᠳᠤ ᠦᠯᠡᠳᠡᠭᠡᠵᠦ | ᠥᠭᠲᠡᠭ ᠃ 1980 ᠣᠨ ᠳᠤ ᠂ ᠠᠷᠪᠠᠨ ᠵᠢᠯ ᠤᠨ ᠣᠨᠴᠠᠭᠠᠶ ᠬᠤᠭᠤᠴᠠᠭ᠎ᠠ ᠳᠠᠭᠤᠰᠤᠭᠰᠠᠨ ᠤ ᠳᠠᠷᠠᠭ᠎ᠠ᠂ ᠠᠪᠤ ᠨᠢ | ᠦᠷ᠎ᠡ ᠬᠡᠦᠬᠡᠳ ᠲᠤ ᠪᠠᠨ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠵᠤ ᠠᠵᠢᠯ ᠲᠣᠬᠢᠷᠠᠭᠤᠯᠬᠤ ᠭᠦᠢᠴᠡᠳᠬᠡᠯ | ᠲᠤᠭ᠎ᠠ ᠶᠢ ᠣᠯᠪᠠ᠂ ᠯᠢᠩᠪᠦ ᠬᠥᠭᠵᠢᠮᠳᠡᠬᠦ ᠣᠨᠴᠠ ᠠᠪᠢᠶᠠᠰ ᠲᠠᠢ ᠤᠴᠢᠷ ᠠᠴᠠ 17 ᠨᠠᠰᠤᠲᠠᠢ ᠣᠶᠤᠨᠲᠤ ᠳᠠᠷᠬᠠᠨ | ᠮᠤᠤᠮᠢᠩᠭᠠᠨ ᠬᠤᠯᠪᠣᠭᠠᠲᠤ ᠬᠤᠰᠢᠭᠤᠨ ᠤ ᠤᠯᠠᠭᠠᠨᠮᠥ᠋ᠴᠢᠷ ᠲᠤ ᠲᠣᠬᠢᠷᠠᠭᠤᠯᠤᠭᠳᠠᠨ ᠠᠵᠢᠯᠯᠠᠵᠤ ᠂ ᠵᠢᠩᠬᠢᠨᠢ ᠪᠠᠷ | ᠨᠢᠭᠡᠨ ᠲᠤᠰᠬᠠᠢ ᠮᠡᠷᠭᠡᠵᠢᠯ ᠤᠨ ᠯᠢᠩᠪᠦ ᠶᠢᠨ ᠬᠥᠭᠵᠢᠮᠴᠢᠨ ᠪᠣᠯᠣᠭᠰᠠᠨ ᠪᠠᠶᠢᠨ᠎ᠠ ᠃ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠤᠯᠠᠭᠠᠨᠮᠥ᠋ᠴᠢᠷ ᠲᠤ ᠠᠵᠢᠯᠯᠠᠭᠰᠠᠨ 8 ᠵᠢᠯ ᠤᠨ | ᠬᠤᠭᠤᠴᠠᠭᠠᠨ ᠳᠤ᠂ ᠣᠶᠤᠨᠲᠤ ᠥᠪᠡᠷ ᠤᠨ ᠣᠳᠣ ᠶᠢᠨ ᠬᠢᠷᠢ ᠲᠦᠪᠰᠢᠨ ᠳᠤ ᠪᠠᠨ ᠬᠠᠨᠤᠮᠵᠢ ᠦᠭᠡᠢ ᠪᠠᠶᠢᠵᠤ᠂ | ᠲᠡᠷᠡ ᠪᠠᠷ ᠡᠩ ᠤᠨ ᠦᠶ᠎ᠡ ᠶᠢᠨ ᠠᠵᠢᠯ ᠤᠨ ᠳᠤᠮᠳᠠ ᠪᠠᠨ ᠲᠣᠭᠯᠠᠵᠤ ᠰᠤᠷᠤᠯᠴᠠᠬᠤ ᠲᠣᠬᠢᠶᠠᠯ ᠢ ᠠᠰᠢᠭᠯᠠᠨ᠂ ᠪᠥᠬᠦ | ᠤᠯᠤᠰ ᠤᠨ ᠡᠯ᠎ᠡ ᠭᠠᠵᠠᠷ ᠤᠨ ᠬᠤᠯᠤᠰᠤᠨ ᠯᠢᠩᠪᠦ ᠶᠢᠨ ᠬᠥᠭᠵᠢᠮᠴᠢᠨ ᠶᠡᠭᠡ ᠪᠠᠭᠰᠢ ᠳᠤ ᠠᠶᠢᠯᠴᠢᠯᠠᠨ ᠬᠦᠷᠴᠦ | ᠰᠤᠷᠭᠠᠯ ᠬᠦᠷᠲᠡᠪᠡ ᠂ ᠵᠢᠱᠢᠶᠡᠯᠡᠪᠡᠯ ᠠᠯᠳᠠᠷᠲᠤ ᠯᠢᠩᠪᠦ ᠶᠢᠨ ᠬᠥᠭᠵᠢᠮᠴᠢᠨ ᠵᠣᠣ ᠰᠥᠩ ᠲᠢᠩ ᠪᠠᠭᠰᠢ᠂ ᠱᠠᠩᠬᠠᠢ | ᠶᠢᠨ ᠳᠠᠭᠤᠤ ᠪᠦᠵᠢᠭ ᠤᠨ ᠵᠦᠴᠦᠭᠡ ᠶᠢᠨ ᠬᠦᠷᠢᠶᠡᠯᠡᠩ ᠤᠨ ᠬᠤᠯᠤᠰᠤᠨ ᠯᠢᠩᠪᠦ ᠶᠢᠨ ᠬᠥᠭᠵᠢᠮᠴᠢᠨ ᠳ᠋ᠠᠢ ᠶᠢᠨ | ᠱᠧᠩ ᠪᠠᠭᠰᠢ᠂ ᠬᠤᠯᠤᠰᠤᠨ ᠯᠢᠩᠪᠦ ᠶᠢᠨ ᠬᠥᠭᠵᠢᠮᠴᠢᠨ᠂ ᠬᠥᠭᠵᠢᠮ ᠤᠨ ᠵᠣᠬᠢᠶᠠᠯᠴᠢ ᠯᠢ ᠳ᠋ᠡ ᠲᠦᠩ ᠪᠠᠭᠰᠢ ᠵᠢᠴᠢ | ᠲᠡᠭᠦᠨ ᠤ ᠰᠤᠷᠤᠭᠴᠢ ︽ᠰᠢᠨᠵᠢᠶᠠᠩ ᠤᠨ ᠬᠤᠯᠤᠰᠤᠨ ᠯᠢᠩᠪᠦ ᠶᠢᠨ ᠬᠡᠪ ᠨᠠᠮᠪᠠ ᠶᠢ ᠤᠯᠠᠮᠵᠢᠯᠠᠭᠴᠢ︾ ᠹᠠᠩ | ᠭᠤᠸᠠᠩ ᠶᠣᠣ ᠪᠠᠭᠰᠢ ᠵᠡᠷᠭᠡ ᠪᠣᠢ ᠃ ᠪᠠᠭᠰᠢ ᠨᠠᠷ ᠨᠢ ᠡᠨᠡ ᠬᠦ ᠤᠮᠠᠷᠠᠲᠤ ᠶᠢᠨ ᠲᠠᠯ᠎ᠠ ᠨᠤᠲᠤᠭ ᠠᠴᠠ ᠢᠷᠡᠭᠰᠡᠨ | ᠵᠠᠯᠠᠭᠤ ᠬᠦᠦ ᠶᠢᠨ ᠰᠢᠷᠭᠠᠭᠤ ᠬᠠᠲᠠᠭᠤᠵᠢᠯᠲᠠᠢ ᠪᠠᠷ ᠰᠤᠳᠤᠯᠤᠨ᠂ ᠳᠠᠷᠤᠤ ᠬᠢᠴᠢᠶᠡᠩᠭᠦᠢ ᠪᠠᠷ ᠵᠢᠭᠠᠯᠭᠠᠵᠤ᠂ | ᠤᠷᠠᠯᠢᠭ ᠢ ᠬᠠᠶᠢᠷᠠᠯᠠᠬᠤ ᠵᠣᠷᠢᠭ ᠰᠠᠨᠠᠭ᠎ᠠ ᠳᠤ ᠨᠢ ᠰᠡᠳᠬᠢᠯ ᠬᠥᠳᠡᠯᠵᠦ ᠂ ᠲᠡᠭᠦᠨ ᠳᠤ ᠤᠷ᠎ᠠ ᠮᠡᠷᠭᠡᠵᠢᠯ ᠢᠶᠠᠨ | ᠥᠴᠥᠬᠡᠨ ᠴᠦ ᠦᠯᠡᠳᠡᠭᠡᠯ ᠦᠭᠡᠢ ᠪᠠᠷ ᠵᠢᠭᠠᠵᠤ ᠥᠭᠲᠡᠭ ᠪᠠᠶᠢᠯ᠎ᠠ ᠃ ᠡᠭᠦᠨ ᠤ ᠬᠠᠮᠲᠤ ᠲᠡᠷᠡ ᠬᠥᠳᠡᠭᠡ ᠪᠠᠭᠤᠵᠤ | ᠲᠣᠭᠯᠠᠯᠲᠠ ᠭᠠᠷᠭᠠᠬᠤ ᠶᠠᠪᠤᠴᠠ ᠳᠤ ᠪᠠᠨ ᠪᠦᠭᠦ ᠬᠤᠰᠢᠭᠤᠨ ᠤ ᠨᠢᠭᠡᠳᠦᠯ ᠨᠢᠭᠡ ᠪᠦᠷᠢ᠂ ᠭᠠᠴᠠᠭ᠎ᠠ ᠨᠢᠭᠡ ᠪᠦᠷᠢ᠂ | ᠴᠢᠨᠠᠭᠰᠢᠯᠠᠪᠠᠯ ᠮᠠᠯᠴᠢᠨ ᠡᠷᠤᠬᠡ ᠨᠢᠭᠡ ᠪᠦᠷᠢ ᠪᠠᠷ ᠲᠣᠭᠤᠷᠢᠵᠤ ᠂ ᠲᠣᠭᠯᠠᠯᠲᠠ ᠳᠠᠭᠤᠰᠤᠭᠰᠠᠨ ᠤ ᠲᠠᠷᠠᠭ᠎ᠠ | ᠮᠠᠯᠴᠢᠳ ᠲᠠᠢ ᠬᠠᠮᠲᠤ ᠢᠳᠡᠵᠦ ᠬᠠᠮᠲᠤ ᠬᠤᠨᠣᠵᠤ ᠬᠠᠮᠲᠤ ᠬᠥᠳᠡᠯᠮᠦᠷᠢᠯᠡᠨ᠂ ᠮᠠᠯᠴᠢᠨ ᠲᠦᠮᠡᠨ ᠠᠴᠠ ᠰᠤᠷᠤᠯᠴᠠᠵᠤ ᠂ | ᠡᠯᠪᠡᠭ ᠪᠠᠶᠠᠯᠢᠭ ᠠᠮᠢᠳᠤᠷᠠᠯ ᠤᠨ ᠲᠤᠷᠰᠢᠯᠭ᠎ᠠ ᠬᠤᠷᠠᠮᠳᠤᠭᠤᠯᠵᠤ ᠂ ᠲᠠᠯ᠎ᠠ ᠨᠤᠲᠤᠭ ᠤᠨ ᠭᠦᠨ ᠵᠤᠵᠠᠭᠠᠨ ᠬᠠᠶᠢᠷ᠎ᠠ | ᠰᠡᠳᠬᠢᠯᠭᠡ ᠶᠢ ᠲᠤᠩᠭᠠᠨ ᠠᠪᠴᠠᠢ᠃ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠤᠯᠠᠭᠠᠨᠮᠥ᠋ᠴᠢᠷ ᠲᠤ ᠠᠵᠢᠯᠯᠠᠭᠰᠠᠨ 8 ᠵᠢᠯ ᠨᠢ | ᠣᠶᠤᠨᠲᠤ ᠶᠢᠨ ᠬᠥᠭᠵᠢᠮᠳᠡᠬᠦ ᠤᠷᠠᠯᠢᠭ ᠤᠨ ᠠᠮᠢᠳᠤᠷᠠᠯ ᠳᠤ ᠪᠠᠲᠤ ᠪᠠᠬᠢ ᠰᠠᠭᠤᠷᠢ ᠶᠢ ᠲᠠᠯᠪᠢᠵᠠᠢ ᠃ ᠶᠠᠭ ᠲᠡᠭᠦᠨ ᠤ | ᠦᠷᠭᠦᠯᠵᠢ ᠬᠡᠯᠡᠭᠰᠡᠨᠴᠢᠯᠡᠨ᠄ ︽ ᠪᠢ ᠲᠠᠯ᠎ᠠ ᠨᠤᠲᠤᠭ ᠲᠤ ᠲᠦᠷᠤᠵᠤ ᠂ ᠲᠠᠯ᠎ᠠ ᠨᠤᠲᠤᠭ ᠲᠤ ᠥᠰᠴᠦ ᠥᠰᠦᠭᠰᠡᠨ | ᠤᠴᠢᠷ ᠠᠴᠠ ᠰᠠᠶ᠋ᠢ ᠯᠢᠩᠪᠦ ᠪᠠᠷ ᠲᠠᠯ᠎ᠠ ᠨᠤᠲᠤᠭ ᠢ ᠬᠡᠷᠬᠢᠨ ᠢᠯᠡᠳᠬᠡᠬᠦ ᠂ ᠲᠠᠯ᠎ᠠ ᠨᠤᠲᠤᠭ ᠢ ᠬᠡᠷᠬᠢᠨ ᠮᠠᠭᠲᠠᠨ | ᠰᠠᠶᠢᠰᠢᠶᠠᠬᠤ ᠂ ᠲᠠᠯ᠎ᠠ ᠨᠤᠲᠤᠭ ᠪᠠ ᠯᠢᠩᠪᠦ ᠶᠢ ᠬᠡᠷᠬᠢᠨ ᠨᠢᠭᠡ ᠴᠣᠭᠴᠠ ᠪᠣᠯᠭᠠᠨ ᠠᠭᠤᠰᠬᠠᠬᠤ ᠶᠢ ᠦᠨᠡᠨ | ᠰᠡᠳᠬᠢᠯ ᠠᠴᠠ ᠪᠠᠨ ᠵᠢᠩᠬᠢᠨᠢ ᠣᠶᠢᠯᠠᠭᠠᠵᠤ ᠴᠢᠳᠠᠪᠠ︾ ᠃ | ᠤᠷᠠᠯᠢᠭ ᠤᠨ ᠲᠠᠯᠠᠢ ᠳᠤ ᠬᠢᠵᠠᠭᠠᠷ ᠦᠭᠡᠢ ᠂ ᠡᠷᠳᠡᠮ ᠮᠡᠳᠡᠯᠭᠡ ᠳᠤ ᠬᠢᠵᠠᠭᠠᠷ ᠦᠭᠡᠢ | ᠣᠶᠤᠨᠲᠤ ᠶᠢᠨ ᠪᠠᠭ᠎ᠠ ᠰᠤᠷᠭᠠᠭᠤᠯᠢ ᠶᠢᠨ ᠦᠶ᠎ᠡ ᠨᠢ ᠤᠯᠤᠰ ᠤᠨ ᠣᠨᠴᠠᠭᠠᠢ ᠴᠠᠭ ᠦᠶ᠎ᠡ ᠳᠤ ᠪᠠᠶᠢᠵᠤ ᠂ ᠡᠨᠡ | ᠬᠤᠭᠤᠴᠠᠭᠠᠨ ᠳᠤ ᠪᠠᠰᠠ ᠠᠪᠤ ᠡᠵᠢ ᠶᠢᠨ ᠢᠶᠠᠨ ᠠᠵᠢᠯ ᠰᠢᠯᠵᠢᠬᠦ ᠶᠢ ᠳᠠᠭᠠᠯᠳᠤᠨ ᠮᠠᠯᠵᠢᠬᠤ ᠣᠷᠣᠨ ᠠᠴᠠ ᠬᠤᠰᠢᠭᠤ | ᠰᠢᠶᠠᠨ ᠤ ᠰᠤᠷᠭᠠᠭᠤᠯᠢ ᠳᠤ ᠣᠷᠣᠵᠤ᠂ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠪᠠᠨ ᠲᠡᠭᠦᠰᠬᠦ ᠠᠴᠠ ᠡᠮᠦᠨ᠎ᠡ | ᠠᠵᠢᠯ ᠳᠤ ᠣᠷᠣᠯᠴᠠᠪᠠ ᠂ ᠬᠡᠳᠦᠶᠢᠪᠡᠷ ᠠᠪᠤ ᠡᠵᠢ ᠨᠢ ᠰᠤᠷᠭᠠᠨ ᠬᠥᠮᠦᠵᠢᠯ ᠤᠨ ᠠᠵᠢᠯᠲᠠᠨ ᠪᠠᠶᠢᠭᠰᠠᠨ ᠴᠤ ᠲᠡᠭᠦᠨ ᠤ | ᠮᠡᠳᠡᠯᠭᠡ ᠶᠢᠨ ᠳᠤᠲᠠᠭᠤᠳᠠᠯ ᠢ ᠨᠥᠬᠦᠪᠦᠷᠢᠯᠡᠵᠦ ᠳᠡᠶᠢᠯᠬᠦ ᠦᠭᠡᠢ ᠪᠠᠶᠢᠯ᠎ᠠ ᠃ ᠢᠯᠡᠷᠡᠯ ᠨᠢ ᠲᠣᠪᠣᠶᠢᠮ᠎ᠠ ᠤᠴᠢᠷ ᠠᠴᠠ | 1987 ᠣᠨ ᠳᠤ ᠤᠯᠠᠭᠠᠨᠴᠠᠪ ᠠᠶᠢᠮᠠᠭ ᠤᠨ ᠳᠠᠭᠤᠤ ᠪᠥᠵᠢᠭ ᠤᠨ ᠪᠦᠯᠬᠦᠮ ᠤᠨ ᠬᠢᠨ ᠣᠶᠤᠨᠲᠤ ᠳᠤ ︽ ᠠᠷᠤᠷ᠎ᠠ | ᠶᠢᠨ ᠨᠠᠮᠠᠭ᠎ᠠ︾ ᠶᠢ ᠰᠢᠳᠡᠨ ᠂ ᠲᠡᠭᠦᠨ ᠢ ᠲᠡᠨᠳᠡ ᠣᠴᠢᠨ ᠠᠵᠢᠯᠯᠠᠭᠤᠯᠬᠤ ᠰᠠᠨᠠᠭ᠎ᠠ ᠲᠠᠢ ᠪᠠᠶᠢᠪᠠ᠃ ︽ᠪᠢ | ᠬᠠᠰᠢᠯᠠ ᠶᠡᠭᠡ ᠰᠤᠷᠭᠠᠭᠤᠯᠢ ᠳᠤ ᠰᠢᠯᠭᠠᠭᠤᠯᠬᠤ ᠰᠠᠨᠠᠭ᠎ᠠ ᠲᠠᠢ᠂ ᠪᠢ ᠨᠡᠩ ᠣᠯᠠᠨ ᠰᠣᠶᠣᠯ ᠮᠡᠳᠡᠯᠭᠡ ᠰᠤᠷᠬᠤ | ᠰᠠᠨᠠᠭ᠎ᠠ ᠲᠠᠢ᠂ ᠨᠡᠩ ᠥᠨᠳᠥᠷ ᠬᠥᠭᠵᠢᠮᠳᠡᠬᠦ ᠤᠷ᠎ᠠ ᠳᠡᠮ ᠢ ᠡᠵᠡᠮᠰᠢᠬᠦ ᠰᠠᠨᠠᠭ᠎ᠠ ᠲᠠᠢ︾ ᠭᠡᠵᠦ ᠭᠡᠵᠦ ᠨᠡᠩ ᠥᠷᠭᠡᠨ | ᠠᠭᠤᠳᠠᠮ ᠲᠣᠭᠯᠠᠯᠲᠠ ᠶᠢᠨ ᠲᠠᠶᠢᠰᠠᠨ ᠤ ᠡᠮᠦᠨ᠎ᠡ ᠂ ᠣᠶᠤᠨᠲᠤ ᠦᠷᠭᠦᠯᠵᠢᠯᠡᠨ ᠰᠤᠷᠭᠠᠭᠤᠯᠢ ᠳᠤ ᠰᠤᠷᠤᠯᠴᠠᠬᠤ ᠶᠢ | ᠰᠣᠩᠭᠤᠪᠠ ᠃ 1987 ᠣᠨ ᠳᠤ᠂ 8 ᠵᠢᠯ ᠠᠵᠢᠯᠯᠠᠭᠰᠠᠨ ᠣᠶᠤᠨᠲᠤ ᠳᠡᠭᠡᠳᠦ ᠰᠤᠷᠭᠠᠭᠤᠯᠢ ᠶᠢᠨ ᠰᠣᠷᠣᠭᠴᠢ | ᠡᠯᠰᠡᠬᠦ ᠰᠢᠯᠭᠠᠯᠲᠠ ᠳᠤ ᠨᠡᠷ᠎ᠡ ᠮᠡᠳᠡᠭᠦᠯᠦᠭᠰᠡᠨ ᠪᠠᠶᠢᠨ᠎ᠠ ᠃ ᠳᠡᠮᠡᠢ ᠤᠳᠠᠭᠰᠠᠨ ᠦᠭᠡᠢ᠂ ᠲᠡᠷᠡ ᠪᠠᠷᠠᠭᠤᠨ | ᠬᠤᠶᠢᠲᠤ ᠶᠢᠨ ᠦᠨᠳᠦᠰᠦᠲᠡᠨ ᠤ ᠶᠡᠭᠡ ᠰᠤᠷᠭᠠᠭᠤᠯᠢ ᠶᠢᠨ ᠡᠯᠰᠡᠬᠦ ᠮᠡᠳᠡᠭᠳᠡᠯ ᠤᠨ ᠪᠢᠴᠢᠭ ᠢ ᠣᠯᠵᠠᠢ ᠃ | ᠶᠡᠭᠡ ᠰᠤᠷᠭᠠᠭᠤᠯᠢ ᠶᠢᠨ ᠳᠥᠷᠪᠡᠨ ᠵᠢᠯ ᠳᠤ᠂ ᠣᠶᠤᠨᠲᠤ ᠥᠪᠡᠷ ᠢ ᠪᠠᠨ ︽ᠪᠠᠲᠤ ᠬᠤᠷᠭᠤ︾ ᠶᠢᠨ | ᠲᠦᠯᠬᠢᠭᠦᠷ ᠢ ᠣᠯᠴᠢᠬᠠᠯ᠎ᠠ ᠭᠡᠵᠦ ᠶᠡᠷᠦ ᠪᠤᠳᠤᠭ᠎ᠠ ᠦᠭᠡᠢ ᠪᠠᠶᠢᠯ᠎ᠠ᠃ ᠶᠡᠭᠡ ᠰᠤᠷᠭᠠᠭᠤᠯᠢ ᠶᠢᠨ ᠲᠤᠰᠬᠠᠢ | ᠮᠡᠷᠭᠡᠵᠢᠯ ᠤᠨ ᠲᠠᠯ᠎ᠠ ᠪᠠᠷ ᠬᠢ ᠨᠡᠩ ᠥᠨᠳᠥᠷ ᠱᠠᠭᠠᠷᠳᠠᠯᠭ᠎ᠠ ᠨᠢ ᠲᠡᠭᠦᠨ ᠳᠤ ᠥᠪᠡᠷ ᠤᠨ ᠬᠢᠨᠢ ᠬᠦᠷᠦᠯᠴᠡᠬᠦ ᠦᠭᠡᠢ | ᠲᠠᠯ᠎ᠠ ᠶᠢ ᠭᠦᠨ ᠮᠡᠳᠡᠷᠡᠭᠦᠯᠪᠡ ᠃ ᠲᠡᠷᠡ ᠠᠯᠢᠪᠠ ᠵᠠᠪᠰᠢᠶᠠᠨ ᠢ ᠠᠮᠵᠢᠨ ᠥᠯᠥᠰᠴᠦ ᠤᠮᠳᠠᠭᠠᠰᠤᠭᠰᠠᠨ ᠮᠡᠲᠦ | ᠴᠢᠷᠮᠠᠶᠢᠨ ᠰᠤᠷᠤᠯᠴᠠᠬᠤ ᠶᠢᠨ ᠬᠠᠮᠲᠤ ᠨᠤᠲᠤᠭ ᠤᠨ ᠢᠶᠠᠨ ᠠᠮᠢᠳᠤᠷᠠᠯ ᠠᠵᠢᠯ ᠤᠨ ᠳᠤᠮᠳᠠᠬᠢ ᠵᠢᠵᠢᠭ ᠰᠠᠵᠢᠭ | ᠵᠦᠢᠯ ᠤᠳ ᠢ ᠲᠣᠭᠠᠯᠠᠰᠢ ᠦᠭᠡᠢ ᠤᠯᠠᠨ ᠤᠳᠠᠭ᠎ᠠ ᠶᠢᠨ ᠬᠥᠭᠵᠢᠮᠳᠡᠨ ᠪᠣᠯᠪᠠᠰᠤᠷᠠᠬᠤ ᠳᠤ ᠪᠠᠨ ᠠᠭᠤᠰᠬᠠᠨ | ᠣᠷᠣᠭᠤᠯᠤᠭᠰᠠᠨ ᠪᠠᠶᠢᠨ᠎ᠠ ᠃ ᠳᠥᠷᠪᠡᠨ ᠵᠢᠯ ᠤᠨ ᠰᠢᠷᠭᠠᠭᠤ ᠴᠢᠷᠮᠠᠶᠢᠯᠭ᠎ᠠ ᠪᠠᠷ ᠳᠡᠮᠵᠢᠨ᠂ ᠬᠥᠭᠵᠢᠮᠳᠡᠬᠦ ᠬᠢᠷᠢ | ᠲᠦᠪᠰᠢᠨ ᠪᠠ ᠤᠷᠠᠯᠢᠭ ᠤᠨ ᠣᠨᠣᠯ ᠤᠨ ᠠᠯᠢ ᠨᠢ ᠴᠦ ᠭᠡᠰᠡᠨ ᠴᠥᠮ ᠠᠩᠭᠢ᠂ ᠰᠠᠯᠪᠤᠷᠢ ᠶᠢᠨ ᠢᠶᠠᠨ ᠣᠷᠣᠶᠢᠯᠠᠭᠴᠢ | ᠨᠢ ᠪᠣᠯᠵᠤ᠂ ᠪᠠᠭᠰᠢ ᠨᠠᠷ ᠤᠨ ᠢᠶᠠᠨ ︽ᠬᠠᠶᠢᠷᠠᠲᠠᠢ ᠱᠠᠪᠢ ︾ ᠪᠣᠯᠤᠭᠰᠠᠨ ᠪᠠᠶᠢᠨ᠎ᠠ᠃ | ︽ᠮᠣᠷᠢᠨ ᠨᠢᠷᠤᠭᠤᠨ ᠳᠡᠭᠡᠷᠡᠬᠢ ᠪᠠᠭ᠎ᠠ ᠰᠤᠷᠭᠠᠭᠤᠯᠢ︾ ᠶᠢᠨ ᠵᠣᠷᠢᠭ ᠰᠠᠨᠠᠭ᠎ᠠ ᠶᠢ ᠤᠯᠠᠮᠵᠢᠯᠠᠨ | ᠵᠠᠯᠭᠠᠮᠵᠢᠯᠠᠵᠤ᠂ ᠬᠢᠴᠢᠶᠡᠯ ᠤᠨ ᠲᠠᠪᠴᠠᠩ ᠳᠤ ᠭᠤᠴᠢᠨ ᠵᠢᠯ ᠬᠢᠴᠢᠶᠡᠩᠭᠦᠶᠢᠯᠡᠨ ᠠᠵᠢᠯᠯᠠᠪᠠ | 1991 ᠣᠨ ᠳᠤ ᠶᠡᠭᠡ ᠰᠤᠷᠭᠠᠭᠤᠯᠢ ᠪᠠᠨ ᠲᠡᠭᠦᠰᠦᠮᠡᠭᠴᠡ ᠣᠶᠤᠨᠲᠤ ᠥᠪᠥᠷ ᠮᠣᠩᠭᠤᠯ ᠤᠨ ᠤᠷᠠᠯᠢᠭ ᠤᠨ | ᠳᠡᠭᠡᠳᠦ ᠰᠤᠷᠭᠠᠭᠤᠯᠢ ᠳᠤ ᠬᠤᠪᠢᠶᠠᠭᠳᠠᠨ ᠪᠠᠭᠰᠢᠯᠠᠪᠠ ᠃ ᠲᠡᠷᠡ ᠠᠷᠠᠳ ᠤᠨ ᠪᠠᠭᠰᠢ ᠭᠡᠬᠦ ᠡᠨᠡ ᠬᠦ ᠠᠵᠢᠯ | ᠲᠥᠷᠥᠯ ᠤᠨ ᠡᠷᠬᠢᠮ ᠳᠡᠭᠡᠳᠦ ᠶᠢ ᠲᠦᠷᠦᠮᠡᠭᠴᠡ ᠪᠠᠨ ᠭᠦᠨᠵᠡᠭᠡᠢ ᠣᠶᠢᠯᠠᠭᠠᠭᠰᠠᠨ ᠤ ᠬᠢ ᠪᠠᠶᠢᠵᠤ ᠮᠡᠳᠡᠨ᠎ᠡ ᠂ | ᠭᠤᠷᠪᠠᠨ ᠲᠣᠬᠤᠢ ᠬᠢᠴᠢᠶᠡᠯ ᠤᠨ ᠲᠠᠪᠴᠠᠩ ᠳᠤ ᠭᠠᠷᠤᠭᠰᠠᠨ ᠠᠴᠠ ᠪᠠᠨ ᠬᠤᠶᠢᠰᠢ ᠲᠠᠬᠢᠵᠤ ᠰᠠᠯᠤᠭ᠎ᠠ ᠦᠭᠡᠢ ᠃ | ᠠᠷᠠᠳ ᠤᠨ ᠪᠠᠭᠰᠢ ᠪᠣᠯᠬᠤ ᠨᠢ ᠲᠡᠭᠦᠨ ᠤ ᠬᠠᠮᠤᠭ ᠤᠨ ᠶᠡᠭᠡ ᠬᠦᠰᠡᠯ ᠵᠡᠭᠦᠳᠦ ᠪᠠᠶᠢᠵᠤ ᠮᠡᠳᠡᠨ᠎ᠡ ᠃ ᠪᠠᠭᠰᠢ ᠶᠢᠨ | ᠠᠵᠢᠯ ᠤᠨ ᠲᠤᠬᠠᠢ ᠶᠠᠷᠢᠬᠤ ᠳᠤ᠂ ᠣᠶᠤᠨᠲᠤ ᠡᠩ ᠲᠡᠷᠢᠭᠦᠨ ᠳᠤ ᠡᠴᠢᠭᠡ ᠡᠬᠡ ᠶᠢᠨ ᠢᠶᠠᠨ ᠪᠢᠴᠢᠭ ᠵᠢᠭᠠᠵᠤ ᠬᠥᠮᠥᠨ | ᠢ ᠬᠥᠮᠥᠵᠢᠭᠦᠯᠦᠭᠰᠡᠨ ᠥᠯᠢᠭᠡᠷ ᠢ ᠶᠠᠷᠢᠳᠠᠭ᠃ ᠠᠪᠤ ᠨᠢ 20 ᠳ᠋ᠤᠭᠠᠷ ᠵᠠᠭᠤᠨ ᠤ ᠲᠠᠪᠢᠭᠠᠳ ᠣᠨ ᠤ ᠦᠶ᠎ᠡ ᠶᠢᠨ | ᠣᠶᠤᠲᠠᠨ ᠪᠠᠶᠢᠵᠤ ᠂ ᠲᠦᠷᠦᠭᠰᠡᠨ ᠨᠤᠲᠤᠭ ᠰᠢᠯᠢ ᠶᠢᠨ ᠭᠤᠣᠯ ᠠᠶᠢᠮᠠᠭ ᠤᠨ ᠰᠢᠯᠤᠭᠤᠨ ᠬᠥᠬᠡ ᠬᠤᠰᠢᠭᠤᠨ ᠠᠴᠠ | ᠥᠪᠥᠷ ᠮᠣᠩᠭᠤᠯ ᠤᠨ ᠮᠣᠩᠭᠤᠯ ᠦᠨᠳᠦᠰᠦᠲᠡᠨ ᠤ ᠲᠤᠰᠬᠠᠢ ᠮᠡᠷᠭᠡᠵᠢᠯ ᠤᠨ ᠰᠤᠷᠭᠠᠭᠤᠯᠢ ᠳᠤ ᠰᠢᠯᠭᠠᠨ ᠣᠷᠣᠵᠠᠢ ᠃ | ᠲᠡᠭᠦᠰᠦᠭᠰᠡᠨ ᠤ ᠳᠠᠷᠠᠭ᠎ᠠ ᠬᠢᠵᠠᠭᠠᠷ ᠣᠷᠣᠨ ᠢ ᠳᠡᠮᠵᠢᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ | ᠪᠠᠶᠠᠨᠬᠤᠸᠠ ᠨᠢᠭᠡᠳᠦᠯ ᠳᠤ ᠪᠠᠭᠰᠢᠯᠠᠪᠠ᠃ 1967 ᠣᠨ ᠳᠤ ᠂ ᠲᠡᠷᠡ ᠵᠣᠬᠢᠶᠠᠨ ᠪᠠᠶᠢᠭᠤᠯᠤᠯᠲᠠ ᠠᠴᠠ | ᠲᠤᠰᠢᠶᠠᠭᠰᠠᠨ ︽ ᠮᠣᠷᠢᠨ ᠨᠢᠷᠤᠭᠤᠨ ᠳᠡᠭᠡᠷᠡᠬᠢ ᠪᠠᠭ᠎ᠠ ᠰᠤᠷᠭᠠᠭᠤᠯᠢ ︾ ᠶᠢ ᠡᠭᠦᠳᠦᠨ ᠪᠠᠶᠢᠭᠤᠯᠬᠤ ᠢᠷᠠᠭᠤ ᠠᠯᠳᠠᠷ | ᠲᠠᠢ ᠪᠥᠭᠡᠳ ᠬᠠᠲᠠᠭᠤᠵᠢᠯᠲᠠᠢ ᠡᠭᠦᠷᠭᠡ ᠶᠢ ᠬᠦᠯᠢᠶᠡᠨ ᠠᠪᠤᠪᠠ ᠃ | ᠠᠷᠠᠳ ᠤᠨ ᠰᠤᠷᠭᠠᠨ ᠬᠥᠮᠦᠵᠢᠯ ᠤᠨ ᠬᠡᠪᠯᠡᠯ ᠤᠨ ᠬᠤᠷᠢᠶᠠᠨ ᠤ ᠪᠠᠭ᠎ᠠ ᠰᠤᠷᠭᠠᠭᠤᠯᠢ ᠶᠢᠨ ᠶᠢᠰᠦᠨ ᠵᠢᠯ ᠤᠨ | ᠳᠦᠷᠢᠮᠲᠦ ᠬᠡᠯᠡ ᠪᠢᠴᠢᠭ ᠤᠨ ᠬᠢᠴᠢᠶᠡᠯ ᠤᠨ ᠳᠡᠪᠲᠡᠷ ᠲᠤ ᠂ ᠨᠢᠭᠡᠨ ᠪᠠᠳᠠᠭ ᠬᠡᠳᠦᠨ ᠦᠶ᠎ᠡ ᠶᠢᠨ ᠬᠥᠮᠥᠰ ᠢ | ᠨᠥᠯᠥᠭᠡᠯᠡᠭᠰᠡᠨ ᠤᠳᠤ ᠦᠶ᠎ᠡ ᠶᠢᠨ ᠰᠢᠯᠦᠭ ᠪᠠᠶᠢᠳᠠᠭ ᠨᠢ ᠳᠠᠷᠤᠢ ᠯᠢ ᠢᠦ ᠷᠦᠩ ᠤᠨ ︽ ᠮᠣᠷᠢᠨ ᠨᠢᠷᠣᠭᠤᠨ | ᠳᠡᠭᠡᠷᠡᠬᠢ ᠪᠠᠭ᠎ᠠ ᠰᠤᠷᠭᠠᠭᠤᠯᠢ ︾ ᠪᠣᠯᠣᠨ᠎ᠠ ᠃ ᠰᠢᠯᠦᠭ ᠲᠤ ᠪᠢᠴᠢᠭᠰᠡᠨ ᠨᠢ ᠄ | ᠥᠷᠯᠥᠭᠡ ᠂ ᠦᠷ ᠤᠨ ᠲᠤᠶᠠᠭ᠎ᠠ ᠮᠣᠷᠢᠨ ᠤ ᠨᠢᠷᠤᠭᠤᠨ ᠳᠡᠭᠡᠷ᠎ᠡ ᠠᠴᠠ ᠮᠠᠨᠳᠤᠨ᠂ ᠦᠳᠡᠰᠢ᠂ ᠣᠳᠣᠨ | ᠮᠡᠴᠢᠳ ᠮᠣᠷᠢᠨ ᠨᠢᠷᠤᠭᠤᠨ ᠳᠡᠭᠡᠷ᠎ᠡ ᠭᠢᠯᠠᠯᠵᠠᠨ᠎ᠠ᠂ | ᠮᠣᠷᠢᠨ ᠨᠢᠷᠤᠭᠤ ᠪᠣᠯ ᠮᠢᠨᠤ ᠬᠠᠯᠭᠤᠨ ᠳᠤᠯᠠᠭᠠᠨ ᠭᠡᠷ ᠰᠢᠸ ᠂ ᠪᠠᠭ᠎ᠠ ᠨᠠᠰᠤᠨ ᠤ ᠵᠡᠭᠦᠳᠦ ᠲᠡᠶᠢᠮᠦ ᠴᠤ ᠰᠠᠶᠢᠬᠠᠨ ᠃ | ᠪᠢ ᠮᠣᠷᠢᠨ ᠨᠢᠷᠤᠭᠤᠨ ᠳᠡᠭᠡᠷ᠎ᠡ ᠠᠯᠲᠠᠨ ᠵᠢᠭᠦᠷ ᠤᠷᠭᠤᠭᠤᠯᠵᠤ᠂ ᠴᠡᠴᠡᠭ ᠰᠢᠭ ᠲᠠᠯ᠎ᠠ ᠨᠤᠲᠤᠭ ᠲᠤ | ᠳᠡᠭᠦᠯᠢᠨ ᠨᠢᠰᠬᠦ ᠶᠢ ᠬᠦᠰᠡᠨ᠎ᠡ ᠃ | ᠦᠬᠡᠷ ᠬᠤᠨᠢᠳ ᠣᠳᠣ ᠮᠡᠲᠦ ᠬᠠᠵᠠᠭᠤ ᠳᠤ ᠭᠢᠯᠠᠯᠵᠠᠨ ᠂ ᠪᠡᠯᠴᠢᠭᠡᠷ ᠡᠪᠡᠰᠦ ᠨᠣᠭᠤᠭᠠᠨ ᠡᠭᠦᠯᠡ ᠮᠡᠲᠦ ᠬᠥᠯ | ᠳᠣᠣᠷ᠎ᠠ ᠳᠠᠪᠠᠯᠭᠠᠯᠠᠨ᠎ᠠ᠃ | ︽ ᠮᠣᠷᠢᠨ ᠨᠢᠷᠤᠭᠤᠨ ᠳᠡᠭᠡᠷᠡᠬᠢ ᠪᠠᠭ᠎ᠠ ᠰᠤᠷᠭᠠᠭᠤᠯᠢ ︾ ᠪᠣᠯ 20 ᠳ᠋ᠤᠭᠠᠷ ᠵᠠᠭᠤᠨ ᠤ ᠲᠠᠪᠢ ᠵᠢᠷᠠᠭᠠᠳ | ᠣᠨ ᠤ ᠬᠢᠯᠢ ᠬᠢᠵᠠᠭᠠᠷ ᠤᠨ ᠦᠨᠳᠦᠰᠦᠲᠡᠨ ᠤ ᠣᠷᠣᠨ ᠤ ᠰᠤᠷᠭᠠᠨ ᠬᠥᠮᠦᠵᠢᠯ ᠢ ᠲᠦᠯᠬᠢᠨ ᠠᠬᠢᠭᠤᠯᠬᠤ ᠨᠢᠭᠡ | ᠵᠦᠢᠯ ᠤᠨ ᠪᠦᠲᠦᠮᠵᠢᠲᠡᠶ ᠵᠢᠭᠠᠨ ᠰᠤᠷᠭᠠᠯᠲᠠ ᠶᠢᠨ ᠬᠡᠯᠪᠡᠷᠢ ᠪᠣᠯᠣᠨ᠎ᠠ ᠃ ᠮᠠᠯᠴᠢᠳ ᠤᠨ ᠤᠰᠤ ᠪᠡᠯᠴᠢᠭᠡᠷ ᠢ ᠳᠠᠭᠠᠵᠤ | ᠠᠮᠢᠳᠤᠷᠠᠵᠤ ᠪᠠᠶᠢᠭ᠎ᠠ ᠦᠢᠯᠡᠳᠪᠦᠷᠢᠯᠡᠯ ᠠᠮᠢᠳᠤᠷᠠᠯ ᠤᠨ ᠪᠣᠳᠠᠲᠤ ᠪᠠᠶᠢᠳᠠᠯ ᠳᠤ ᠴᠢᠭᠯᠡᠭᠦᠯᠦᠨ᠂ ᠰᠤᠷᠭᠠᠭᠤᠯᠢ ᠨᠢ | ᠮᠠᠯᠴᠢᠳ ᠢ ᠲᠠᠭᠠᠨ ᠰᠢᠯᠵᠢᠳᠡᠭ ᠃ ᠮᠣᠷᠢᠨ ᠨᠢᠷᠤᠭᠤᠨ ᠳᠡᠭᠡᠷᠡᠬᠢ ᠪᠠᠭ᠎ᠠ ᠰᠤᠷᠭᠠᠭᠤᠯᠢ ᠶᠢᠨ ᠵᠢᠭᠠᠨ ᠰᠤᠷᠭᠠᠯᠲᠠ ᠨᠢ | ᠲᠣᠭᠤᠷᠢᠯᠲᠠ ᠪᠠᠷ ᠭᠤᠣᠯᠯᠠᠵᠤ ᠂ ᠵᠤᠨ ᠤ ᠤᠯᠠᠷᠢᠯ ᠳᠤ ᠮᠠᠯᠴᠢᠳ ᠨᠡᠯᠢᠶᠡᠳ ᠲᠥᠪᠯᠡᠷᠡᠭᠰᠡᠨ ᠭᠠᠵᠠᠷ ᠲᠤ | ᠨᠡᠶᠢᠲᠡ ᠶᠢᠨ ︵ ᠦᠢᠯᠡᠳᠪᠦᠷᠢᠯᠡᠯ ᠤᠨ ᠪᠠᠷᠢᠭᠠᠳᠠ ︶ ᠶᠢᠨ ᠮᠣᠩᠭᠤᠯ ᠭᠡᠷ ᠢ ᠲᠡᠨᠳᠡ ᠪᠣᠰᠬᠠᠵᠤ᠂ ᠲᠦᠷ ᠴᠠᠭ ᠤᠨ | ᠰᠤᠷᠭᠠᠭᠤᠯᠢ ᠶᠢᠨ ᠪᠠᠶᠢᠷᠢ ᠪᠣᠯᠭᠠᠳᠠᠭ ᠃ ᠲᠡᠳᠡᠭᠡᠷ ᠣᠲᠣᠷᠯᠠᠬᠤ ᠶᠢᠨ ᠬᠠᠷᠠᠭ᠎ᠠ ᠪᠠᠷ ᠲᠠᠷᠠᠬᠠᠢ ᠪᠤᠲᠠᠷᠬᠠᠢ | ᠰᠠᠭᠤᠷᠢᠰᠢᠵᠤ ᠪᠠᠶᠢᠭ᠎ᠠ ᠮᠠᠯᠴᠢᠳ ᠤᠨ ᠦᠷ᠎ᠡ ᠬᠡᠦᠬᠡᠳ ᠲᠤ ᠪᠠᠭᠰᠢ ᠨᠢ ᠮᠣᠷᠢ ᠪᠠᠷ ᠰᠤᠷᠤᠭᠴᠢᠳ ᠤᠨ ᠭᠡᠷ ᠲᠤ ᠨᠢ | ᠣᠴᠢᠵᠤ ᠬᠢᠴᠢᠶᠡᠯᠯᠡᠬᠦ ᠪᠤᠶᠤ ᠰᠤᠷᠤᠭᠴᠢᠳ ᠢ ᠳᠤᠭᠤᠶᠢᠯᠠᠩ ᠪᠣᠯᠭᠠᠨ ᠵᠣᠬᠢᠶᠠᠨ ᠪᠠᠶᠢᠭᠤᠯᠵᠤ ᠂ ᠪᠤᠰᠤᠳ ᠢᠶᠠᠷ | ᠣᠷᠣᠯᠠᠭᠤᠯᠤᠨ ᠬᠠᠮᠢᠶᠠᠷᠤᠭᠤᠯᠬᠤ ᠪᠠ ᠬᠠᠪᠰᠤᠷᠤᠨ ᠵᠢᠯᠣᠭᠤᠳᠤᠭᠤᠯᠵᠤ ᠂ ᠪᠠᠭᠰᠢ ᠨᠢ ᠲᠣᠭᠤᠷᠢᠨ ᠶᠠᠪᠤᠵᠤ | ᠨᠢᠭᠤᠷᠳᠠᠨ ᠵᠢᠭᠠᠳᠠᠭ᠃ ᠲᠣᠭᠤᠷᠢᠯᠲᠠ ᠶᠢᠨ ᠵᠢᠭᠠᠨ ᠰᠤᠷᠭᠠᠯᠲᠠ ᠶᠢᠨ ᠴᠠᠭ ᠢ ᠮᠠᠯᠴᠢᠳ ᠤᠨ ᠰᠠᠭᠤᠷᠢᠰᠢᠯ ᠤᠨ | ᠪᠠᠶᠢᠳᠠᠯ ᠢ ᠦᠨᠳᠦᠰᠦᠯᠡᠨ ᠲᠣᠭᠲᠠᠭᠠᠨ᠎ᠠ ᠂ ᠶᠡᠷᠦ ᠳᠤ ᠪᠠᠨ 7 — 8 ᠡᠳᠦᠷ ᠤᠨ ᠳᠣᠲᠣᠷ᠎ᠠ ᠨᠢᠭᠡ ᠤᠳᠠᠭ᠎ᠠ | ᠲᠣᠭᠤᠷᠢᠨ ᠶᠠᠪᠤᠨ᠎ᠠ ᠃ ᠬᠠᠪᠤᠷ ᠂ ᠨᠠᠮᠤᠷ ᠂ ᠡᠪᠦᠯ ᠭᠤᠷᠪᠠᠨ ᠤᠯᠠᠷᠢᠯ ᠳᠤ ᠮᠠᠯᠴᠢᠳ ᠲᠠᠷᠠᠬᠠᠢ ᠪᠤᠲᠠᠷᠬᠠᠢ | ᠰᠠᠭᠤᠷᠢᠰᠢᠳᠠᠭ ᠪᠣᠯᠬᠤᠷ ᠲᠣᠭᠲᠠᠭᠰᠠᠨ ᠰᠤᠷᠭᠠᠭᠤᠯᠢ ᠶᠢᠨ ᠪᠠᠶᠢᠷᠢ ᠪᠠᠶᠢᠬᠤ ᠦᠭᠡᠢ ᠂ ᠪᠠᠭᠰᠢ ᠨᠠᠷ ᠪᠦᠷ ᠮᠣᠷᠢ | ᠤᠨᠤᠵᠤ ᠵᠢᠭᠠᠨ ᠰᠤᠷᠭᠠᠬᠤ ᠳᠤ ᠲᠦᠰᠢᠭᠯᠡᠳᠡᠭ ᠃ ︽ ᠮᠣᠷᠢᠨ ᠨᠢᠷᠤᠭᠤᠨ ᠳᠡᠭᠡᠷᠡᠬᠢ ᠪᠠᠭ᠎ᠠ ᠰᠤᠷᠭᠠᠭᠤᠯᠢ ︾ ᠶᠢ | ᠡᠭᠦᠰᠬᠡᠨ ᠪᠠᠶᠢᠭᠤᠯᠤᠭᠰᠠᠨ ᠨᠢ ᠲᠤᠬᠠᠢ ᠶᠢᠨ ᠦᠶ᠎ᠡ ᠶᠢᠨ ᠨᠡᠶᠢᠭᠡᠮ ᠤᠨ ᠡᠯ᠎ᠡ ᠡᠲᠡᠭᠡᠳ ᠤᠨ ᠬᠢᠨ ᠤ ᠠᠩᠬᠠᠷᠤᠯ ᠢ | ᠥᠷᠭᠡᠨ ᠢᠶᠠᠷ ᠲᠠᠲᠠᠭᠰᠠᠨ ᠪᠠᠶᠢᠨ᠎ᠠ ᠃ 1965 ᠣᠨ ᠤ 3 ᠳ᠋ᠤᠭᠠᠷ ᠰᠠᠷ᠎ᠠ ᠳᠤ ᠂ ᠪᠦᠬᠦ ᠤᠯᠤᠰ ᠤᠨ ᠬᠥᠳᠡᠭᠡ | ᠲᠣᠰᠬᠤᠨ ᠳᠤ ᠬᠠᠭᠠᠰ ᠲᠠᠷᠢᠶᠠᠯᠠᠵᠤ ᠬᠠᠭᠠᠰ ᠰᠤᠷᠤᠯᠴᠠᠬᠤ ᠰᠤᠷᠭᠠᠨ ᠬᠥᠮᠦᠵᠢᠯ ᠤᠨ ᠬᠤᠷᠠᠯ ᠳᠡᠭᠡᠷ᠎ᠡ ᠦᠢᠮᠡᠭᠡᠨ | ᠳᠡᠪᠵᠢᠶᠡᠨ ᠡᠭᠦᠰᠪᠡ ᠃ 4 ᠳ᠋ᠦ᠋ᠭᠡᠷ ᠰᠠᠷ᠎ᠠ ᠳᠤ ᠂ ︽ ᠮᠠᠯᠴᠢᠳ ᠤᠰᠤ ᠪᠡᠯᠴᠢᠭᠡᠷ ᠢ ᠲᠠᠭᠠᠨ ᠰᠠᠭᠤᠷᠢᠰᠢᠵᠤ ᠂ | ᠰᠤᠷᠭᠠᠭᠤᠯᠢ ᠮᠠᠯᠴᠢᠳ ᠢ ᠲᠠᠭᠠᠨ ᠰᠢᠯᠵᠢᠨ᠎ᠡ ︾ ᠭᠡᠬᠦ ᠭᠠᠷᠴᠠᠭ ᠢᠶᠠᠷ ᠨᠡᠷ᠎ᠡ ᠬᠠᠲᠠᠭᠰᠠᠨ ᠵᠣᠬᠢᠶᠠᠯ ᠥᠪᠥᠷ | ᠮᠣᠩᠭᠤᠯ ᠤᠨ ᠨᠠᠮ ᠤᠨ ᠬᠤᠷᠢᠶ᠎ᠠ ᠠᠴᠠ ᠭᠤᠣᠯᠯᠠᠨ ᠡᠷᠬᠢᠯᠡᠭᠰᠡᠨ ︽ ᠦᠢᠯᠡᠳᠦᠯᠭᠡ ︾ ᠰᠡᠳᠬᠦᠯ ᠳᠡᠭᠡᠷ᠎ᠡ | ᠨᠡᠶᠢᠲᠡᠯᠡᠭᠳᠡᠵᠦ ᠂ ᠮᠣᠷᠢᠨ ᠳᠡᠭᠡᠷᠡᠬᠢ ᠪᠠᠭ᠎ᠠ ᠰᠤᠷᠭᠠᠭᠤᠯᠢ ᠶᠢᠨ ᠪᠠᠶᠢᠳᠠᠯ ᠢ ᠨᠠᠷᠢᠨ ᠲᠠᠨᠢᠯᠴᠠᠭᠤᠯᠪᠠ ᠃ 1965 | ᠣᠨ ᠳᠤ ᠂ ︽ ᠠᠷᠠᠳ ᠤᠨ ᠡᠳᠦᠷ ᠤᠨ ᠰᠣᠨᠢᠨ ︾ ᠂ ︽ ᠭᠤᠸᠠᠩ ᠮᠢᠩ ᠡᠳᠦᠷ ᠤᠨ ᠰᠣᠨᠢᠨ ︾ ᠵᠡᠷᠭᠡ ᠰᠣᠨᠢᠨ | ᠰᠡᠳᠬᠦᠯ ᠮᠣᠷᠢᠨ ᠨᠢᠷᠤᠭᠤᠨ ᠳᠡᠭᠡᠷᠡᠬᠢ ᠪᠠᠭ᠎ᠠ ᠰᠤᠷᠭᠠᠭᠤᠯᠢ ᠶᠢ ᠤᠬᠠᠭᠤᠯᠤᠨ ᠮᠡᠳᠡᠭᠡᠯᠡᠵᠦ ᠂ ᠵᠠᠷᠢᠮ ᠰᠣᠨᠢᠨ | ᠰᠡᠳᠬᠦᠯ ᠨᠢ ᠠᠩᠭ᠍ᠯᠢ ᠂ ᠭᠧᠷᠮᠠᠨ᠂ ᠹᠷᠠᠨᠼᠢ ᠂ ᠶᠠᠫᠤᠨ ᠂ ᠤᠷᠤᠰ ᠵᠡᠷᠭᠡ ᠤᠯᠠᠨ ᠲᠦᠷᠦᠯ ᠤᠨ ᠬᠡᠯᠡ ᠪᠠᠷ | ᠭᠠᠳᠠᠭᠠᠳᠤ ᠳᠤ ᠲᠠᠨᠢᠯᠴᠠᠭᠤᠯᠤᠭᠰᠠᠨ ᠪᠠᠶᠢᠨ᠎ᠠ᠃ ᠮᠣᠷᠢᠨ ᠨᠢᠷᠤᠭᠤᠨ ᠳᠡᠭᠡᠷᠡᠬᠢ ᠪᠠᠭ᠎ᠠ ᠰᠤᠷᠭᠠᠭᠤᠯᠢ ᠨᠢᠭᠡ ᠦᠶ᠎ᠡ | ᠲᠠᠯ᠎ᠠ ᠨᠤᠲᠤᠭ ᠤᠨ ᠮᠠᠯᠵᠢᠬᠤ ᠣᠷᠣᠨ ᠤ ᠰᠤᠷᠭᠠᠭᠤᠯᠢ ᠡᠷᠭᠢᠯᠡᠬᠦ ᠴᠢᠭᠯᠡᠯ ᠪᠣᠯᠵᠠᠢ᠃ ᠣᠶᠤᠨᠲᠤ ᠶᠢᠨ ᠠᠪᠤ ᠨᠢ | ᠲᠤᠬᠠᠢ ᠶᠢᠨ ᠦᠶ᠎ᠡ ᠶᠢᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠳᠤ ᠴᠥᠭᠡᠨ ᠪᠠᠶᠢᠭᠰᠠᠨ ᠪᠠᠭᠰᠢ ᠶᠢᠨ | ᠰᠤᠷᠭᠠᠭᠤᠯᠢ ᠶᠢᠨ ᠴᠢᠳᠠᠪᠤᠷᠢᠲᠠᠨ ᠪᠣᠯᠤᠭᠰᠠᠨ ᠤ ᠬᠤᠪᠢ ᠳᠤ ᠂ ︽ ᠮᠣᠷᠢᠨ ᠨᠢᠷᠤᠭᠤᠨ ᠳᠡᠭᠡᠷᠡᠬᠢ ᠪᠠᠭ᠎ᠠ ᠰᠤᠷᠭᠠᠭᠤᠯᠢ ︾ | ᠶᠢ ᠡᠭᠦᠳᠦᠨ ᠪᠠᠶᠢᠭᠤᠯᠬᠤ ᠬᠦᠨᠳᠦ ᠡᠭᠦᠷᠭᠡ ᠶᠢ ᠡᠭᠦᠷᠭᠡᠯᠡᠨ ᠠᠪᠤᠭᠰᠠᠨ ᠪᠠᠶᠢᠨ᠎ᠠ ᠃ ᠣᠶᠤᠨᠲᠤ ᠶᠢᠨ ᠰᠠᠭᠤᠭᠳᠠᠯ ᠳᠤ | ᠂ ︽ ᠰᠢᠨᠡᠪᠤᠯᠠᠭ ᠤᠨ ᠮᠣᠷᠢᠨ ᠨᠢᠷᠤᠭᠤᠨ ᠳᠡᠭᠡᠷᠡᠬᠢ ᠪᠠᠭ᠎ᠠ ᠰᠤᠷᠭᠠᠭᠤᠯᠢ︾ ᠶᠢ ᠪᠠᠶᠢᠭᠤᠯᠤᠭᠰᠠᠨ ᠠᠴᠠ ᠬᠤᠶᠢᠰᠢ ᠂ | ᠠᠷᠪᠠᠨ ᠡᠳᠦᠷ ᠬᠠᠭᠠᠰ ᠰᠠᠷ᠎ᠠ ᠶᠢᠨ ᠳᠣᠲᠣᠷ᠎ᠠ ᠠᠪᠤ ᠲᠠᠢ ᠪᠠᠨ ᠠᠭᠤᠯᠵᠠᠵᠤ ᠳᠡᠶᠢᠯᠬᠦ ᠦᠭᠡᠢ᠃ ᠨᠢᠭᠡ ᠮᠣᠷᠢ ᠂ ᠨᠢᠭᠡ | ᠬᠥᠮᠥᠨ ᠂ ᠨᠢᠭᠡ ᠬᠠᠶᠢᠷᠴᠠᠭ ᠨᠣᠮ ᠂ ᠵᠢᠯ ᠲᠤᠷᠰᠢ ᠨᠡᠯᠦᠭᠡᠷ ᠠᠭᠤᠳᠠᠮ ᠲᠠᠯ᠎ᠠ ᠨᠤᠲᠤᠭ ᠲᠤ ᠬᠡᠭᠡᠷ᠎ᠡ ᠬᠤᠨᠣᠵᠤ ᠬᠡᠲᠡ | ᠳᠡᠷᠡᠯᠡᠨ᠂ ᠵᠥᠪᠬᠡᠨ ᠰᠣᠶᠣᠯ ᠮᠡᠳᠡᠯᠭᠡ ᠶᠢ ᠮᠠᠯᠴᠢᠨ ᠠᠶᠢᠯ ᠨᠢᠭᠡ ᠪᠦᠷᠢ ᠶᠢᠨ ᠰᠤᠷᠬᠤ ᠨᠠᠰᠤᠨ ᠤ ᠬᠡᠦᠬᠡᠳ ᠲᠤ | ᠬᠦᠷᠭᠡᠬᠦ ᠶᠢᠨ ᠲᠥᠯᠥᠭᠡ ᠶᠤᠮ ᠃ ᠠᠪᠤ ᠨᠢ ᠭᠡᠷ ᠤᠨ ᠬᠥᠮᠥᠰ ᠲᠤ ᠪᠠᠨ ᠵᠣᠪᠠᠭᠤᠷᠢ ᠵᠦᠳᠡᠭᠦᠷᠢ ᠶᠢ ᠶᠡᠷᠦ ᠳᠤᠷᠠᠳᠤᠭ᠎ᠠ | ᠦᠭᠡᠢ ᠂ ᠬᠠᠷᠢᠨ ᠡᠰᠡᠷᠭᠦ ᠪᠠᠷ ᠪᠦᠬᠦ ᠤᠶᠤᠨ ᠴᠢᠳᠠᠯ ᠪᠠ ᠬᠦᠴᠦ ᠬᠥᠳᠡᠯᠮᠦᠷᠢ ᠪᠠᠨ ᠥᠪᠡᠷ ᠤᠨ ᠡᠷᠬᠢᠯᠡᠭᠰᠡᠨ | ᠰᠤᠷᠭᠠᠭᠤᠯᠢ ᠳᠤ ᠪᠠᠨ ᠵᠣᠷᠢᠭᠤᠯᠵᠠᠢ ᠃ ᠠᠵᠢᠯ ᠤᠨ ᠪᠣᠳᠠᠲᠤ ᠪᠦᠲᠦᠮᠵᠢ ᠲᠣᠪᠣᠶᠢᠮ᠎ᠠ ᠪᠣᠯᠬᠤᠷ ᠂ ᠠᠪᠤ ᠨᠢ ᠵᠣᠬᠢᠶᠠᠨ | ᠪᠠᠶᠢᠭᠤᠯᠤᠯᠲᠠ ᠠᠴᠠ ᠰᠢᠨᠵᠢᠶᠠᠩ ᠳᠤ ᠲᠣᠮᠢᠯᠠᠭᠳᠠᠨ ᠣᠴᠢᠵᠤ ︽ ᠮᠣᠷᠢᠨ ᠨᠢᠷᠤᠭᠤᠨ ᠳᠡᠭᠡᠷᠡᠬᠢ ᠪᠠᠭ᠎ᠠ ᠰᠤᠷᠭᠠᠭᠤᠯᠢ ︾ | ᠶᠢᠨ ᠠᠵᠢᠯ ᠤᠨ ᠲᠤᠷᠰᠢᠯᠭ᠎ᠠ ᠶᠢ ᠰᠤᠷᠤᠯᠴᠠᠨ ᠰᠣᠯᠢᠯᠴᠠᠪᠠ᠂ ᠮᠥᠨ ᠴᠤ ᠰᠢᠨᠵᠢᠶᠠᠩ ᠤᠨ ᠬᠤᠯᠤᠰᠤᠨ ᠯᠢᠩᠪᠦ ᠲᠠᠢ | ᠣᠶᠢᠷᠠᠲᠤᠬᠤ ᠵᠠᠪᠰᠢᠶᠠᠨ ᠲᠠᠢ ᠪᠣᠯᠵᠤ᠂ ᠬᠦᠦ ᠳᠤ ᠪᠠᠨ ᠨᠢᠭᠡ ᠨᠠᠰᠤᠨ ᠤ ᠬᠢᠨᠢ ᠬᠠᠨᠢ ᠪᠣᠯᠣᠭᠰᠠᠨ ᠣᠨᠴᠠᠭᠠᠢ | ᠪᠡᠯᠡᠭ ᠢ ᠠᠪᠴᠤ ᠥᠭᠭᠦᠭᠰᠡᠨ ᠪᠠᠶᠢᠨ᠎ᠠ ᠃ ︽ᠮᠢᠨᠤ ᠰᠡᠳᠬᠢᠯ ᠳᠤ᠂ ᠮᠣᠷᠢᠨ ᠨᠢᠷᠤᠭᠤᠨ ᠳᠡᠭᠡᠷᠡᠬᠢ ᠪᠠᠭ᠎ᠠ | ᠰᠤᠷᠭᠠᠭᠤᠯᠢ ᠪᠣᠯ ᠰᠤᠷᠭᠠᠨ ᠬᠥᠮᠦᠵᠢᠯ ᠤᠨ ᠲᠡᠦᠬᠡᠨ ᠳᠠᠬᠢ ᠨᠢᠭᠡᠨ ᠴᠠᠭ ᠦᠶ᠎ᠡ ᠶᠢᠨ ᠢᠮ ᠲᠡᠮᠳᠡᠭ ᠲᠡᠳᠦᠢ ᠪᠠᠷ | ᠪᠠᠷᠠᠬᠤ ᠦᠭᠡᠢ ᠂ ᠨᠠᠩ ᠴᠤ ᠡᠴᠢᠭᠡ ᠡᠬᠡ ᠶᠢᠨ ᠰᠤᠷᠭᠠᠨ ᠬᠥᠮᠦᠵᠢᠯ ᠤᠨ ᠦᠢᠯᠡᠰ ᠲᠤ ᠬᠠᠨᠳᠤᠭᠤᠯᠤᠭᠰᠠᠨ ᠨᠢᠭᠡ | ᠵᠦᠢᠯ ᠤᠨ ᠬᠠᠶᠢᠷ᠎ᠠ ᠰᠡᠳᠬᠢᠯᠭᠡ ᠪᠠ ᠪᠠᠷᠢᠮᠲᠠᠯᠠᠯ ᠮᠥᠨ᠂ ᠪᠢ ᠲᠡᠳᠡᠨ ᠤ ᠪᠡᠶ᠎ᠡ ᠳᠡᠭᠡᠷ᠎ᠡ ᠠᠴᠠ ᠰᠤᠷᠭᠠᠨ | ᠬᠥᠮᠦᠵᠢᠯ ᠤᠨ ᠠᠴᠢ ᠬᠤᠯᠪᠣᠭᠳᠠᠯ ᠢ ᠣᠯᠵᠤ ᠬᠠᠷᠠᠨ᠂ ᠪᠠᠭᠰᠢ ᠬᠦᠮᠦᠨ ᠤ ᠡᠷᠬᠢᠮ ᠳᠡᠭᠡᠳᠦ ᠪᠠ ᠠᠭᠤᠤ ᠶᠡᠭᠡ ᠶᠢ | ᠣᠶᠢᠯᠠᠭᠠᠵᠤ ᠮᠡᠳᠡᠭᠰᠡᠨ ᠶᠤᠮ︾ ᠭᠡᠵᠦ ᠣᠶᠤᠨᠲᠤ ᠬᠡᠯᠡᠪᠡ ᠃ | 20 ᠳ᠋ᠤᠭᠠᠷ ᠵᠠᠭᠤᠨ ᠤ ᠲᠠᠪᠢ ᠵᠢᠷᠠᠭᠠᠳ ᠣᠨ ᠤ ᠦᠶ᠎ᠡ ᠶᠢᠨ ᠲᠠᠯ᠎ᠠ ᠨᠤᠲᠤᠭ ᠲᠠᠬᠢ ︽ᠮᠣᠷᠢᠨ ᠨᠢᠷᠤᠭᠤᠨ | ᠳᠡᠭᠡᠷᠡᠬᠢ ᠪᠠᠭ᠎ᠠ ᠰᠤᠷᠭᠠᠭᠤᠯᠢ︾ ︵ᠵᠢᠷᠤᠭ ᠨᠢ ᠰᠦᠯᠵᠢᠶ᠎ᠡ ᠠᠴᠠ ᠢᠷᠡᠯᠲᠡᠢ︶ | ᠡᠳᠦᠭᠡ᠂ ᠣᠶᠤᠨᠲᠤ ᠨᠢᠭᠡᠨᠲᠡ ᠵᠢᠷᠠ ᠭᠠᠷᠴᠤ᠂ ᠵᠢᠩᠬᠢᠨᠢ ᠪᠠᠷ ᠠᠵᠢᠯ ᠠᠴᠠ ᠪᠠᠨ ᠠᠮᠠᠷᠠᠭᠠᠳ ᠨᠢᠭᠡᠨᠲᠡ 8 | ᠰᠠᠷ᠎ᠠ ᠪᠣᠯᠤᠭᠰᠠᠨ ᠪᠣᠯᠪᠠᠴᠤ ᠪᠠᠶᠢᠭᠤᠯᠭ᠎ᠠ ᠶᠢᠨ ᠢᠶᠠᠨ ︽ᠳᠠᠭᠢᠵᠤ ᠤᠷᠢᠬᠤ ᠮᠡᠳᠡᠭᠳᠡᠯ ᠤᠨ ᠪᠢᠴᠢᠭ︾ ᠢ ᠣᠯᠣᠭᠰᠠᠨ | ᠪᠣᠯᠬᠤᠷ ᠲᠡᠷᠡ ᠪᠠᠶᠠᠷᠲᠠᠢ ᠪᠠᠷ ᠭᠥᠯᠢᠶᠡᠨ ᠠᠪᠴᠠᠢ᠃ ︽ ᠵᠥᠪᠬᠡᠨ ᠯᠢᠩᠪᠦ ᠦᠯᠢᠶᠡᠬᠦ ᠳᠤᠷᠠᠲᠠᠢ ᠲᠠᠯ᠎ᠠ ᠨᠤᠲᠤᠭ ᠤᠨ | ᠬᠡᠦᠬᠡᠳ ᠠᠴᠠ ᠲᠣᠭᠯᠠᠯᠲᠠ ᠶᠢᠨ ᠲᠠᠶᠢᠰᠠᠨ ᠳᠤ ᠭᠠᠷᠴᠤ᠂ ᠲᠠᠬᠢᠭᠠᠳ ᠬᠢᠴᠢᠶᠡᠯ ᠤᠨ ᠲᠠᠪᠴᠠᠩ ᠳᠤ ᠭᠠᠷᠬᠤ | ᠬᠦᠷᠲᠡᠯ᠎ᠡ ᠂ ᠥᠪᠡᠷ ᠤᠨ ᠨᠢᠭᠡ ᠨᠠᠰᠤᠨ ᠤ ᠯᠢᠩᠪᠦ ᠬᠥᠭᠵᠢᠮᠳᠡᠬᠦ ᠤᠷ᠎ᠠ ᠮᠡᠷᠭᠡᠵᠢᠯ ᠢᠶᠠᠨ ᠲᠠᠯ᠎ᠠ ᠨᠤᠲᠤᠭ ᠤᠨ | ᠤᠷᠠᠯᠢᠭ ᠲᠤ ᠪᠠᠭ᠋ᠠᠲᠠᠢ ᠬᠡᠦᠬᠡᠳ ᠤᠳ ᠲᠤ ᠥᠪᠯᠡᠭᠦᠯᠬᠦ ᠨᠢ ᠮᠢᠨᠤ ᠡᠨᠡ ᠨᠠᠰᠤᠨ ᠳᠤ ᠪᠠᠨ ᠪᠤᠳᠤᠵᠤ ᠣᠯᠣᠭᠰᠠᠨ | ᠦᠭᠡᠢ ᠶᠠᠪᠤᠳᠠᠯ ᠪᠣᠯᠬᠤ ᠶᠢᠨ ᠬᠠᠮᠲᠤ ᠮᠥᠨ ᠴᠤ ᠮᠢᠨᠤ ᠨᠢᠭᠡ ᠨᠠᠰᠤᠨ ᠤ ᠬᠥᠭᠡᠭᠡᠴᠡᠯᠳᠦᠯ ᠪᠣᠯᠣᠭᠰᠠᠨ ᠮᠥᠷᠲᠡᠭᠡᠨ | ᠡᠭᠦᠨ ᠢᠶᠠᠷ ᠢᠶᠠᠨ ᠣᠮᠣᠭᠰᠢᠳᠠᠭ ᠶᠠᠪᠤᠳᠠᠯ ᠪᠣᠯᠣᠨ᠎ᠠ ︾ ᠭᠡᠵᠦ ᠣᠶᠤᠨᠲᠤ ᠰᠡᠳᠬᠢᠯ ᠬᠥᠳᠡᠯᠦᠨ ᠶᠠᠷᠢᠨ᠎ᠠ᠃ 30 | ᠭᠠᠷᠤᠢ ᠵᠢᠯ ᠤᠨ ᠵᠢᠭᠠᠨ ᠰᠤᠷᠭᠠᠯᠲᠠ ᠶᠢᠨ ᠠᠮᠢᠳᠤᠷᠠᠯ ᠳᠤᠮᠳᠠ᠂ ᠣᠶᠤᠨᠲᠤ ᠥᠪᠥᠷ ᠮᠣᠩᠭᠤᠯ ᠤᠨ ᠤᠷᠠᠯᠢᠭ ᠤᠨ | ᠳᠡᠭᠡᠳᠦ ᠰᠤᠷᠭᠠᠭᠤᠯᠢ ᠨᠢ ᠲᠤᠰᠬᠠᠢ ᠮᠡᠷᠭᠡᠵᠢᠯ ᠤᠨ ᠳᠡᠭᠡᠳᠦ ᠰᠤᠷᠭᠠᠭᠤᠯᠢ ᠠᠴᠠ ᠥᠪᠥᠷ ᠮᠣᠩᠭᠤᠯ ᠤᠨ ᠶᠡᠭᠡ | ᠰᠤᠷᠭᠠᠭᠤᠯᠢ ᠶᠢᠨ ᠵᠢᠩᠬᠢᠨᠢ ᠠᠩᠭᠢ ᠶᠢᠨ ᠳᠡᠭᠡᠳᠦ ᠰᠤᠷᠭᠠᠭᠤᠯᠢ ᠪᠣᠯᠵᠤ ᠬᠥᠭᠵᠢᠭᠰᠡᠨ ᠬᠥᠭᠵᠢᠯᠲᠡ ᠶᠢᠨ ᠶᠠᠪᠤᠴᠠ ᠶᠢ | ᠭᠡᠷᠡᠴᠢᠯᠡᠵᠦ ᠂ ᠪᠠᠰᠠ ᠲᠤᠭ᠎ᠠ ᠲᠣᠮᠰᠢ ᠦᠭᠡᠢ ᠤᠯᠠᠨ ᠬᠤᠯᠤᠰᠤᠨ ᠯᠢᠩᠪᠦ ᠬᠥᠭᠵᠢᠮᠳᠡᠬᠦ ᠳᠤᠷᠠᠲᠠᠢ ᠰᠢᠯᠢᠳᠡᠭ | ᠰᠤᠷᠤᠭᠴᠢ ᠶᠢ ᠬᠥᠮᠥᠵᠢᠭᠦᠯᠦᠭᠰᠡᠨ ᠪᠠᠶᠢᠨ᠎ᠠ᠃ | ᠣᠶᠤᠨᠲᠤ ᠥᠪᠡᠷ ᠤᠨ ᠰᠤᠷᠤᠭᠴᠢᠳ ᠤᠨ ᠢᠶᠠᠨ ᠲᠠᠪᠰᠢᠯᠳᠠ ᠪᠠ ᠬᠢᠷᠢ ᠪᠦᠲᠦᠮᠵᠢ ᠶᠢ ᠭᠠᠷ ᠤᠨ ᠠᠯᠠᠭ᠎ᠠ | ᠮᠡᠲᠦ ᠂ ᠠᠮᠠᠨ ᠤᠩᠰᠢᠯᠭ᠎ᠠ ᠮᠡᠲᠦ ᠰᠠᠶᠢᠨ ᠮᠡᠳᠡᠵᠦ ᠂ ᠰᠤᠷᠤᠭᠴᠢᠳ ᠨᠢ ᠣᠷᠣᠯᠴᠠᠭᠰᠠᠨ ᠤᠳᠠᠭ᠎ᠠ ᠪᠦᠷᠢ ᠶᠢᠨ | ᠤᠷᠤᠯᠳᠤᠭᠠᠨ ᠂ ᠣᠯᠣᠭᠰᠠᠨ ᠱᠠᠩᠨᠠᠯ ᠨᠢᠭᠡ ᠪᠦᠷᠢ ᠶᠢ ᠴᠥᠮ ᠪᠠᠭᠰᠢ ᠳᠤ ᠪᠠᠨ ᠨᠢᠭᠡᠳ ᠨᠢᠭᠡ ᠪᠠᠷ ᠮᠡᠳᠡᠭᠦᠯᠵᠦ ᠂ | ᠲᠡᠷᠡ ᠨᠠᠷᠢᠨ ᠬᠢᠨᠠᠮᠠᠭᠠᠢ ᠲᠡᠮᠳᠡᠭᠯᠡᠵᠦ ᠠᠪᠳᠠᠭ᠃ ︽ ᠲᠠ ᠨᠠᠷ ᠦᠵᠡ᠂ ᠠᠯᠲᠠᠨᠪᠤᠯᠠᠭ ᠡᠨᠡ ᠬᠡᠦᠬᠡᠳ ᠳᠥᠷᠪᠡᠳᠦᠭᠡᠷ | ᠬᠤᠭᠤᠴᠠᠭᠠᠨ ᠤ ︿ᠶᠦᠨ ᠭᠠᠩ ᠬᠤᠨᠳᠠᠭᠠᠲᠤ﹀ ᠦᠨᠳᠦᠰᠦᠲᠡᠨ ᠤ ᠬᠥᠭᠵᠢᠮᠳᠡᠭᠦᠷ ᠤᠨ ᠦᠵᠡᠭᠦᠯᠦᠯᠭᠡ ᠶᠢᠨ | ᠲᠣᠭᠯᠠᠯᠲᠠ ᠳᠤ ᠠᠯᠲᠠᠨ ᠮᠧᠲᠯ ᠭᠥᠷᠳᠡᠵᠦ᠂ ᠭᠠᠯᠪᠢᠷᠬᠠᠨ ᠭᠤᠷᠪᠠᠳᠤᠭᠠᠷ ᠬᠤᠭᠤᠴᠠᠭᠠᠨ ᠤ ︿ᠰᠦᠩ ᠲᠢᠩ ᠯᠦᠩ | ᠶᠢᠨ﹀ ᠪᠦᠬᠦ ᠤᠯᠤᠰ ᠤᠨ ᠬᠤᠯᠤᠰᠤᠨ ᠯᠢᠩᠪᠦ ᠶᠢᠨ ᠤᠷᠢᠯᠭ᠎ᠠ ᠶᠢᠨ ᠤᠷᠤᠯᠳᠤᠭᠠᠨ ᠤ ᠪᠠᠭᠠᠴᠤᠳ ᠤᠨ B | ᠳᠤᠭᠤᠶᠢᠯᠠᠩ ᠳᠤ ᠮᠥᠩᠭᠦᠨ ᠮᠧᠲᠯ ᠬᠦᠷᠲᠡᠭᠰᠡᠨ ᠪᠠᠶᠢᠨ᠎ᠠ ᠁︾ ᠂ ᠡᠳᠡᠭᠡᠷ ᠲᠡᠮᠳᠡᠭᠯᠡᠯ ᠢ ᠰᠡᠬᠦᠬᠦ ᠪᠦᠷᠢ ᠳᠤ | ᠣᠶᠤᠨᠲᠤ ᠶᠢᠨ ᠵᠣᠯ ᠵᠢᠷᠭᠠᠯᠲᠤ ᠲᠥᠷᠥᠭᠳᠡᠯ ᠂ ᠣᠮᠣᠭᠰᠢᠯ ᠪᠠᠭ᠋ᠠᠳᠤᠯᠲᠤ ᠰᠡᠳᠬᠢᠯᠭᠡ ᠨᠢ ᠶᠡᠷᠦ ᠦᠭᠡ ᠶᠠᠷᠢᠶ᠎ᠠ ᠪᠠᠷ | ᠨᠢ ᠪᠢᠯᠬᠠᠮ᠎ᠠ ᠪᠠᠶᠢᠳᠠᠭ᠃ ᠰᠤᠷᠤᠭᠴᠢᠳ ᠤᠨ ᠳᠣᠲᠣᠷ᠎ᠠ ᠨᠢ ᠴᠤ ᠨᠡᠷᠡᠲᠦ ᠬᠥᠮᠥᠰ ᠮᠤᠩ ᠦᠭᠡᠢ ᠣᠯᠠᠨ ᠪᠠᠶᠢᠨ᠎ᠠ ᠃ | ᠪᠦᠬᠦ ᠤᠯᠤᠰ ᠤᠨ ᠨᠡᠷᠡᠲᠦ ᠵᠠᠯᠠᠭᠤ ᠬᠤᠯᠤᠰᠤᠨ ᠯᠢᠩᠪᠦ ᠶᠢᠨ ᠬᠥᠭᠵᠢᠮᠴᠢᠨ ᠂ ᠥᠪᠥᠷ ᠮᠣᠩᠭᠤᠯ ᠤᠨ ᠪᠣᠷᠣᠳᠣᠬᠤᠢ | ᠶᠡᠭᠡ ᠰᠤᠷᠭᠠᠭᠤᠯᠢ ᠶᠢᠨ ᠤᠷᠠᠯᠢᠭ ᠤᠨ ᠰᠠᠯᠪᠤᠷᠢ ᠶᠢᠨ ᠬᠤᠯᠤᠰᠤᠨ ᠯᠢᠩᠪᠦ ᠶᠢᠨ ᠪᠠᠭᠰᠢ ᠯᠢᠦ ᠭᠦᠸᠧ ᠴᠢᠩ᠂ ᠥᠪᠥᠷ | ᠮᠣᠩᠭᠤᠯ ᠤᠨ ᠤᠷᠠᠯᠢᠭ ᠵᠦᠴᠦᠭᠡ ᠶᠢᠨ ᠬᠦᠷᠢᠶᠡᠯᠡᠩ ᠤᠨ ᠵᠠᠯᠠᠭᠤ ᠬᠤᠯᠤᠰᠤᠨ ᠯᠢᠩᠪᠦ ᠶᠢᠨ ᠬᠥᠭᠵᠢᠮᠴᠢᠨ ᠺᠧᠦ ᠶᠠ | ᠵᠢᠶᠦ᠋ᠨ ᠂ ᠦᠵᠡᠰᠬᠦᠯᠡᠩ ᠂ ᠥᠪᠥᠷ ᠮᠣᠩᠭᠤᠯ ᠤᠨ ᠵᠠᠮ ᠬᠠᠷᠢᠯᠴᠠᠭᠠᠨ ᠤ ᠤᠷᠠᠯᠢᠭ ᠤᠨ ᠪᠦᠯᠬᠦᠮ ᠤᠨ ᠵᠠᠯᠠᠭᠤ | ᠬᠤᠯᠤᠰᠤᠨ ᠯᠢᠩᠪᠦ ᠶᠢᠨ ᠬᠥᠭᠵᠢᠮᠴᠢᠨ ᠵᠦ ᠰᠢᠶᠣᠣ ᠭᠠᠩ᠂ ᠭᠤᠸᠠᠩᠳᠦ᠋ᠩ ᠮᠤᠵᠢ ᠶᠢᠨ ᠳᠠᠭᠤᠤ ᠪᠥᠵᠢᠭ ᠤᠨ | ᠪᠦᠯᠬᠦᠮ ᠤᠨ ᠠᠷᠠᠳ ᠤᠨ ᠬᠥᠭᠵᠢᠮ ᠤᠨ ᠪᠦᠯᠬᠦᠮ ᠤᠨ ᠵᠠᠯᠠᠭᠤ ᠬᠤᠯᠤᠰᠤᠨ ᠯᠢᠩᠪᠦ ᠶᠢᠨ ᠬᠥᠭᠵᠢᠮᠴᠢᠨ ᠵᠢᠶᠠᠩ | ᠶᠤᠸᠠᠨ ᠁ ᠡᠭᠦᠨ ᠤ ᠵᠡᠷᠭᠡ ᠳᠤ᠂ ᠪᠠᠭᠰᠢᠯᠠᠬᠤ ᠶᠠᠪᠤᠴᠠ ᠳᠤ ᠪᠠᠨ ᠲᠡᠷᠡ ᠥᠪᠡᠷ ᠢᠶᠠᠨ ᠴᠦ ᠣᠯᠠᠨ | ᠲᠥᠷᠥᠯ ᠤᠨ ᠰᠢᠯᠢᠳᠡᠭ ᠵᠢᠭᠠᠨ ᠵᠢᠯᠤᠭᠤᠳᠬᠤ ᠪᠠᠭᠰᠢ ᠶᠢᠨ ᠱᠠᠩᠨᠠᠯ ᠢ ᠭᠥᠷᠳᠡᠭᠰᠡᠨ ᠪᠠᠶᠢᠨ᠎ᠠ᠃ | ᠠᠵᠢᠯ ᠦᠢᠯᠡᠰ ᠨᠢ ᠠᠮᠵᠢᠯᠲᠠ ᠲᠠᠢ᠂ ᠥᠨᠢᠷ ᠣᠯᠠᠨ ᠱᠠᠪᠢ ᠨᠠᠷ ᠲᠠᠢ ᠪᠣᠯᠣᠭᠰᠠᠨ ᠦᠶ᠎ᠡ ᠳᠤ ᠂ ᠣᠶᠤᠨᠲᠤ | ᠨᠤᠲᠤᠭ ᠤᠰᠤᠨ ᠤ ᠪᠠᠨ ᠠᠴᠢ ᠶᠢ ᠬᠠᠷᠢᠭᠤᠯᠬᠤ ᠪᠠᠨ ᠶᠡᠷᠦ ᠠᠴᠠ ᠮᠠᠷᠲᠠᠭᠰᠠᠨ ᠦᠭᠡᠢ ᠃ ᠨᠤᠲᠤᠭ ᠠᠴᠠ ᠨᠢ | ᠳᠠᠭᠤᠳᠠᠳᠠᠭ ᠯᠠ ᠶᠤᠮ ᠪᠣᠯ ᠲᠡᠷᠡ ᠬᠡᠵᠢᠶᠡᠳᠡ ᠪᠦᠬᠦ ᠬᠦᠴᠦ ᠪᠠᠨ ᠰᠢᠪᠬᠠᠨ ᠴᠠᠭ ᠭᠠᠷᠭᠠᠵᠤ ᠨᠤᠲᠤᠭ ᠤᠨ ᠢᠶᠠᠨ | ᠡᠯ᠎ᠡ ᠵᠦᠢᠯ ᠤᠨ ᠤᠷᠠᠨ ᠰᠠᠶᠢᠬᠠᠨ ᠤ ᠠᠵᠢᠯᠯᠠᠭ᠎ᠠ ᠳᠤ ᠣᠷᠣᠯᠴᠠᠳᠠᠭ ᠃ ᠲᠡᠷᠡ ᠪᠠᠰᠠ ᠥᠪᠡᠷ ᠤᠨ ᠰᠤᠷᠤᠭᠴᠢᠳ ᠂ | ᠬᠠᠮᠲᠤ ᠠᠵᠢᠯᠯᠠᠭᠰᠠᠳ ᠢᠶᠠᠨ ᠵᠣᠬᠢᠶᠠᠨ ᠪᠠᠶᠢᠭᠤᠯᠤᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠠᠬᠠᠰ | ᠵᠠᠬᠠᠰ ᠨᠤᠲᠤᠭ ᠤᠨ ᠠᠬ᠎ᠠ ᠳᠡᠭᠦᠦ ᠨᠠᠷ ᠲᠤ ᠰᠠᠶᠢᠨ ᠳᠤᠷ᠎ᠠ ᠶᠢᠨ ᠲᠣᠭᠯᠠᠯᠲᠠ ᠭᠠᠷᠭᠠᠭᠰᠠᠨ ᠪᠠᠶᠢᠨ᠎ᠠ᠃ ︽ | ᠨᠤᠲᠤᠭ ᠲᠤ ᠪᠠᠨ ᠬᠠᠷᠢᠵᠤ ᠲᠣᠭᠯᠠᠯᠲᠠ ᠭᠠᠷᠭᠠᠬᠤ ᠳᠤ ᠂ ᠨᠤᠲᠤᠭ ᠤᠨ ᠠᠬ᠎ᠠ ᠳᠡᠭᠦᠦ ᠨᠠᠷ ᠤᠨ ᠪᠠᠶᠠᠷᠲᠤ | ᠢᠨᠢᠶᠡᠳᠦ ᠶᠢ ᠣᠯᠵᠤ ᠬᠠᠷᠠᠨ᠂ ᠬᠠᠯᠠᠭᠤᠨ ᠠᠯᠠᠭ᠎ᠠ ᠲᠡᠰᠢᠯᠲᠡ ᠶᠢᠨ ᠲᠠᠭᠤᠨ ᠢ ᠰᠣᠨᠣᠰᠪᠠᠯ ᠪᠢ ᠪᠠᠰᠠ ᠯᠠ ᠪᠠᠭ᠎ᠠ | ᠨᠠᠰᠤᠨ ᠳᠤ ᠪᠠᠨ ᠪᠤᠴᠠᠭᠰᠠᠨ ᠰᠢᠭ᠋ ᠂ ᠤᠯᠠᠭᠠᠨᠮᠥ᠋ᠴᠢᠷ ᠲᠤ ᠠᠵᠢᠯᠯᠠᠵᠤ ᠪᠠᠶᠢᠭᠰᠠᠨ ᠡᠳᠦᠷ ᠤᠳ ᠲᠤ ᠪᠠᠨ ᠪᠤᠴᠠᠭᠰᠠᠨ | ᠰᠢᠭ᠋ ᠪᠣᠯᠣᠨ᠎ᠠ᠃ ᠦᠵᠡᠭᠴᠢᠳ ᠲᠤ ᠪᠠᠶᠠᠷ ᠪᠠᠶᠠᠰᠤᠯ ᠠᠪᠴᠢᠷᠠᠵᠤ ᠥᠭᠬᠦ ᠨᠢ ᠨᠢᠭᠡᠨ ᠲᠣᠭᠯᠠᠭᠴᠢ ᠶᠢᠨ ᠬᠠᠮᠤᠭ ᠤᠨ | ᠶᠡᠭᠡ ᠵᠣᠯ ᠵᠢᠷᠭᠠᠯ ᠪᠣᠯᠣᠨ᠎ᠠ ︕ ︾ ᠭᠡᠵᠦ ᠨᠤᠲᠤᠭ ᠤᠨ ᠢᠶᠠᠨ ᠲᠣᠭᠯᠠᠯᠲᠠ ᠶᠢᠨ ᠲᠠᠶᠢᠰᠠᠨ ᠳᠡᠭᠡᠷ᠎ᠡ ᠵᠣᠭᠰᠣᠬᠤᠶᠠ ᠂ | ᠣᠶᠤᠨᠲᠤ ᠶᠢᠨ ᠰᠡᠳᠬᠢᠯ ᠵᠢᠷᠦᠬᠡ ᠳᠣᠭᠳᠣᠯᠤᠨ ᠪᠠᠶᠢᠯ᠎ᠠ ᠃ | |