ᠨᠢᠭᠡ ᠬᠥᠮᠦᠨ᠂ ᠨᠢᠭᠡ ᠲᠡᠷᠭᠡ᠂ ᠨᠢᠭᠡ ᠬᠤᠪᠢ ᠬᠠᠷᠢᠭᠤᠴᠠᠯᠭ᠎ᠠ ᠪᠠ ᠡᠭᠦᠷᠭᠡᠯᠡᠯ᠂ 17 ᠨᠠᠰᠤᠨ ᠳᠤ ᠪᠠᠨ | ᠠᠪᠤ ᠶᠢᠨ ᠢᠶᠠᠨ ᠭᠠᠷ ᠠᠴᠠ ᠰᠢᠤᠳᠠᠨᠴᠢ ᠶᠢᠨ ᠪᠤᠤᠭᠢᠶ᠎ᠠ ᠮᠣᠳᠣ ᠶᠢ ᠲᠣᠰᠴᠤ ᠠᠪᠤᠭᠰᠠᠨ ᠠᠴᠠ ᠡᠬᠢᠯᠡᠨ᠂ ᠡᠨᠡ ᠬᠦ | ᠰᠢᠤᠳᠠᠨ ᠤ ᠵᠠᠮ ᠢᠶᠠᠷ ᠸᠧᠨ ᠶᠢᠨ ᠮᠣᠣ 38 ᠵᠢᠯ ᠵᠠᠮᠨᠠᠭᠰᠠᠨ ᠪᠠᠶᠢᠨ᠎ᠠ᠃ ᠡᠨᠡ 38 ᠵᠢᠯ ᠤᠨ ᠲᠤᠷᠰᠢ᠂ ᠲᠡᠷᠡ | ᠨᠤᠲᠤᠭ ᠤᠰᠤᠨ ᠤ ᠪᠠᠨ ᠬᠥᠭᠵᠢᠯᠲᠡ ᠶᠢ ᠭᠡᠷᠡᠴᠢᠯᠡᠵᠦ᠂ ᠲᠠᠯ᠎ᠠ ᠨᠤᠲᠤᠭ ᠤᠨ ᠳᠣᠲᠣᠨ᠎ᠠ ᠭᠠᠳᠠᠨᠠᠬᠢ ᠬᠠᠯᠠᠭᠤᠨ | ᠳᠤᠯᠠᠭᠠᠨ ᠬᠠᠶᠢᠷ᠎ᠠ ᠰᠡᠳᠬᠢᠯᠭᠡ ᠪᠠ ᠰᠠᠨᠠᠭᠠᠯᠵᠠᠯ ᠢ ᠡᠳᠦᠷ ᠡᠳᠦᠷ ᠳᠠᠮᠵᠢᠭᠤᠯᠤᠭᠰᠠᠭᠠᠷ ᠢᠷᠡᠭᠰᠡᠨ ᠪᠠᠶᠢᠨ᠎ᠠ᠃ | ᠴᠠᠭᠠᠨ ᠰᠠᠷ᠎ᠠ ᠠᠴᠠ ᠡᠮᠦᠨᠡᠬᠡᠨ᠂ ᠬᠠᠮ ᠵᠠᠭᠤᠴᠢᠯᠠᠭᠤᠷ ᠤᠨ ᠲᠥᠪ ᠤᠨ ᠰᠤᠷᠪᠤᠯᠵᠢᠯᠠᠭᠴᠢ ᠬᠢᠯᠢ ᠶᠢᠨ ︽ | ᠰᠢᠤᠳᠠᠨᠴᠢ︾ ᠸᠧᠨ ᠶᠢᠨ ᠮᠣᠣ ᠶᠢᠨ ᠠᠵᠢᠯᠯᠠᠵᠤ ᠪᠠᠶᠢᠭ᠎ᠠ ᠪᠠᠶᠠᠨᠬᠤᠸᠠ ᠰᠢᠤᠳᠠᠨ ᠤ ᠭᠠᠵᠠᠷ ᠲᠤ ᠢᠷᠡᠵᠦ ᠸᠧᠨ ᠶᠢᠨ | ᠮᠣᠣ ᠲᠠᠢ ᠬᠠᠮᠲᠤ᠂ ᠲᠡᠭᠦᠨ ᠤ ᠢᠷᠡᠵᠦ ᠪᠤᠴᠠᠨ 38 ᠵᠢᠯ ᠵᠠᠮᠨᠠᠭᠰᠠᠨ ᠲᠠᠯ᠎ᠠ ᠨᠤᠲᠤᠭ ᠤᠨ ᠰᠢᠤᠳᠠᠨ ᠤ ᠵᠠᠮ ᠳᠤ | ᠮᠣᠷᠳᠠᠪᠠ᠃ | ᠦᠳᠡ ᠶᠢᠨ ᠡᠮᠦᠨᠡᠬᠢ ᠠᠷᠪᠠᠨ ᠴᠠᠭ ᠲᠤ᠂ ᠰᠢᠦᠳᠠᠨ ᠤ ᠪᠠᠷᠠᠭᠠᠨ ᠤ ᠲᠡᠷᠭᠡ ᠪᠠᠶᠠᠨᠬᠤᠸᠠ ᠰᠢᠦᠳᠠᠨ ᠤ | ᠭᠠᠵᠠᠷ ᠲᠤ ᠲᠤᠬᠠᠢ ᠶᠢᠨ ᠡᠳᠦᠷ ᠤᠨ ᠰᠢᠦᠳᠠᠨ ᠤ ᠵᠦᠢᠯ ᠢ ᠪᠠᠭᠤᠯᠭᠠᠬᠤ ᠦᠶ᠎ᠡ ᠳᠤ᠂ ᠰᠢᠤᠳᠠᠨᠴᠢ ᠸᠧᠨ ᠶᠢᠨ | ᠮᠤᠤ ᠶᠢᠨ ᠨᠢᠭᠡ ᠡᠳᠦᠷ ᠤᠨ ᠰᠢᠤᠳᠠᠨ ᠬᠦᠷᠭᠡᠬᠦ ᠠᠵᠢᠯ ᠴᠤ ᠡᠬᠢᠯᠡᠪᠡ᠃ ᠸᠧᠨ ᠶᠢᠨ ᠮᠤᠤ ᠰᠢᠤᠳᠠᠨ ᠤ ᠵᠦᠢᠯ ᠢ | ᠡᠮᠬᠢᠯᠡᠬᠦ ᠶᠢᠨ ᠳᠠᠭᠠᠤ ᠰᠤᠷᠪᠤᠯᠵᠢᠯᠠᠭᠴᠢ ᠳᠤ᠄ ︽ᠥᠨᠥᠳᠦᠷ ᠪᠢᠳᠡ ᠬᠡᠭᠡᠷ᠎ᠡ ᠶᠢᠨ ᠭᠤᠣᠯ᠂ ᠪᠠᠶᠠᠨᠴᠠᠭᠠᠨ᠂ | ᠬᠢᠯᠢ ᠶᠢᠨ ᠬᠠᠮᠠᠭᠠᠯᠠᠯᠲᠠ ᠶᠢᠨ ᠴᠡᠷᠢᠭ ᠠᠩᠭᠢ ᠡᠨᠡ ᠬᠡᠳᠦᠨ ᠭᠠᠵᠠᠷ ᠲᠤ ᠲᠦᠷᠭᠡᠨ ᠬᠦᠷᠭᠡᠯᠲᠡ ᠬᠦᠷᠭᠡᠨ᠎ᠡ᠂ ᠰᠢᠨᠡᠯᠡᠬᠦ | ᠣᠶᠢᠷᠠᠳᠴᠤ᠂ ᠡᠨᠡ ᠬᠡᠳᠦᠨ ᠡᠳᠦᠷ ᠲᠦᠷᠭᠡᠨ ᠬᠦᠷᠭᠡᠯᠲᠡ ᠠᠷᠪᠢᠨ ᠪᠠᠶᠢᠵᠤ᠂ ᠪᠢᠳᠡ ᠡᠷᠲᠡᠬᠡᠨ ᠮᠣᠷᠳᠠᠬᠤ ᠬᠡᠷᠡᠭᠲᠡᠢ | ︾ ᠭᠡᠵᠦ ᠲᠠᠨᠢᠯᠴᠠᠭᠤᠯᠪᠠ᠃ | ᠪᠠᠶᠠᠨᠬᠤᠸᠠ ᠰᠢᠤᠳᠠᠨ ᠤ ᠭᠠᠵᠠᠷ ᠪᠣᠯ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠬᠢᠯᠢ ᠶᠢᠨ | ᠱᠤᠭᠤᠮ ᠳᠡᠭᠡᠷᠡᠬᠢ ᠴᠣᠷᠢ ᠶᠢᠨ ᠭᠠᠭᠴᠠ ᠰᠢᠦᠳᠠᠨ ᠤ ᠭᠠᠵᠠᠷ ᠪᠣᠯᠤᠨ᠎ᠠ᠂ ᠠᠳᠡᠬᠢ ᠠᠵᠢᠯᠲᠠᠨ ᠨᠢ ᠵᠥᠪᠬᠡᠨ | ᠸᠧᠨ ᠶᠢᠨ ᠮᠤᠤ ᠪᠣᠯᠤᠨ ᠲᠡᠭᠦᠨ ᠤ ᠡᠬᠡᠨᠡᠷ ᠲᠣᠭᠲᠠᠮᠠᠯ ᠪᠣᠯᠣᠨ᠎ᠠ᠃ ᠸᠧᠨ ᠶᠢᠨ ᠮᠤᠤ ᠭᠠᠭᠴᠠᠭᠠᠷ ᠵᠠᠭᠤ ᠭᠠᠷᠤᠢ | ᠺᠢᠯᠤᠮᠧᠲᠷ ᠤᠨ ᠬᠢᠯᠢ ᠶᠢᠨ ᠱᠤᠭᠤᠮ ᠤᠨ ᠰᠢᠦᠳᠠᠨ ᠤ ᠵᠦᠢᠯ ᠢ ᠬᠦᠷᠭᠡᠬᠦ ᠠᠵᠢᠯ ᠢ ᠡᠭᠦᠷᠭᠡᠯᠡᠪᠡ᠃ | ᠦᠳᠡ ᠶᠢᠨ ᠡᠮᠦᠨᠡᠬᠢ 12 ᠴᠠᠭ ᠲᠤ᠂ ᠸᠧᠨ ᠶᠢᠨ ᠮᠤᠤ ᠶᠢᠨ ᠠᠯᠬᠤᠭ᠎ᠠ ᠶᠢ ᠳᠠᠭᠠᠵᠤ᠂ ᠬᠠᠮ | ᠵᠠᠭᠤᠴᠢᠯᠠᠭᠤᠷ ᠤᠨ ᠰᠤᠷᠪᠤᠯᠵᠢᠯᠠᠭᠴᠢ ᠪᠡᠶᠡᠴᠢᠯᠡᠨ ᠣᠶᠢᠯᠠᠭᠠᠬᠤ ᠵᠠᠮ ᠢᠶᠠᠨ ᠡᠬᠢᠯᠡᠭᠦᠯᠪᠡ᠃ ᠬᠥᠪᠡᠭᠡ ᠬᠢᠵᠠᠭᠠᠷ | ᠦᠭᠡᠢ ᠲᠠᠯ᠎ᠠ ᠨᠤᠲᠤᠭ ᠤᠨ ᠰᠢᠤᠳᠠᠨ ᠬᠦᠷᠭᠡᠬᠦ ᠵᠠᠮ ᠳᠤ᠂ ᠰᠢᠤᠳᠠᠨᠴᠢ ᠸᠧᠨ ᠶᠢᠨ ᠮᠣᠤ ᠶᠠᠷᠢᠶᠠᠨ ᠤ | ᠬᠠᠶᠢᠷᠴᠠᠭ ᠢᠶᠠᠨ ᠨᠡᠭᠡᠭᠡᠪᠡ᠃ | ᠰᠤᠷᠪᠤᠯᠵᠢᠯᠠᠭᠴᠢ᠄ ᠰᠢᠩ ᠬᠤᠤ | ᠸᠧᠨ ᠪᠠᠭᠰᠢ ᠶᠢᠨ ᠡᠨᠡ ᠨᠢᠭᠡ ᠤᠳᠠᠭ᠎ᠠ ᠶᠠᠪᠤᠵᠤ ᠢᠷᠡᠬᠦ ᠳᠤ ᠪᠠᠷᠤᠭ ᠬᠡᠳᠦᠢ ᠺᠢᠯᠦᠮᠤᠲᠷ ᠪᠣᠢ︖ ᠨᠢᠭᠡ | ᠭᠠᠷᠠᠭ ᠲᠤ ᠬᠡᠳᠦᠨ ᠤᠳᠠᠭ᠎ᠠ ᠬᠦᠷᠭᠡᠬᠦ ᠴᠢᠬᠤᠯᠠᠲᠠᠢ ᠪᠤᠢ︖ | ᠰᠢᠣᠳᠠᠨᠴᠢ᠄ ᠸᠧᠨ ᠶᠢᠨ ᠮᠤᠤ | ᠴᠡᠷᠢᠭ ᠠᠩᠭᠢ ᠳᠡᠭᠡᠷ᠎ᠡ ᠭᠠᠴᠠᠭ᠎ᠠ ᠶᠢ ᠨᠡᠮᠡᠪᠡᠯ ᠨᠢᠭᠡ ᠤᠳᠠᠭ᠎ᠠ ᠢᠷᠡᠵᠦ ᠶᠠᠪᠤᠬᠤ ᠳᠤ ᠪᠠᠷᠤᠭ ᠭᠤᠷᠪᠠᠨ ᠵᠠᠭᠤ | ᠢᠯᠡᠭᠦᠦ ᠺᠢᠯᠣᠮᠧᠲᠷ᠂ ᠨᠢᠭᠡ ᠭᠠᠷᠠᠭ ᠲᠤ ᠭᠤᠷᠪᠠ ᠤᠳᠠᠭ᠎ᠠ ᠬᠦᠷᠭᠡᠨ᠎ᠡ᠂ ᠲᠤᠰ ᠲᠤᠰ ᠭᠠᠷᠠᠭ ᠤᠨ ᠭᠤᠷᠪᠠᠨ ᠪᠠ | ᠭᠠᠷᠠᠭ ᠤᠨ ᠲᠠᠪᠤ ᠪᠣᠯᠣᠨ᠎ᠠ᠃ | ᠰᠤᠷᠪᠤᠯᠵᠢᠯᠠᠭᠴᠢ᠄ ᠰᠢᠩ ᠬᠤᠤ | ᠲᠠ ᠨᠢᠭᠡ ᠤᠳᠠᠭ᠎ᠠ ᠳᠤ ᠪᠠᠷᠤᠭ ᠬᠡᠳᠦᠢ ᠰᠢᠤᠳᠠᠨ ᠤ ᠵᠦᠢᠯ ᠬᠦᠷᠭᠡᠵᠦ ᠪᠠᠶᠢᠬᠤ ᠪᠠᠨ ᠪᠦᠷᠢᠳᠬᠡᠵᠦ | ᠦᠵᠡᠭᠰᠡᠨ ᠦᠦ︖ | ᠰᠢᠣᠳᠠᠨᠴᠢ᠄ ᠸᠧᠨ ᠶᠢᠨ ᠮᠤᠤ | ᠤᠳᠤ ᠮᠠᠨ ᠤ ᠤᠯᠤᠰ ᠤᠨ ᠲᠦᠷᠭᠡᠨ ᠬᠦᠷᠭᠡᠯᠲᠡ ᠶᠢᠨ ᠪᠠᠷᠠᠭᠠᠨ ᠤ ᠭᠦᠢᠯᠭᠡᠭᠡ ᠶᠢᠨ ᠬᠥᠭᠵᠢᠯᠲᠡ | ᠤᠯᠠᠮ ᠠᠴᠠ ᠤᠯᠠᠮ ᠰᠠᠶᠢᠵᠢᠷᠠᠵᠤ᠂ ᠪᠢ ᠤᠳᠠᠭ᠎ᠠ ᠪᠦᠷᠢ ᠳᠤᠮᠳᠠᠴᠢ ᠪᠠᠷ ᠳᠠᠯ᠎ᠠ ᠨᠠᠶᠠᠨ ᠵᠦᠢᠯ ᠬᠦᠷᠭᠡᠵᠦ ᠪᠠᠶᠢᠨ᠎ᠠ᠃ | | ᠰᠤᠷᠪᠤᠯᠵᠢᠯᠠᠭᠴᠢ᠄ ᠰᠢᠩ ᠬᠤᠤ | ᠡᠨᠡ ᠵᠣᠷᠪᠤᠰ ᠲᠠᠯ᠎ᠠ ᠨᠤᠲᠤᠭ ᠤᠨ ᠰᠢᠤᠳᠠᠨ ᠤ ᠵᠠᠮ ᠢᠶᠠᠷ ᠲᠠ ᠵᠠᠮᠨᠠᠮᠠᠭᠴᠠ 38 ᠵᠢᠯ ᠥᠩᠭᠡᠷᠡᠴᠢᠬᠡᠪᠡ᠂ | ᠲᠡᠭᠡᠪᠡᠯ ᠡᠨᠡ 38 ᠵᠢᠯ ᠤᠨ ᠲᠤᠷᠰᠢ ᠲᠠᠨ ᠳᠤ ᠮᠠᠷᠲᠠᠭᠳᠠᠰᠢ ᠦᠭᠡᠢ ᠤᠴᠢᠷ ᠪᠠᠶᠢᠨ᠎ᠠ ᠤᠤ︖ | ᠰᠢᠣᠳᠠᠨᠴᠢ᠄ ᠸᠧᠨ ᠶᠢᠨ ᠮᠤᠤ | ᠤᠤᠯ ᠨᠢ ᠪᠢ ᠪᠥᠷ ᠮᠣᠲ᠋ᠣᠷ ᠤᠨᠤᠵᠤ ᠰᠢᠤᠳᠠᠨ ᠬᠦᠷᠭᠡᠳᠡᠭ᠂ ᠭᠠᠷ ᠤᠲᠠᠰᠤ ᠪᠠᠰᠠ ᠪᠠᠶᠢᠬᠤ ᠦᠭᠡᠢ᠂ | ᠨᠡᠪᠲᠡᠷᠡᠯᠴᠡᠭᠡ ᠦᠷᠭᠦᠯᠵᠢ ᠰᠠᠭᠠᠳ ᠲᠠᠢ᠂ ᠳᠤᠭᠤᠶᠢᠯᠠᠪᠤᠷᠢ ᠡᠪᠳᠡᠷᠡᠪᠡᠯ ᠪᠢ ᠵᠥᠪᠬᠡᠨ ᠲᠦᠯᠬᠢᠵᠦ ᠶᠠᠪᠤᠨ᠎ᠠ᠂ ᠣᠳᠣ | ᠨᠥᠬᠦᠴᠡᠯ ᠨᠢᠭᠡᠨᠲᠡ ᠲᠣᠩ ᠰᠠᠶᠢᠨ ᠪᠣᠯᠵᠠᠢ᠂ ᠪᠦᠷ ᠲᠡᠷᠭᠡ ᠵᠢᠯᠣᠭᠤᠳᠴᠤ ᠬᠦᠷᠭᠡᠵᠦ ᠪᠠᠶᠢᠨ᠎ᠠ᠂ ᠭᠡᠪᠡᠴᠦ ᠪᠠᠰᠠ | ᠵᠢᠭᠠᠬᠠᠨ ᠬᠦᠴᠢᠷ ᠪᠠᠶᠢᠬᠤ ᠶᠤᠮ᠃ ᠴᠡᠭᠡᠵᠢᠯᠡᠵᠦ ᠪᠠᠶᠢᠬᠤ ᠪᠠᠷ᠂ ᠤᠷᠵᠢᠨᠤᠨ ᠵᠢᠯ ᠤᠨ ᠡᠪᠦᠯ᠂ ᠪᠢ ᠰᠢᠶᠠ ᠯᠢ | ᠲᠡᠷᠭᠡ ᠪᠠᠨ ᠵᠢᠯᠭᠤᠳᠤᠨ ᠰᠢᠤᠳᠠᠨ ᠬᠦᠷᠭᠡᠵᠦ᠂ ᠴᠡᠷᠢᠭ ᠠᠩᠭᠢ ᠳᠥᠬᠦᠬᠦ ᠦᠶ᠎ᠡ ᠳᠤ ᠲᠤᠭᠤᠶᠢᠯᠠᠪᠤᠷᠢ | ᠳᠡᠯᠪᠡᠷᠡᠴᠢᠬᠡᠪᠡ᠂ ᠭᠠᠳᠠᠨ᠎ᠠ ᠪᠠᠰᠠ ᠴᠠᠰᠤ ᠰᠢᠭᠤᠷᠭᠠᠯᠠᠵᠤ᠂ ᠨᠠᠳᠠ ᠳᠤ ᠴᠡᠷᠢᠭ ᠠᠩᠭᠢ ᠠᠴᠠ ᠲᠤᠰᠠᠯᠠᠮᠵᠢ | ᠭᠤᠶᠤᠬᠤ ᠠᠴᠠ ᠥᠭᠡᠷ᠎ᠡ ᠠᠷᠭ᠎ᠠ ᠦᠭᠡᠢ᠃ ᠴᠡᠷᠢᠭ ᠠᠩᠭᠢ ᠶᠢᠨ ᠪᠠᠶᠢᠯᠳᠤᠭᠴᠢᠳ ᠤᠳᠠᠯ ᠦᠭᠡᠢ ᠮᠢᠨᠦ | ᠳᠤᠭᠤᠶᠢᠯᠠᠪᠤᠷᠢ ᠳᠡᠯᠪᠡᠷᠡᠭᠰᠡᠨ ᠭᠠᠵᠠᠷ ᠬᠦᠷᠴᠦ ᠢᠷᠡᠵᠡᠢ᠂ ᠲᠡᠳᠡ ᠨᠠᠮᠠᠶᠢ ᠲᠡᠷᠭᠡᠨ ᠳᠡᠭᠡᠷ᠎ᠡ ᠰᠠᠭᠤᠯᠭᠠᠵᠤ᠂ ᠲᠡᠳᠡ | ᠬᠠᠷᠢᠨ ᠮᠥᠰᠥ ᠴᠠᠰᠤᠨ ᠳᠣᠲᠣᠷ᠎ᠠ ᠨᠠᠮᠠᠶᠢ ᠬᠠᠪᠰᠤᠷᠴᠤ ᠲᠡᠷᠭᠡ ᠶᠢ ᠵᠠᠰᠠᠵᠤ ᠥᠭᠴᠡᠢ᠂ ᠲᠤᠬᠠᠢ ᠶᠢᠨ ᠦᠶ᠎ᠡ ᠳᠤ ᠪᠢ | ᠮᠠᠰᠢ ᠰᠡᠳᠬᠢᠯ ᠬᠥᠳᠡᠯᠵᠦ᠂ ᠮᠠᠨ ᠤ ᠠᠷᠠᠳ ᠤᠨ ᠬᠡᠦᠬᠡᠳ ᠳᠡᠭᠦᠦ ᠨᠠᠷ ᠴᠡᠷᠢᠭ ᠪᠣᠯᠤᠨ ᠮᠠᠨ ᠤ ᠤᠯᠠᠨ ᠲᠦᠮᠡᠨ ᠤ | ᠭᠦᠨ ᠵᠤᠵᠠᠭᠠᠨ ᠬᠠᠶᠢᠷ᠎ᠠ ᠰᠡᠳᠬᠢᠯᠭᠡ ᠶᠢ ᠣᠯᠵᠤ ᠮᠡᠳᠡᠵᠡᠢ᠃ ᠬᠠᠶᠢᠷ᠎ᠠ ᠰᠡᠳᠭᠢᠯᠭᠡ ᠪᠦᠷ ᠬᠠᠷᠢᠯᠴᠠᠨ ᠪᠠᠶᠢᠳᠠᠭ᠂ | ᠴᠢᠯᠥᠭᠡᠯᠡᠬᠦ ᠴᠡᠷᠢᠭ ᠪᠢᠳᠡᠨ ᠠᠴᠠ ᠢᠯᠡᠭᠦᠦ ᠵᠦᠳᠡᠷᠡᠯᠲᠡᠢ ᠲᠠᠢ᠂ ᠡᠶᠢᠮᠦ ᠠᠴᠠ ᠪᠢ ᠬᠡᠳᠦ᠋ᠢᠪᠡᠷ ᠭᠠᠷᠠᠭ ᠲᠤ ᠭᠤᠷᠪᠠ | ᠤᠳᠠᠭ᠎ᠠ ᠰᠢᠤᠳᠠᠨ ᠤ ᠵᠦᠢᠯ ᠬᠦᠷᠭᠡᠳᠡᠭ ᠪᠣᠯᠪᠠᠴᠤ᠂ ᠴᠡᠷᠢᠭ ᠠᠩᠭᠢ ᠰᠢᠭ᠋ ᠢ ᠪᠢ ᠳᠥᠷᠪᠡ ᠲᠠᠪᠤ ᠤᠳᠠᠭ᠎ᠠ | ᠬᠦᠷᠭᠡᠵᠦ ᠮᠡᠳᠡᠨ᠎ᠡ᠂ ᠲᠡᠳᠡ ᠬᠡᠷᠡᠭᠴᠡᠭᠡ ᠲᠠᠢ ᠪᠣᠯ ᠪᠢ ᠬᠦᠷᠭᠡᠵᠦ ᠦᠭᠭᠦᠨ᠎ᠡ᠂ ᠡᠨᠡ ᠪᠣᠯ ᠪᠠᠰᠠ ᠨᠢᠭᠡ ᠬᠤᠪᠢ | ᠡᠭᠦᠷᠭᠡ ᠬᠠᠷᠢᠭᠤᠴᠠᠯᠭ᠎ᠠ ᠪᠣᠯᠣᠨ᠎ᠠ᠂ ᠲᠡᠳᠡᠨ ᠤ ᠬᠡᠷᠡᠭᠴᠡᠭᠡ ᠲᠠᠢ ᠶᠠᠭᠤᠮ᠎ᠠ ᠶᠢ ᠲᠡᠳᠡᠨ ᠤ ᠭᠠᠷ ᠲᠤ ᠨᠢ ᠬᠦᠷᠭᠡᠭᠡᠳ᠂ | ᠲᠡᠳᠡ ᠪᠠᠶᠠᠷᠯᠠᠪᠠᠯ ᠪᠢ ᠴᠤ ᠬᠠᠷᠢᠵᠤ ᠢᠷᠡᠭᠡᠳ ᠪᠠᠶᠠᠷᠯᠠᠨ᠎ᠠ᠃ | ᠰᠤᠷᠪᠤᠯᠵᠢᠯᠠᠭᠴᠢ᠄ ᠰᠢᠩ ᠬᠤᠤ | ᠡᠨᠡ 38 ᠵᠢᠯ ᠳᠤ᠂ ᠲᠠ ᠠᠯᠤᠰ ᠬᠢᠵᠠᠭᠠᠷ᠂ ᠬᠢᠯᠢ ᠬᠢᠵᠠᠭᠠᠷ ᠣᠷᠣᠨ ᠤ ᠪᠠᠷᠠᠭᠠᠨ ᠤ ᠭᠦᠢᠯᠭᠡᠭᠡᠨ ᠤ | ᠲᠦᠷᠭᠡᠨ ᠬᠦᠷᠭᠡᠯᠲᠡ ᠶᠢᠨ ᠬᠥᠭᠵᠢᠯᠲᠡ ᠪᠠ ᠲᠠᠪᠰᠢᠯᠳᠠ ᠶᠢ ᠰᠡᠷᠡᠵᠦ ᠮᠡᠳᠡᠭᠰᠡᠨ ᠤᠤ︖ | ᠰᠢᠣᠳᠠᠨᠴᠢ᠄ ᠸᠧᠨ ᠶᠢᠨ ᠮᠤᠤ | ᠣᠳᠣ ᠤᠯᠤᠰ ᠤᠨ ᠲᠥᠷᠥ ᠶᠢᠨ ᠪᠣᠳᠣᠯᠭ᠎ᠠ ᠰᠠᠶᠢᠨ᠂ ᠥᠩᠭᠡᠷᠡᠭᠰᠡᠨ ᠳᠤ ᠠᠪᠤ ᠮᠢᠨᠢ ᠵᠤᠨ ᠳᠤᠭᠤᠢ | ᠲᠡᠷᠭᠡ ᠪᠠᠷ ᠬᠦᠷᠭᠡᠵᠦ᠂ ᠡᠪᠦᠯ ᠲᠡᠮᠡᠭᠡ ᠤᠨᠤᠵᠤ ᠬᠦᠷᠭᠡᠳᠡᠭ ᠪᠠᠶᠢᠪᠠ᠂ ᠮᠢᠨᠦ ᠦᠶ᠎ᠡ ᠳᠤ ᠢᠷᠡᠭᠡᠳ ᠮᠣᠲ᠋ᠣᠷ ᠲᠡᠷᠭᠡ᠂ | ᠰᠢᠶᠠ ᠯᠢ ᠲᠡᠷᠭᠡ ᠪᠠᠷ ᠬᠦᠷᠭᠡᠬᠦ ᠪᠣᠯᠪᠠ᠂ ᠲᠡᠶᠢᠮᠦ ᠮᠥᠷᠲᠡᠭᠡᠨ ᠣᠳᠣ ᠶᠢᠨ ᠵᠠᠮ ᠪᠣᠯ ᠪᠦᠷ ᠱᠦᠢᠨᠢ ᠵᠠᠮ᠂ | ᠤᠯᠤᠰ ᠠᠴᠠ ᠲᠣᠰᠬᠤᠨ ᠪᠣᠯᠭᠠᠨ ᠳᠤ ᠰᠢᠤᠳᠠᠨ᠂ ᠵᠠᠮ᠂ ᠴᠠᠬᠢᠯᠭᠠᠨ ᠨᠡᠪᠲᠡᠷᠡᠭᠦᠯᠵᠦ᠂ ᠠᠷᠠᠳ ᠲᠦᠮᠡᠨ ᠤ | ᠠᠮᠢᠳᠤᠷᠠᠯ ᠤᠨ ᠨᠥᠬᠦᠴᠡᠯ ᠤᠯᠠᠮ ᠠᠴᠠ ᠤᠯᠠᠮ ᠰᠠᠶᠢᠵᠢᠷᠠᠵᠤ ᠪᠠᠶᠢᠨ᠎ᠠ᠂ ᠣᠳᠣ ᠶᠢᠨ ᠨᠤᠲᠤᠭ ᠤᠰᠤᠨ ᠤ | ᠬᠥᠭᠵᠢᠯᠲᠡ ᠦᠨᠡᠬᠡᠷ ᠵᠦᠭᠡᠷ ᠪᠠᠶᠢᠨ᠎ᠠ᠃ | ᠰᠤᠷᠪᠤᠯᠵᠢᠯᠠᠭᠴᠢ᠄ ᠰᠢᠩ ᠬᠤᠤ | ᠲᠠᠨ ᠳᠤ ᠶᠠᠮᠠᠷ ᠰᠢᠨ᠎ᠡ ᠵᠢᠯ ᠤᠨ ᠬᠦᠰᠡᠯ ᠡᠷᠡᠮᠡᠯᠵᠡᠯ ᠲᠠᠢ ᠪᠣᠢ︖ | ᠰᠢᠣᠳᠠᠨᠴᠢ᠄ ᠸᠧᠨ ᠶᠢᠨ ᠮᠤᠤ | ᠠᠪᠤ ᠮᠢᠨᠢ ᠡᠨᠡ ᠵᠠᠮ ᠢᠶᠠᠷ 50 ᠵᠢᠯ ᠵᠠᠮᠨᠠᠪᠠ᠂ ᠪᠢ ᠪᠠᠰᠠ 38 ᠵᠢᠯ ᠵᠠᠮᠨᠠᠯ᠎ᠠ᠂ ᠪᠢ ᠳᠠᠬᠢᠭᠠᠳ ᠠᠷᠪᠠᠨ | ᠬᠡᠳᠦᠨ ᠵᠢᠯ ᠵᠠᠮᠨᠠᠵᠤ ᠠᠪᠤ ᠲᠠᠢ ᠪᠠᠨ ᠨᠢᠭᠡ ᠵᠠᠭᠤᠨ ᠵᠢᠯ ᠢ ᠭᠦᠢᠴᠡᠭᠡᠶ᠎ᠡ ᠭᠡᠵᠦ ᠪᠣᠳᠣᠵᠤ ᠪᠠᠶᠢᠨ᠎ᠠ᠃ | ᠣᠢᠲᠠ ᠶᠢᠨ ᠬᠤᠶᠢᠨᠠᠭᠢ 4 ᠴᠠᠭ 30 ᠮᠢᠨᠦ᠋ᠲ ᠲᠤ ᠸᠠ ᠶᠢᠨ ᠮᠣᠤ ᠰᠢᠤᠳᠠᠨ ᠬᠦᠷᠭᠡᠬᠦ ᠠᠵᠢᠯ ᠢᠶᠠᠨ | ᠲᠠᠭᠤᠰᠬᠠᠭᠠᠣᠠ᠂ ᠰᠣᠷᠪᠤᠯᠵᠢᠯᠠᠬᠴᠢ ᠶᠢᠨ ᠪᠡᠶᠡᠴᠢᠯᠡᠨ ᠣᠶᠢᠯᠠᠭᠠᠬᠤ ᠠᠶᠠᠯᠠᠯ ᠴᠤ ᠨᠢᠭᠡᠨ ᠱᠠᠲᠤᠨ ᠳᠤ ᠬᠦᠷᠪᠡ᠃ | ᠵᠠᠮ ᠲᠤᠷᠰᠢᠬᠢ ᠪᠡᠶᠡᠴᠢᠯᠡᠨ ᠣᠶᠢᠯᠠᠭᠠᠯᠲᠠ ᠪᠠᠷ ᠳᠠᠮᠵᠢᠭᠠᠳ᠂ ᠰᠤᠷᠪᠤᠯᠵᠢᠯᠠᠭᠴᠢ ᠨᠢᠭᠡᠨ ᠬᠢᠯᠢ ᠶᠢᠨ ᠰᠢᠤᠳᠠᠨᠴᠢ ᠶᠢᠨ | ᠵᠣᠪᠠᠭᠤᠷᠢ ᠵᠦᠳᠡᠭᠦᠷᠢ ᠶᠢ ᠣᠶᠢᠯᠠᠭᠠᠵᠤ ᠮᠡᠳᠡᠪᠡ᠃ 30 ᠭᠠᠷᠤᠢ ᠵᠢᠯ ᠤᠨ ᠲᠤᠷᠰᠢ᠂ ᠸᠧᠨ ᠶᠢᠨ ᠮᠤᠤ ᠬᠠᠯᠠᠭᠤᠨ | ᠰᠡᠳᠬᠢᠯᠭᠡ ᠲᠠᠢ ᠪᠠᠷ ᠦᠢᠯᠡᠴᠢᠯᠡᠬᠦ ᠣᠪᠣᠷ ᠢᠶᠠᠨ ᠢᠮᠠᠭᠲᠠ ᠪᠠᠷᠢᠮᠲᠠᠯᠠᠵᠤ᠂ ︽ᠨᠣᠭᠤᠭᠠᠨ ᠬᠤᠨ ᠭᠠᠯᠠᠭᠤ︾ ᠮᠡᠲᠦ | ᠬᠢᠯᠢ ᠶᠢᠨ ᠱᠤᠭᠤᠮ ᠳᠡᠭᠡᠷ᠎ᠡ ᠰᠦᠯᠵᠢᠯᠳᠦᠵᠦ᠂ ᠲᠦᠷᠭᠡᠨ ᠬᠦᠷᠭᠡᠯᠲᠡ ᠨᠦᠭᠦᠳ ᠢ ᠬᠢᠯᠢ ᠶᠢᠨ ᠤᠯᠠᠨ ᠲᠦᠮᠡᠨ ᠪᠣᠯᠤᠨ | ᠬᠢᠯᠢ ᠶᠢᠨ ᠬᠠᠮᠠᠭᠠᠯᠠᠯᠲᠠ ᠶᠢᠨ ᠳᠠᠷᠤᠭ᠎ᠠ ᠪᠠᠶᠢᠯᠳᠤᠭᠴᠢᠳ ᠤᠨ ᠭᠠᠷ ᠲᠤ ᠵᠥᠪ ᠣᠨᠣᠪᠴᠢᠲᠠᠢ ᠠᠯᠳᠠᠭ᠎ᠠ ᠲᠠᠰᠢᠶ᠎ᠠ | ᠦᠭᠡᠢ ᠪᠠᠷ ᠬᠦᠷᠭᠡᠭᠰᠡᠨ ᠪᠠᠶᠢᠨ᠎ᠠ᠃ | ᠰᠢᠤᠳᠠᠨ ᠤ ᠵᠠᠮ ᠬᠢᠵᠠᠭᠠᠷ ᠦᠭᠡᠢ᠂ ᠮᠢᠩᠭᠠᠨ ᠠᠭᠤᠯᠠ ᠲᠦᠮᠡᠨ ᠤᠰᠤ ᠶᠢ ᠳᠠᠪᠠᠵᠤ᠂ ᠮᠢᠩᠭᠠᠨ ᠲᠣᠰᠬᠤᠨ | ᠲᠦᠮᠡᠨ ᠡᠷᠦᠬᠡ ᠶᠢ ᠪᠦᠷᠬᠦᠪᠡ᠃ ᠥᠷᠭᠡᠨ ᠠᠭᠤᠳᠠᠮ ᠳᠠᠷᠬᠠᠨ ᠮᠤᠤᠮᠢᠩᠭᠠᠨ ᠤ ᠲᠠᠯ᠎ᠠ ᠨᠤᠲᠤᠭ ᠲᠤ᠂ ᠰᠤᠮᠤ | ᠭᠠᠴᠠᠭ᠎ᠠ᠂ ᠬᠢᠯᠢ ᠶᠢᠨ ᠬᠠᠮᠠᠭᠠᠯᠠᠯᠲᠠ ᠶᠢᠨ ᠴᠡᠷᠢᠭ ᠠᠩᠭᠢ ᠤᠷᠤᠭᠤ ᠨᠡᠪᠲᠡᠷᠡᠬᠦ ᠰᠢᠤᠳᠠᠨ ᠤ ᠵᠠᠮ ᠳᠡᠭᠡᠷ᠎ᠡ᠂ | ᠬᠡᠵᠢᠶᠡᠳᠡ ᠬᠢᠯᠢ ᠶᠢᠨ ᠰᠢᠤᠳᠠᠨᠴᠢ ᠶᠢᠨ ᠬᠠᠬᠢᠷ ᠬᠦᠢᠲᠡᠨ ᠠᠴᠠ ᠠᠶᠤᠬᠤ ᠦᠭᠡᠢ᠂ ᠠᠭᠠᠭᠢᠮ᠎ᠠ ᠬᠠᠯᠠᠭᠤᠨ ᠠᠴᠠ | ᠬᠠᠯᠠᠰᠢᠷᠠᠬᠤ ᠦᠭᠡᠢ ᠬᠠᠳᠠᠨ ᠪᠠᠲᠤ ᠠᠯᠬᠤᠭ᠎ᠠ ᠲᠠᠢ ᠪᠠᠶᠢᠳᠠᠭ᠃ ᠲᠦᠷᠭᠡᠨ ᠬᠦᠷᠭᠡᠯᠲᠡ ᠨᠢ ᠬᠢᠯᠢ ᠶᠢᠨ ᠠᠷᠠᠳ | ᠣᠯᠠᠨ ᠤ ᠬᠡᠷ ᠲᠤ ᠰᠢᠭᠤᠳ ᠬᠦᠷᠴᠦ᠂ ᠪᠢᠳᠡ ᠬᠢᠯᠢ ᠶᠢᠨ ᠰᠢᠤᠳᠠᠨᠴᠢ ᠶᠢᠨ 38 ᠵᠢᠯ ᠲᠠᠯ᠎ᠠ ᠨᠤᠲᠤᠭ ᠢ ᠪᠠᠲᠤ | ᠰᠠᠬᠢᠭᠰᠠᠨ ᠲᠡᠳᠦᠢ ᠦᠭᠡᠢ᠂ ᠬᠢᠯᠢ ᠬᠢᠵᠠᠭᠠᠷ ᠣᠷᠣᠨ ᠤ ᠮᠠᠯᠴᠢᠨ ᠲᠠᠷᠢᠶᠠᠴᠢᠨ ᠳᠤ ᠨᠠᠮ ᠤᠨ ᠰᠠᠶᠢᠨ ᠲᠥᠷᠥ ᠶᠢᠨ | ᠪᠣᠳᠣᠯᠭ᠎ᠠ ᠶᠢᠨ ᠬᠡᠷᠡᠯ ᠰᠠᠴᠤᠷᠠᠩᠭᠤᠶ ᠢᠪᠡᠭᠡᠯ ᠳᠣᠣᠷ᠎ᠠ᠂ ᠠᠷᠠᠳ ᠣᠯᠠᠨ ᠤ ᠠᠮᠢᠳᠤᠷᠠᠯ ᠤᠨ ᠶᠠᠰᠤ ᠴᠢᠨᠠᠷ | ᠳᠡᠭᠡᠭᠰᠢᠯᠡᠭᠦᠯᠦᠭᠰᠡᠨ ᠢ ᠮᠡᠳᠡᠷᠡᠭᠦᠯᠦᠭᠰᠡᠨ ᠢ ᠣᠯᠵᠤ ᠬᠠᠷᠠᠪᠠ᠃ |