ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠮᠣᠩᠭᠤᠯ ᠡᠮᠨᠡᠯᠭᠡ ᠶᠢᠨ ᠬᠤᠷᠢᠶᠠᠨ ᠤ ᠰᠤᠪᠢᠯᠠᠭᠴᠢ ᠳᠤᠩᠭᠠᠯᠠᠭ ᠤᠨ ᠰᠤᠳᠤᠯᠭᠠᠨ ᠤ ᠦᠷ᠎ᠡ ᠪᠦᠲᠦᠭᠡᠯ ᠱᠠᠩᠨᠠᠯ ᠬᠦᠷᠲᠡᠪᠡ
ᠨᠡᠶᠢᠲᠡᠯᠡᠭᠰᠡᠨ ᠴᠠᠭ᠄
2025/1/21
      ᠡᠮᠴᠢᠯᠡᠭᠡᠨ ᠤ ᠮᠡᠷᠭᠡᠵᠢᠯ ᠲᠠᠰᠤᠷᠠᠯᠲᠠ ᠥᠬᠡᠶ ᠬᠥᠭᠵᠢᠵᠦ ᠪᠠᠶᠢᠭ᠎ᠠ ᠪᠤᠯᠤᠨ ᠰᠢᠨ᠎ᠡ ᠶᠢ ᠡᠭᠦᠳᠬᠦ ᠶᠡᠭᠡ ᠠᠬᠤᠶ ᠪᠠᠶᠢᠳᠠᠯ ᠳᠣᠤᠷ᠎ᠠ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠮᠣᠩᠭᠤᠯ ᠡᠮᠨᠡᠯᠭᠡ ᠶᠢᠨ ᠬᠤᠷᠢᠶ᠎ᠠ ᠡᠮᠴᠢ ᠰᠤᠪᠢᠯᠠᠭᠴᠢ ᠶᠢᠨ ᠰᠢᠨᠵᠢᠯᠡᠬᠦ ᠤᠬᠠᠭᠠᠨ ᠤ ᠰᠤᠳᠤᠯᠭᠠᠨ ᠤ ᠠᠵᠢᠯ ᠳᠤ ᠢᠳᠡᠪᠬᠢᠲᠡᠶ ᠣᠷᠣᠯᠴᠠᠬᠤ ᠶᠢ ᠵᠣᠷᠢᠭᠵᠢᠭᠤᠯᠵᠤ᠂ ᠲᠤᠰᠬᠠᠶ ᠮᠡᠷᠭᠡᠵᠢᠯ ᠤᠨ ᠤᠷ᠎ᠠ ᠴᠢᠳᠠᠪᠤᠷᠢ ᠬᠢᠭᠡᠳ ᠡᠷᠳᠡᠮ ᠰᠢᠨᠵᠢᠯᠡᠭᠡᠨ ᠤ ᠬᠢᠷᠢ ᠲᠦᠪᠰᠢᠨ ᠢᠶᠠᠨ ᠳᠡᠭᠡᠭᠰᠢᠯᠡᠭᠦᠯᠦᠨ᠂ ᠡᠪᠡᠳᠴᠢᠲᠡᠨ ᠳᠤ ᠨᠠᠩ  ᠰᠠᠶᠢᠨ ᠦᠢᠯᠡᠴᠢᠯᠡᠵᠦ᠂ ᠮᠣᠩᠭᠤᠯ ᠡᠮᠨᠡᠯᠭᠡ ᠶᠢᠨ ᠦᠢᠯᠡᠰ ᠤᠨ ᠬᠥᠭᠵᠢᠯᠲᠡ ᠶᠢ ᠨᠠᠩ ᠰᠠᠶᠢᠨ ᠠᠬᠢᠭᠤᠯᠪᠠ᠃ 2025 ᠣᠨ ᠤ 1 ᠰᠠᠷ᠎ᠠ ᠶᠢᠨ 5 ᠤ ᠡᠳᠦᠷ᠂ ᠳᠤᠩᠭᠠᠯᠠᠭ ᠰᠤᠪᠢᠯᠠᠭᠴᠢ ᠡᠮᠨᠡᠯᠭᠡ ᠶᠢᠨ ᠬᠤᠷᠢᠶᠠᠨ ᠤ ᠰᠤᠪᠢᠯᠠᠯᠲᠠ ᠶᠢᠨ ᠪᠦᠯᠬᠦᠮ ᠤᠨ ᠭᠠᠷᠮᠠᠭᠠᠶ ᠲᠥᠯᠥᠭᠡᠯᠡᠭᠴᠢ ᠪᠣᠯᠤᠭᠰᠠᠨ ᠤ ᠬᠤᠪᠢ ᠳᠤ᠂ ᠲᠡᠭᠦᠨ ᠤ ᠰᠤᠳᠤᠯᠭᠠᠨ ᠤ ᠦᠷ᠎ᠡ ᠪᠦᠲᠦᠭᠡᠯ ︽ᠮᠣᠩᠭᠤᠯ ᠡᠮᠨᠡᠯᠭᠡ ᠶᠢᠨ ᠴᠠᠢ ᠵᠠᠰᠠᠯ  ᠤᠨ ᠨᠢᠷᠤᠭᠤᠨ ᠤ ᠦᠶ᠎ᠡ ᠶᠢᠨ ᠮᠥᠭᠡᠷᠰᠤᠨ ᠲᠠᠪᠠᠭ ᠳᠣᠪᠤᠶᠢᠭᠰᠠᠨ ᠡᠪᠡᠳᠴᠢᠲᠡᠨ ᠤ JOA ᠶᠢᠨ ᠬᠤᠪᠢ ᠲᠣᠭᠲᠠᠭᠠᠬᠤ ᠵᠢᠴᠢ ODI ᠵᠢᠭᠠᠯᠲᠠ ᠲᠤᠭ᠎ᠠ ᠳᠠᠬᠢ ᠨᠥᠯᠥᠭᠡ︾ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠮᠣᠩᠭᠤᠯ ᠡᠮ ᠡᠮᠨᠡᠯᠭᠡ ᠶᠢᠨ ᠰᠤᠳᠤᠯᠭᠠᠨ ᠤ ᠨᠡᠶᠢᠭᠡᠮᠯᠢᠭ ᠤᠨ ᠰᠢᠨᠵᠢᠯᠡᠬᠦ ᠤᠬᠠᠭᠠᠨ ᠮᠡᠷᠭᠡᠵᠢᠯ ᠤᠨ ᠳᠠᠪᠰᠢᠯᠲᠠ ᠶᠢᠨ ᠭᠤᠷᠪᠠᠳᠤᠭᠠᠷ ᠳᠡᠰ ᠤᠨ ᠱᠠᠩᠨᠠᠯ ᠭᠥᠷᠳᠡᠪᠡ᠃      ᠡᠮᠨᠡᠯᠭᠡ ᠶᠢᠨ ᠬᠤᠷᠢᠶᠠᠨ ᠤ ᠤᠳᠤᠷᠢᠳᠤᠯᠭ᠎ᠠ ᠠᠴᠠ ᠰᠢᠨᠵᠢᠯᠡᠬᠦ ᠤᠬᠠᠭᠠᠨ ᠤ ᠰᠤᠳᠤᠯᠭᠠᠨ ᠤ ᠠᠵᠢᠯ ᠨᠢ ᠡᠮᠨᠡᠯᠭᠡ ᠶᠢᠨ ᠬᠤᠷᠢᠶᠠᠨ ᠤ ᠬᠥᠭᠵᠢᠯᠲᠡ ᠶᠢᠨ ᠴᠢᠬᠤᠯᠠ ᠴᠢᠨᠠᠷ ᠢ ᠴᠢᠬᠤᠯᠠᠴᠢᠯᠠᠬᠤ ᠶᠢᠨ ᠬᠠᠮᠲᠤ ᠳᠤᠩᠭᠠᠯᠠᠭ ᠰᠤᠪᠢᠯᠠᠭᠴᠢ ᠶᠢᠨ ᠱᠠᠩᠨᠠᠯ ᠬᠥᠷᠳᠡᠭᠰᠡᠨ ᠳᠤ ᠬᠠᠯᠠᠭᠤᠨ ᠪᠠᠶᠠᠷ ᠬᠦᠷᠭᠡᠵᠦ ᠪᠠᠶᠢᠬᠤ ᠪᠠᠨ ᠢᠯᠡᠳᠬᠡᠪᠡ᠃ ᠡᠨᠡ ᠤᠳᠠᠭ᠎ᠠ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠮᠣᠩᠭᠤᠯ ᠡᠮᠨᠡᠯᠭᠡ ᠶᠢᠨ ᠬᠤᠷᠢᠶᠠᠨ ᠤ ᠰᠤᠪᠢᠯᠠᠭᠴᠢ ᠳᠤᠩᠭᠠᠯᠠᠭ ᠤᠨ ᠰᠤᠳᠤᠯᠭᠠᠨ ᠤ ᠦᠷ᠎ᠡ ᠪᠦᠲᠦᠭᠡᠯ ᠤᠨ ᠱᠠᠩᠨᠠᠯ ᠤᠯᠬᠤ ᠠᠵᠢᠯᠯᠠᠭ᠎ᠠ ᠪᠣᠯ ᠨᠢᠭᠡ ᠤᠳᠠᠭᠠᠨ ᠤ ᠠᠮᠵᠢᠯᠳᠡᠳᠠᠢ ᠬᠥᠬᠢᠭᠦᠯᠦᠨ ᠰᠠᠶᠢᠰᠢᠶᠠᠬᠤ ᠪᠠ ᠰᠤᠷᠤᠯᠴᠠᠬᠤ ᠠᠵᠢᠯᠯᠠᠭ᠎ᠠ ᠪᠣᠯᠤᠨ᠎ᠠ᠃ ᠠᠵᠢᠯᠯᠠᠭ᠎ᠠ ᠪᠠᠷ ᠲᠠᠮᠵᠢᠨ᠂ ᠳᠤᠩᠭᠠᠯᠠᠭ ᠤᠨ ᠭᠠᠷᠮᠠᠭᠠᠢ ᠬᠤᠪᠢ ᠨᠡᠮᠡᠷᠢ ᠶᠢ ᠭᠦᠢᠴᠡᠳ ᠨᠤᠳᠠᠯᠠᠬᠤ ᠶᠢᠨ ᠬᠠᠮᠳᠤ ᠪᠠᠰᠠ ᠪᠦᠬᠦ ᠡᠮᠨᠡᠯᠭᠡ ᠶᠢᠨ ᠬᠤᠷᠢᠶᠠᠨ ᠤ ᠡᠮᠴᠢ ᠰᠤᠪᠢᠯᠠᠭᠴᠢ ᠳᠤ ᠨᠢᠭᠡ ᠤᠳᠠᠭᠠᠨ ᠤ ᠡᠷᠬᠢᠮ ᠨᠠᠨᠳᠢᠨ ᠰᠤᠷᠤᠯᠴᠠᠬᠤ ᠲᠣᠬᠢᠶᠠᠯ ᠬᠠᠩᠭᠠᠵᠤ᠂ ᠡᠮᠨᠡᠯᠭᠡ ᠶᠢᠨ ᠬᠤᠷᠢᠶᠠᠨ ᠤ ᠰᠢᠨᠵᠢᠯᠡᠬᠦ ᠤᠬᠠᠭᠠᠨ ᠤ ᠰᠤᠳᠤᠯᠭᠠᠨ ᠤ ᠠᠭᠤᠷ ᠠᠮᠢᠰᠬᠤᠯ ᠤᠨ ᠳᠡᠭᠡᠭᠰᠢᠯᠡᠯᠲᠡ ᠶᠢ ᠪᠦᠲᠦᠮᠵᠢᠲᠡᠢ ᠠᠬᠢᠭᠤᠯᠪᠠ᠃ ᠬᠤᠶᠢᠰᠢᠳᠠ ᠶᠢᠨ ᠠᠵᠢᠯ ᠤᠨ ᠳᠤᠮᠳᠠ᠂ ᠡᠮᠨᠡᠯᠭᠡ ᠶᠢᠨ ᠬᠤᠷᠢᠶ᠎ᠠ ᠡᠮᠴᠢ ᠰᠤᠪᠢᠯᠠᠭᠴᠢ ᠶᠢᠨ ᠰᠢᠨᠵᠢᠯᠡᠬᠦ ᠤᠬᠠᠭᠠᠨ ᠤ ᠰᠤᠳᠤᠯᠭᠠᠨ ᠤ ᠠᠵᠢᠯ ᠢ ᠢᠳᠡᠪᠬᠢᠲᠡᠶ ᠥᠷᠨᠢᠭᠦᠯᠬᠦ ᠶᠢ ᠦᠷᠭᠦᠯᠵᠢᠯᠡᠨ ᠵᠣᠷᠢᠭᠵᠢᠭᠤᠯᠵᠤ᠂ ᠮᠣᠩᠭᠤᠯ ᠡᠮᠨᠡᠯᠭᠡ ᠶᠢᠨ ᠦᠢᠯᠡᠰ ᠤᠨ ᠬᠥᠭᠵᠢᠯᠲᠡ ᠪᠠ ᠳᠠᠪᠰᠢᠯᠲᠠ ᠶᠢ ᠲᠠᠰᠤᠷᠠᠯᠲᠠ ᠥᠬᠡᠶ ᠠᠬᠢᠭᠤᠯᠬᠤ ᠪᠣᠯᠤᠨ᠎ᠠ᠃ 
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号