ᠠᠮᠢᠳᠤᠷᠠᠯ ᠨᠠᠷᠠᠨ ᠤ ᠬᠡᠷᠡᠯ᠂ ᠠᠭᠠᠷ ᠪᠠ ᠤᠰᠤᠨ ᠠᠴᠠ ᠰᠠᠯᠵᠤ ᠴᠢᠳᠠᠬᠤ ᠦᠬᠡᠢ᠃ ᠨᠡᠷᠠᠨ ᠤ ᠬᠡᠷᠡᠯ ᠢ | ᠬᠦᠢᠴᠡᠳ ᠡᠳ᠋ᠯᠡᠨ᠂ ᠠᠷᠢᠭᠤᠨ ᠴᠡᠪᠡᠷ ᠠᠭᠠᠷ ᠢᠶᠠᠷ ᠠᠮᠢᠰᠬᠤᠬᠤ ᠨᠢ ᠡᠷᠡᠬᠦᠯ ᠮᠠᠨᠳᠤ ᠪᠠᠨ ᠬᠠᠮᠠᠭᠠᠯᠠᠬᠤ ᠳᠤ | ᠳᠤᠳᠠᠭᠳᠠᠵᠤ ᠪᠤᠯᠤᠰᠢ ᠦᠬᠡᠢ ᠶᠠᠪᠤᠳᠠᠯ ᠮᠦᠨ᠃ ᠨᠠᠷᠠᠠ ᠤ ᠬᠡᠷᠡᠯ ᠨᠢ ᠬᠦᠮᠤᠨ ᠳᠤ ᠬᠡᠷᠡᠯ ᠬᠡᠬᠡ ᠪᠠ ᠬᠠᠯᠠᠭᠤᠨ | ᠪᠦᠯᠢᠶᠠᠨ ᠢ ᠰᠤᠶᠤᠷᠬᠠᠳᠠᠭ ᠲᠠᠳᠤᠢ ᠦᠬᠡᠢ᠂ ᠤᠷᠮ᠎ᠠ ᠵᠤᠷᠢᠬ ᠢ ᠬᠦᠭᠵᠢᠬᠡᠨ᠂ ᠠᠵᠢᠯ ᠰᠤᠷᠤᠯᠭ᠎ᠠ ᠶᠢᠨ ᠦᠷ᠎ᠠ | ᠪᠦᠳᠤᠮᠵᠢ ᠶᠢ ᠲᠡᠬᠡᠭᠰᠢᠯᠡᠬᠦᠯᠬᠦ ᠳᠤ ᠴᠤ ᠰᠠᠶᠢᠨ ᠤᠶᠢᠯᠠᠴᠢᠯᠡᠳᠡᠭ ᠶᠤᠮ᠃ ᠨᠠᠷᠠᠨ ᠤ ᠬᠡᠷᠡᠯ ᠳᠤᠳᠤᠷᠡᠬᠢ ᠬᠡᠳᠤ | ᠬᠦᠷᠠᠩ ᠰᠠᠴᠤᠷᠠᠭ ᠨᠢ ᠬᠦᠮᠤᠨ ᠤ ᠪᠠᠶ᠎ᠠ ᠳᠤ ᠸᠢᠲ᠋ᠠᠮᠢᠨ D ᠨᠡᠶᠢᠯᠡᠬᠦᠯᠬᠦ ᠳᠤ ᠳᠤᠰᠠᠯᠠᠳᠠᠭ᠃ ᠸᠢᠲ᠋ᠠᠮᠢᠨ D ᠨᠢ | ᠬᠦᠮᠤᠨ ᠤ ᠪᠠᠶ᠎ᠠ ᠶᠢᠨ ᠺᠠᠯᠼ ᠰᠢᠩᠬᠡᠬᠡᠬᠦ ᠶᠢ ᠠᠬᠢᠭᠤᠯᠳᠠᠭ ᠪᠤᠯᠬᠤᠷ ᠵᠤᠬᠢᠰᠳᠠᠢ ᠪᠠᠷ ᠨᠠᠷᠠᠠ ᠳᠤ ᠪᠠᠶ᠎ᠠ ᠪᠠᠨ | ᠡᠬᠡᠬᠡᠬᠦ ᠨᠢ ᠨᠢᠯᠬ᠎ᠠ ᠬᠡᠤᠬᠡᠳ ᠤᠨ ᠶᠠᠰᠤ ᠵᠦᠬᠡᠯᠡᠷᠡᠬᠦ ᠡᠪᠡᠳᠴᠢᠨ ᠢ ᠰᠡᠷᠬᠡᠶᠢᠯᠡᠵᠤ᠂ ᠬᠡᠤᠬᠡᠳ ᠪᠠᠭᠠᠴᠤᠳ ᠤᠨ | ᠬᠡᠪ ᠤᠨ ᠦᠰᠦᠯᠳᠠ ᠪᠤᠶᠢᠵᠢᠯᠳᠠ ᠶᠢ ᠬᠠᠮᠠᠭᠠᠯᠠᠵᠤ᠂ ᠨᠠᠰᠤᠨ ᠳᠤ ᠬᠦᠷᠦᠭᠰᠡᠳ ᠤᠨ ᠺᠠᠯᠼ ᠳᠤᠳᠠᠬᠤ ᠶᠢ | ᠰᠡᠷᠬᠡᠶᠢᠯᠡᠵᠤ᠂ ᠶᠠᠰᠤᠨ ᠤ ᠡᠳ᠋ ᠵᠦᠬᠡᠯᠡᠷᠡᠬᠦ ᠡᠪᠡᠳᠴᠢᠨ ᠨᠢᠷᠤᠭᠤ ᠰᠡᠬᠡᠷ ᠤᠨ ᠡᠪᠡᠳᠴᠢᠨ᠂ ᠬᠦᠵᠤᠬᠦᠨ ᠤ | ᠶᠠᠰᠤᠨ ᠤ ᠡᠪᠡᠳᠴᠢᠨ ᠵᠡᠷᠬᠡ ᠶᠢ ᠤᠯᠬᠤ ᠶᠢ ᠴᠦᠬᠡᠳᠬᠡᠨ᠎ᠠ᠃ ᠨᠡᠷᠡᠨ ᠤ ᠬᠡᠷᠡᠯ ᠳᠤᠳᠤᠷᠡᠬᠢ ᠬᠡᠳᠤ ᠬᠦᠷᠡᠩ | ᠰᠠᠴᠤᠷᠠᠭ ᠨᠢ ᠪᠠᠺᠳ᠋ᠷᠢ ᠠᠯᠠᠬᠤ ᠤᠶᠢᠯᠠᠳᠤᠯ ᠢᠶᠠᠷ ᠰᠠᠶᠢᠨ ᠪᠤᠯᠬᠤᠷ ᠤᠬᠤᠷᠬᠠᠨ ᠴᠠᠭ ᠤᠨ ᠳᠤᠳᠤᠷ᠎ᠠ ᠠᠭᠤᠰᠬᠢᠨ ᠤ | ᠦᠷᠪᠢᠰᠤᠯ ᠤᠨ ᠬᠡᠯᠬᠢᠶ᠎ᠠ ᠪᠦᠮᠪᠤᠬᠡᠨ ᠪᠠᠺᠳ᠋ᠷᠢ᠂ ᠰᠦᠷᠢᠶ᠎ᠠ ᠶᠢᠨ ᠰᠠᠪᠬᠠᠨᠴᠢᠷ ᠪᠠᠺᠳ᠋ᠷᠢ᠂ ᠡᠯᠢᠬᠡᠨ ᠤ A | ᠦᠷᠪᠢᠰᠤᠯ ᠤᠨ ᠸᠢᠷᠦ᠋ᠰ ᠵᠡᠷᠬᠡ ᠤᠯᠠᠨ ᠵᠦᠢᠯ ᠤᠨ ᠡᠪᠡᠳᠴᠢᠨ ᠡᠬᠦᠰᠬᠡᠭᠴᠢ ᠬᠤᠮᠡᠬᠢ ᠠᠮᠢᠳᠤ ᠪᠤᠳᠠᠰ ᠢ ᠠᠯᠠᠵᠤ | ᠴᠢᠳᠠᠨ᠎ᠠ᠃ ᠨᠡᠷᠡᠨ ᠤ ᠬᠡᠷᠡᠯ ᠨᠢ ᠤᠰᠤᠨ ᠤ ᠠᠭᠤᠷ ᠪᠤᠯᠤᠨ ᠲᠡᠭᠳᠡᠬᠦ ᠶᠢ ᠠᠬᠢᠭᠤᠯᠳᠠᠭ ᠳᠤᠯᠠ ᠦᠷᠤᠬᠡᠨ ᠳᠡᠭᠡᠨ | ᠨᠠᠷᠠᠨ ᠤ ᠬᠡᠷᠡᠯ ᠦᠷᠬᠦᠯᠵᠢ ᠳᠤᠰᠬᠠᠵᠤ ᠪᠠᠶᠢᠪᠠᠯ ᠦᠷᠤᠬᠡ ᠬᠠᠭᠤᠷᠠᠢ ᠴᠡᠪᠡᠷᠬᠡᠨ ᠪᠠᠶᠢᠵᠤ᠂ ᠪᠠᠺᠳ᠋ᠷᠢ ᠬᠦᠬᠡᠴᠤ | ᠦᠷᠡᠵᠢᠬᠦ ᠶᠢ ᠪᠠᠭᠠᠰᠬᠠᠬᠤ ᠪᠤᠯᠬᠤᠷ ᠡᠬᠦᠳᠠ ᠴᠤᠩᠬᠤ ᠪᠠᠨ ᠦᠷᠬᠦᠯᠵᠢ ᠨᠡᠬᠡᠬᠡᠵᠤ ᠨᠡᠷᠡᠨ ᠤ ᠬᠡᠷᠡᠯ ᠢ | ᠦᠷᠤᠬᠡᠨ ᠳᠡᠭᠡᠨ ᠳᠤᠰᠬᠠᠬᠤ ᠮᠦᠷᠳᠡᠬᠡᠨ ᠬᠦᠨᠵᠢᠯᠠ ᠲᠠᠪᠢᠰᠬᠡᠷ᠂ ᠬᠤᠪᠴᠠᠰᠤ ᠬᠤᠨᠠᠷ ᠢᠶᠠᠨ ᠢᠯᠡᠬᠦᠤ ᠤᠬᠢᠶᠠᠵᠤ | ᠨᠠᠷᠠᠨ ᠳᠤ ᠰᠠᠶᠢᠨ ᠡᠬᠡᠬᠡᠬᠦ ᠨᠢ ᠨᠠᠷᠠᠠ ᠤ ᠬᠡᠷᠡᠯ ᠢᠶᠠᠷ ᠪᠠᠺᠳ᠋ᠷᠢ ᠠᠯᠠᠬᠤ ᠪᠠ ᠠᠷᠢᠭᠤᠳᠬᠠᠬᠤ ᠳᠤ ᠳᠤᠰᠠᠯᠠᠳᠠᠭ᠃ | ᠡᠬᠦᠳᠠ ᠴᠤᠩᠬᠤ ᠪᠠᠨ ᠢᠯᠡᠬᠦᠤ ᠨᠡᠬᠡᠬᠡᠵᠤ ᠠᠭᠠᠷ ᠨᠡᠪᠳᠡᠷᠡᠬᠦᠯᠬᠦ ᠨᠢ ᠦᠷᠤᠬᠡᠨ ᠤ ᠠᠭᠠᠷ ᠢ ᠴᠡᠪᠡᠷ ᠰᠤᠷᠭᠤᠭ | ᠪᠠᠶᠢᠯᠭᠠᠬᠤ ᠳᠤ ᠳᠤᠳᠠᠭᠳᠠᠵᠤ ᠪᠤᠯᠤᠰᠢ ᠦᠬᠡᠢ ᠠᠷᠭ᠎ᠠ ᠮᠦᠨ᠃ ᠠᠭᠠᠷ ᠰᠠᠯᠬᠢ ᠨᠡᠪᠳᠡᠷᠡᠬᠦ ᠦᠬᠡᠢ ᠦᠷᠤᠬᠡᠨ ᠳᠤ᠂ | ᠬᠦᠮᠤᠰ ᠤᠨ ᠠᠮᠢᠰᠬᠤᠵᠤ ᠭᠠᠷᠭᠠᠭᠰᠠᠠ ᠬᠡᠢ ᠪᠠᠶᠠᠳᠤ ᠨᠢ ᠦᠷᠤᠬᠡᠨ ᠳᠡᠭᠡᠨ ᠦᠯᠡᠳᠡᠵᠤ᠂ ᠦᠷᠤᠬᠡᠨ ᠳᠤ ᠨᠠᠭᠠᠰᠢ | ᠴᠠᠭᠠᠰᠢ ᠶᠠᠪᠤᠬᠤ ᠳᠤ ᠭᠠᠷᠤᠭᠰᠠᠠ ᠬᠤᠬ ᠳᠤᠭᠤᠰᠤ ᠨᠢ ᠴᠤ ᠠᠭᠠᠷ ᠳᠤᠳᠤᠷ᠎ᠠ ᠬᠤᠷᠠᠮᠳᠤᠵᠤ᠂ ᠤᠳᠠᠭᠠᠨ ᠳᠠᠭᠠᠨ | ᠠᠭᠠᠷ ᠲᠠᠬᠢ ᠨᠠᠬᠦᠷᠠᠰᠦᠳᠦ᠋ᠷᠦᠭᠴᠢ ᠶᠢᠨ ᠲᠠᠪᠬᠤᠷ ᠢᠰᠤᠯ ᠤᠨ ᠦᠳᠬᠡᠴᠠ ᠨᠢ ᠨᠡᠮᠡᠭᠳᠡᠵᠤ᠂ ᠬᠦᠴᠢᠯᠳᠦ᠋ᠷᠦᠭᠴᠢ ᠶᠢᠨ | ᠦᠳᠬᠡᠴᠠ ᠪᠠᠭᠤᠷᠠᠨ᠂ ᠪᠠᠺᠳ᠋ᠷᠢ ᠪᠠ ᠸᠢᠷᠦ᠋ᠰ ᠤᠨ ᠦᠷᠤᠬᠡ ᠳᠠᠬᠢ ᠲᠠᠷᠬᠠᠯᠳᠠ ᠴᠤ ᠨᠡᠮᠡᠭᠳᠡᠬᠦ ᠪᠤᠯᠤᠨ᠎ᠠ᠃ ᠤᠷᠳᠤ | ᠬᠤᠭᠤᠴᠠᠭ᠎ᠠ ᠡᠶᠢᠮᠤ ᠠᠭᠠᠷ ᠢᠶᠠᠷ ᠠᠮᠢᠰᠬᠤᠪᠠᠯ᠂ ᠠᠮᠢᠰᠬᠤᠯ ᠤᠨ ᠵᠠᠮ ᠤᠨ ᠡᠪᠡᠳᠴᠢᠨ ᠡᠮᠬᠡᠭ ᠠᠮᠠᠷᠬᠠᠨ | ᠳᠤᠰᠬᠤ ᠪᠠᠷ ᠦᠯᠤ ᠪᠠᠷᠠᠮ ᠪᠠᠶ᠎ᠠ ᠶᠢᠨ ᠡᠪᠡᠳᠴᠢᠨ ᠡᠰᠡᠷᠬᠦᠴᠠᠬᠦ ᠴᠢᠳᠠᠪᠤᠷᠢ ᠪᠠᠭᠤᠷᠠᠵᠤ᠂ ᠬᠠᠯᠳᠠᠪᠤᠷᠢᠳᠤ | ᠡᠪᠡᠳᠴᠢᠨ ᠳᠤ ᠨᠡᠷᠪᠡᠭᠳᠡᠬᠦ ᠳᠤᠬᠢᠶᠠᠯ ᠨᠡᠮᠡᠭᠳᠡᠨ᠎ᠠ᠃ ᠠᠭᠠᠷ ᠮᠠᠭᠤ ᠨᠡᠪᠳᠡᠷᠡᠬᠦ ᠦᠷᠤᠬᠡᠨ ᠳᠤ ᠲᠡᠮᠡᠬᠢ ᠲᠠᠳᠠᠪᠠᠯ᠂ | ᠤᠳᠤᠭᠠᠨ ᠳᠠᠬᠢ ᠬᠤᠤᠷ ᠲᠠᠢ ᠪᠤᠳᠠᠰ ᠨᠢ ᠦᠷᠤᠬᠡ ᠳᠠᠬᠢ ᠬᠦᠮᠤᠨ ᠪᠤᠯᠭᠠᠨ ᠢ ᠤᠳᠠᠭᠠᠨ ᠬᠤᠤᠷᠯᠠᠬᠤ ᠪᠤᠯᠤᠨ᠎ᠠ᠃ | ᠡᠬᠦᠳᠠ ᠴᠤᠩᠬᠤ ᠪᠠᠨ ᠴᠢᠩᠭ᠎ᠠ ᠪᠢᠳᠡᠬᠦᠮᠵᠢᠯᠡᠭᠰᠡᠡ ᠦᠷᠤᠬᠡ ᠳᠤ ᠬᠤᠭᠤᠯᠠ ᠪᠠᠯᠡᠳᠴᠤ᠂ ᠭᠠᠯ ᠨᠤᠴᠤᠭᠠᠵᠤ | ᠳᠤᠯᠠᠭᠠᠯᠠᠪᠠᠯ᠂ ᠦᠷᠤᠬᠡᠨ ᠤ ᠠᠭᠠᠷ ᠲᠠᠬᠢ ᠬᠦᠴᠢᠯᠳᠦ᠋ᠷᠦᠭᠴᠢ ᠶᠢᠨ ᠠᠭᠤᠯᠬᠤᠨ ᠢ ᠪᠠᠭᠠᠰᠬᠠᠭᠠᠳ | ᠨᠡᠬᠦᠷᠡᠰᠦᠳᠦ᠋ᠷᠦᠭᠴᠢ ᠶᠢᠨ ᠲᠠᠩ ᠢᠰᠤᠯ ᠵᠡᠷᠬᠡ ᠬᠤᠤᠷᠳᠤ ᠬᠡᠢ ᠪᠠᠶᠠᠳᠤ ᠶᠢᠨ ᠦᠳᠬᠡᠴᠠ ᠶᠢ ᠨᠡᠮᠡᠭᠳᠡᠬᠦᠯᠳᠡᠭ | ᠪᠤᠯᠬᠤᠷ ᠬᠦᠮᠤᠰ ᠡᠶᠢᠮᠦᠷᠬᠦ ᠦᠷᠤᠬᠡ ᠳᠤ ᠤᠳᠠᠭᠠᠨ ᠰᠠᠭᠤᠪᠠᠯ ᠳᠤᠯᠤᠭᠠᠢ ᠲᠦᠷᠤᠬᠦᠤ ᠡᠷᠬᠢᠵᠤ᠂ ᠴᠠᠭᠠᠰᠢᠯᠠᠭᠠᠳ | ᠨᠡᠬᠦᠷᠠᠰᠤᠨ ᠬᠡᠢ ᠳᠤ ᠬᠤᠤᠷᠳᠠᠭᠳᠠᠬᠤ ᠪᠤᠯᠤᠨ᠎ᠠ᠃ ᠡᠬᠦᠳᠠ ᠴᠤᠩᠬᠤ ᠪᠠᠨ ᠴᠢᠩᠭ᠎ᠠ ᠪᠢᠳᠡᠬᠦᠮᠵᠢᠯᠡᠪᠡᠯ | ᠦᠷᠤᠬᠡᠨ ᠳᠠᠬᠢ ᠪᠠᠷᠢᠯᠭ᠎ᠠ ᠶᠢᠨ ᠮᠠᠲ᠋ᠧᠷᠢᠶᠠᠯ ᠪᠠ ᠬᠡᠷ ᠤᠨ ᠵᠠᠰᠠᠯ ᠴᠢᠮᠡᠭᠯᠡᠯ ᠤᠨ ᠮᠠᠲ᠋ᠧᠷᠢᠶᠠᠯ ᠤᠨ ᠬᠤᠤᠷᠳᠤ | ᠪᠤᠳᠠᠰ ᠨᠢ ᠦᠷᠤᠬᠡᠨ ᠤ ᠠᠭᠠᠷ ᠲᠤ ᠪᠦᠬᠡᠮᠨᠡᠷᠡᠬᠡᠳ ᠡᠷᠡᠬᠦᠯ ᠮᠠᠨᠳᠤ ᠶᠢ ᠬᠦᠨᠤᠬᠡᠳᠡᠭ᠃ ᠴᠤᠩᠬᠤ ᠡᠬᠦᠳᠡ ᠪᠠᠨ | ᠦᠷᠬᠦᠯᠵᠢ ᠨᠡᠬᠡᠬᠡᠵᠤ ᠠᠭᠠᠷ ᠨᠡᠪᠳᠡᠷᠡᠬᠦᠯᠪᠡᠯ ᠦᠷᠤᠬᠡᠨ ᠭᠠᠳᠡᠨᠡᠬᠢ ᠰᠢᠨ᠎ᠠ ᠰᠤᠷᠭᠤᠭ ᠠᠭᠠᠷ ᠤᠷᠤᠵᠤ ᠢᠷᠡᠬᠡᠳ᠂ | ᠠᠭᠠᠷ ᠲᠠᠬᠢ ᠬᠤᠮᠡᠬᠢ ᠠᠮᠢᠳᠤ ᠪᠤᠳᠠᠰ ᠰᠡᠶᠢᠷᠡᠭᠵᠢᠬᠦ ᠪᠠ ᠠᠷᠢᠯᠵᠤ᠂ ᠬᠦᠮᠤᠰ ᠪᠤᠬᠢᠷ ᠬᠤᠤᠷᠳᠡᠢ ᠠᠭᠠᠷ ᠢᠶᠠᠷ ᠲᠠᠬᠢᠨ | ᠠᠮᠢᠰᠬᠤᠬᠤ ᠦᠬᠡᠢ ᠪᠤᠯᠳᠠᠭ᠃ ᠡᠬᠦᠳᠠ ᠴᠤᠩᠬᠤ ᠪᠠᠨ ᠦᠷᠬᠦᠯᠵᠢ ᠨᠡᠬᠡᠬᠡᠳᠡᠭ ᠵᠠᠩᠰᠢᠯ ᠲᠠᠢ ᠪᠤᠯᠬᠤ ᠬᠡᠷᠡᠭᠳᠡᠢ᠃ | ᠬᠠᠬᠢᠷ ᠬᠦᠢᠳᠡᠨ ᠡᠪᠤᠯ ᠳᠤ ᠴᠤ ᠡᠳᠤᠷ ᠪᠦᠷᠢ ᠴᠤᠩᠬᠤ ᠪᠠᠨ ᠨᠡᠬᠡᠬᠡᠵᠤ ᠠᠭᠠᠷ ᠨᠡᠪᠳᠡᠷᠡᠬᠦᠯᠤᠨ᠎ᠠ᠂ ᠦᠷᠯᠦᠬᠡ᠂ | ᠦᠳᠠ᠂ ᠤᠷᠤᠢ ᠳᠤᠰ ᠳᠤᠰ ᠨᠢᠬᠡ ᠤᠳᠠᠭ᠎ᠠ᠂ ᠤᠳᠠᠭ᠎ᠠ ᠪᠦᠷᠢ ᠳᠤ 15 — 20 ᠮᠢᠨᠦ᠋ᠲ ᠨᠡᠬᠡᠬᠡᠪᠡᠯ | ᠬᠠᠮᠤᠭ ᠤᠨ ᠰᠠᠶᠢᠨ᠃ ᠢᠯᠠᠩᠭᠤᠶ᠎ᠠ 10 — 30 ᠮᠢᠨᠦ᠋ᠲ ᠨᠡᠬᠡᠬᠡᠵᠤ ᠠᠭᠠᠷ ᠨᠡᠪᠳᠡᠷᠡᠬᠦᠯᠬᠦ ᠬᠡᠷᠡᠭᠳᠡᠢ᠃ | ᠴᠤᠩᠬᠤ ᠪᠠᠨ ᠨᠡᠬᠡᠬᠡᠬᠦ ᠴᠠᠭ ᠨᠢ ᠦᠳᠡ ᠶᠢᠨ ᠡᠮᠤᠨᠡᠬᠢ 9᠄ 00 — 11᠄ 00 ᠴᠠᠭ ᠪᠤᠶᠤ ᠦᠳᠡ ᠶᠢᠨ | ᠬᠤᠶᠢᠨᠡᠬᠢ 2᠄ 00 — 4᠄ 00 ᠴᠠᠭ ᠲᠤ ᠪᠠᠶᠢᠪᠠᠯ ᠰᠠᠶᠢᠨ ᠬᠡᠵᠤ ᠵᠠᠷᠢᠮ ᠬᠦᠮᠤᠨ ᠦᠵᠡᠵᠤ ᠪᠤᠢ᠂ ᠡᠨᠡ | ᠴᠠᠭ ᠲᠤ ᠠᠭᠤᠷ ᠠᠮᠢᠰᠬᠤᠯ ᠳᠤᠯᠠᠭᠠᠨ ᠪᠤᠯᠵᠤ᠂ ᠶᠡᠭᠡ ᠠᠭᠠᠷ ᠮᠠᠨᠳᠠᠯ ᠳᠤ ᠳᠤᠨᠤᠵᠤ ᠪᠠᠶᠢᠬᠰᠠᠠ ᠬᠤᠤᠷ ᠲᠠᠢ ᠬᠡᠢ | ᠪᠤᠳᠠᠰ ᠰᠠᠷᠨᠢᠭᠠᠳ᠂ ᠴᠤᠩᠬᠤ ᠪᠠᠨ ᠨᠡᠬᠡᠬᠡᠵᠤ ᠠᠭᠠᠷ ᠨᠡᠪᠳᠡᠷᠡᠬᠦᠯᠬᠦ ᠳᠤ ᠨᠡᠯᠢᠶᠠᠳ ᠰᠠᠶᠢᠨ ᠪᠠᠶᠢᠳᠠᠭ ᠪᠤᠯᠬᠤᠷ | ᠢᠩᠬᠢᠵᠤ ᠬᠡᠯᠡᠳᠡᠭ ᠶᠤᠮ᠃ ᠠᠭᠠᠷ ᠳᠤᠬᠢᠷᠠᠭᠤᠯᠤᠭᠴᠢ ᠬᠡᠷᠡᠭᠯᠡᠵᠤ ᠪᠠᠶᠢᠭ᠎ᠠ ᠪᠠᠶᠢᠰᠢᠩ ᠳᠤ ᠠᠭᠠᠷ ᠰᠡᠯᠬᠢ | ᠨᠡᠪᠳᠡᠷᠡᠬᠦᠯᠬᠦ ᠶᠢ ᠠᠩᠬᠠᠷᠴᠤ᠂ ᠳᠤᠬᠳᠠᠮᠠᠯ ᠬᠤᠭᠤᠴᠠᠭ᠎ᠠ ᠲᠠᠢ ᠪᠠᠷ ᠠᠭᠠᠷ ᠳᠤᠬᠢᠷᠠᠭᠤᠯᠤᠭᠴᠢ ᠪᠠᠨ ᠴᠡᠪᠡᠷᠯᠡᠬᠦ | ᠬᠡᠷᠡᠭᠳᠡᠢ᠃ ᠦᠷᠦᠬᠡᠨ ᠳᠠᠬᠢ ᠠᠭᠠᠷ ᠪᠤᠬᠢᠷᠳᠤᠬᠤ ᠠᠴᠠ ᠰᠡᠷᠬᠡᠶᠢᠯᠡᠬᠦ ᠶᠢᠨ ᠲᠦᠯᠦᠬᠡ ᠦᠷᠤᠬᠡᠨ ᠳᠤ ᠲᠠᠮᠡᠬᠢ | ᠲᠠᠳᠠᠬᠤ ᠦᠬᠡᠢ ᠪᠦᠬᠡᠳ ᠦᠷᠬᠦᠯᠵᠢ ᠦᠷᠤᠬᠡ ᠪᠠᠨ ᠠᠷᠢᠯᠭᠠᠨ ᠴᠡᠪᠡᠷᠯᠡᠵᠤ ᠪᠠᠶᠢᠬᠤ ᠬᠡᠷᠡᠭᠳᠡᠢ᠃ ᠱᠠᠯᠠ | ᠴᠡᠪᠡᠷᠯᠡᠬᠦ ᠳᠡᠭᠡᠨ ᠳᠤᠳᠠᠭᠤ ᠱᠦᠬᠦᠷᠳᠡᠵᠤ ᠢᠯᠡᠬᠦᠤ ᠵᠦᠯᠬᠦᠨ᠂ ᠨᠤᠷᠭᠠᠭᠠᠳ ᠰᠠᠶᠢᠨ ᠬᠠᠳᠠᠭᠠᠨ᠎ᠠ᠃ ᠳᠤᠭᠤᠭᠠᠨ | ᠬᠡᠷ ᠤᠨ ᠠᠭᠠᠷ ᠬᠠᠮᠤᠭ ᠤᠨ ᠬᠢᠯᠪᠠᠷᠬᠠᠨ ᠪᠤᠬᠢᠷᠳᠤᠳᠠᠭ᠃ ᠬᠠᠭᠤᠷᠴᠤ ᠬᠠᠭᠠᠷᠢᠬᠤ ᠳᠤ ᠭᠠᠷᠤᠭᠰᠠᠠ ᠳᠤᠰᠤ | ᠤᠳᠤᠭ᠎ᠠ ᠵᠢᠴᠢ ᠨᠡᠬᠦᠷᠡᠰᠤ ᠰᠢᠳᠠᠬᠤ ᠳᠤ ᠭᠠᠷᠤᠭᠰᠠᠠ ᠮᠦᠬᠦᠯᠢᠭᠳᠦ ᠪᠤᠳᠠᠰ ᠪᠠ ᠰᠢᠳᠠᠮᠠᠬᠠᠢ ᠬᠡᠢ ᠰᠢᠳᠠᠬᠤ | ᠶᠠᠪᠤᠴᠠ ᠳᠠᠬᠢ ᠨᠡᠬᠦᠷᠠᠰᠦᠳᠦ᠋ᠷᠦᠭᠴᠢ ᠶᠢᠨ ᠲᠠᠩ ᠢᠰᠤᠯ ᠨᠢ ᠡᠷᠡᠬᠦᠯ ᠮᠠᠨᠳᠤ ᠶᠢ ᠮᠠᠰᠢ ᠶᠡᠭᠡ ᠪᠠᠷ ᠬᠤᠤᠷᠳᠠᠭᠤᠯᠳᠠᠭ᠃ | ᠡᠶᠢᠮᠤ ᠪᠤᠯᠬᠤᠷ ᠳᠤᠭᠤᠭᠠᠨ ᠬᠡᠷ ᠲᠡᠭᠡᠨ ᠠᠭᠠᠷ ᠨᠡᠪᠳᠡᠷᠡᠬᠦᠯᠬᠦ ᠶᠢ ᠤᠨᠴᠠᠭᠠᠶᠢᠯᠠᠨ ᠠᠩᠬᠠᠷᠬᠤ ᠬᠡᠷᠡᠭᠳᠡᠢ᠂ ᠵᠤᠤᠬᠠᠨ | ᠲᠡᠬᠡᠷ᠎ᠠ ᠪᠠᠨ ᠳᠤᠰᠤᠨ ᠤᠳᠤᠭ᠎ᠠ ᠶᠢᠨ ᠰᠤᠷᠤᠭᠤᠯ ᠪᠤᠶᠤ ᠠᠭᠠᠷ ᠰᠤᠷᠤᠭᠤᠯ ᠳᠤᠬᠢᠷᠠᠭᠤᠯᠪᠠᠯ ᠬᠠᠮᠤᠭ ᠤᠨ ᠰᠠᠶᠢᠨ | ᠶᠤᠮ᠃ |