ᠡᠭᠡᠯ ᠬᠦᠮᠦᠨ ᠤ ᠦᠨᠡᠳᠦ ᠪᠠᠷᠢᠮᠳᠠᠯᠠᠯ
ᠨᠡᠶᠢᠲᠡᠯᠡᠭᠰᠡᠨ ᠴᠠᠭ᠄
2024/9/30
      ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤ ᠪᠤᠯ ᠪᠤᠭᠤᠳᠦ ᠬᠤᠳᠠ ᠶᠢᠨ ᠴᠤᠷ ᠤᠨ ᠭᠠᠭᠴᠠ ᠬᠢᠯᠢ ᠶᠢᠨ ᠬᠤᠰᠢᠭᠤ ᠰᠢᠶᠠᠨ ᠪᠤᠯᠬᠤ ᠶᠤᠮ᠃ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠲᠦᠪ ᠪᠠᠳᠤᠬᠠᠭᠠᠯᠭ᠎ᠠ ᠪᠠᠯᠭᠠᠰᠤᠨ ᠠᠴᠠ ᠬᠤᠶᠢᠰᠢ136 ᠺᠢᠯᠤᠮᠧᠲᠷ ᠠᠶᠠᠯᠠᠪᠠᠯ ᠬᠢᠯᠢ ᠶᠢᠨ ᠪᠠᠯᠭᠠᠰᠤ ᠮᠠᠨᠳᠤᠯ ᠳᠤ ᠬᠦᠷᠬᠦ ᠪᠤᠯᠤᠨ᠎ᠠ᠃ ᠤᠯᠠᠨ ᠲᠡᠭᠡᠭᠡᠪᠦᠷᠢ ᠶᠢᠨ ᠮᠠᠰᠢᠨ ᠰᠦᠯᠵᠢᠯᠳᠦᠭᠰᠡᠨ ᠡᠨᠡᠬᠦ ᠬᠢᠯᠢ ᠶᠢᠨ ᠪᠠᠯᠭᠠᠰᠤ ᠶᠢ ᠮᠠᠰᠢ ᠤᠯᠠᠨ ᠰᠤᠷᠪᠤᠯᠵᠢᠯᠠᠭᠴᠢᠳ ᠵᠤᠷᠢᠨ ᠢᠷᠡᠵᠦ᠂ ᠡᠨᠡ ᠨᠤᠳᠤᠭ ᠤᠨ ᠡᠬᠡᠯ ᠵᠢᠷ ᠤᠨ ᠮᠠᠯᠴᠢᠨ ᠬᠦᠮᠦᠨ ᠤ ᠡᠭᠡᠯ ᠪᠤᠰᠤ ᠦᠢᠯᠡ ᠠᠵᠢᠯᠯᠠᠭ᠎ᠠ ᠶᠢ ᠠᠰᠠᠭᠤᠨ ᠰᠤᠷᠪᠤᠯᠵᠢᠯᠠᠵᠦ ᠪᠠᠶᠢᠭᠰᠠᠨ ᠪᠤᠯ ᠦᠨᠦᠳᠦᠷ ᠪᠢ ᠴᠦ ᠲᠡᠳᠡᠨ ᠤ ᠲᠤᠮᠳᠠ ᠪᠠᠭᠳᠠᠯᠴᠠᠨ ᠤᠷᠤᠯ᠎ᠠ᠃      ᠮᠠᠨᠳᠤᠯ ᠪᠠᠯᠭᠠᠰᠤ ᠠᠴᠠ ᠬᠤᠷᠢᠭᠠᠳ ᠺᠢᠯᠤᠮᠧᠲᠷ ᠠᠶᠠᠯᠠᠭᠠᠳ ᠲᠠᠪᠤᠨ ᠤᠳᠤᠳᠤ ᠤᠯᠠᠭᠠᠨ ᠲᠤᠭ ᠨᠠᠮᠢᠷᠠᠭᠰᠠᠨ ᠂ ᠬᠤᠪᠢᠰᠬᠠᠯᠳᠦ ᠮᠤᠩᠭᠤᠯ ᠭᠡᠷ ᠲᠠᠢ ᠠᠶᠢᠯ ᠤᠨ ᠭᠠᠳᠠᠨ᠎ᠠ ᠲᠠᠪᠬᠢᠨ ᠬᠦᠷᠬᠦ ᠳᠤ ︽ᠪᠦᠬᠦ ᠤᠯᠤᠰ ᠤᠨ ᠶᠤᠰᠤ ᠰᠤᠷᠳᠠᠬᠤᠨ ᠤ ᠵᠢᠱᠢᠶᠡᠴᠢ︾᠂ ︽ᠪᠦᠬᠦ ᠤᠯᠤᠰ ᠤᠨ ᠦᠨᠳᠦᠰᠦᠳᠡᠨ ᠤ ᠪᠦᠯᠬᠦᠮᠳᠡᠯ ᠲᠠᠪᠰᠢᠯᠳᠠ ᠶᠢᠨ ᠲᠡᠷᠢᠬᠦᠨ ᠤ ᠬᠤᠪᠢ ᠬᠦᠮᠦᠨ︾᠂ ︽ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ﹇ᠠᠷᠪᠠᠨ ᠦᠨᠡᠨᠴᠢ ᠢᠳᠡᠭᠡᠵᠢᠮᠳᠡᠢ ᠬᠦᠮᠦᠨ﹈︾᠂ ᠤᠮᠠᠷᠠᠳᠦ ᠬᠢᠯᠢ ᠶᠢᠨ ᠵᠢᠱᠢᠶᠡᠴᠢ ᠠᠳᠢᠶ᠎ᠠ ᠶᠢᠨ ᠬᠢ ᠭᠠᠷᠴᠠᠭ᠎ᠠ ᠦᠭᠡᠢ ᠮᠦᠨ ᠪᠠᠶᠢᠯ᠎ᠠ       ᠮᠠᠯᠴᠢᠨ ᠬᠢᠯᠢᠴᠢᠨ ᠠᠳᠢᠶ᠎ᠠ ᠮᠠᠨᠳᠤᠯ ᠪᠠᠯᠭᠠᠰᠤᠨ ᠤ ᠪᠠᠶᠠᠠᠬᠠᠷ᠎ᠠ ᠭᠠᠴᠠᠭ᠎ᠠ ᠪᠠᠷ ᠨᠤᠳᠤᠭ ᠲᠠᠢ᠃1984 ᠤᠨ ᠳᠤ ᠴᠡᠷᠢᠭ ᠠᠴᠠ ᠬᠠᠯᠠᠭᠳᠠᠵᠦ ᠬᠠᠷᠢᠵᠦ ᠢᠷᠡᠭᠰᠡᠨ ᠠᠴᠠ ᠪᠠᠨ ᠬᠤᠶᠢᠰᠢ40 ᠵᠢᠯ ᠬᠢᠯᠢ ᠰᠠᠬᠢᠵᠦ᠂ ᠬᠢᠯᠢ ᠴᠠᠭᠳᠠᠭᠰᠠᠨ ᠤᠷᠳᠤ ᠨᠢ ᠠᠷᠪᠠ ᠭᠠᠷᠤᠢ ᠲᠦᠮᠡᠨ ᠺᠢᠯᠤᠮᠧᠲᠷ ᠲᠤ ᠬᠦᠷᠴᠦ᠂ ᠬᠢᠯᠢ ᠰᠠᠬᠢᠭᠰᠠᠨ40 ᠵᠢᠯ ᠤᠨ ᠲᠤᠷᠰᠢᠳᠠ ᠵᠠᠭᠤ ᠭᠠᠷᠤᠢ ᠣᠳᠠᠭ᠎ᠠ ᠴᠡᠷᠢᠭ ᠴᠠᠭᠳᠠᠭ᠎ᠠ ᠠᠷᠠᠳ ᠤᠨ ᠬᠠᠮᠳᠤᠷᠠᠭᠰᠠᠨ ᠲᠤᠭᠤᠷᠢᠨ ᠴᠠᠭᠳᠠᠬᠤ ᠠᠵᠢᠯ  ᠳᠤ ᠤᠷᠤᠯᠴᠠᠨ᠂ ᠬᠢᠯᠢ ᠶᠢᠨ ᠬᠠᠮᠠᠭᠠᠯᠠᠯᠳᠠ ᠶᠢᠨ ᠲᠤᠮᠢᠯᠠᠭᠰᠠᠨ ᠰᠠᠯᠪᠤᠷᠢ ᠲᠠᠢ ᠬᠠᠮᠵᠢᠨ ᠤᠯᠠᠨ ᠤᠳᠠᠭᠠᠨ ᠤ ᠬᠢᠯᠢ ᠬᠢᠵᠠᠭᠠᠷ ᠤᠷᠤᠨ ᠤ ᠠᠮᠤᠷ ᠲᠦᠪᠰᠢᠨ ᠲᠠᠢ ᠬᠤᠯᠪᠤᠭᠳᠠᠭᠰᠠᠨ ᠬᠡᠷᠡᠭ ᠣᠴᠢᠷ ᠢ ᠢᠯᠡᠷᠡᠭᠦᠯᠵᠦ᠂ ᠬᠢᠯᠢ ᠶᠢᠨ ᠮᠠᠯᠴᠢᠨ  ᠤ ᠲᠠᠷᠬᠠᠨ ᠬᠢᠯᠢ ᠪᠠᠨ ᠬᠠᠮᠠᠭᠠᠯᠠᠨ ᠰᠠᠬᠢᠬᠤ ᠡᠭᠦᠷᠭᠡ ᠬᠠᠷᠢᠭᠤᠴᠠᠯᠭ᠎ᠠ ᠪᠠᠨ ᠪᠡᠶᠡᠯᠡᠭᠦᠯᠦᠭᠰᠡᠨ ᠪᠠᠶᠢᠨ᠎ᠠ᠃ ᠠᠳᠢᠶ᠎ᠠ  ᠶᠢᠨ ᠭᠡᠷ ᠠᠴᠠ ᠬᠢᠯᠢ ᠶᠢᠨ ᠱᠤᠭᠤᠮ ᠬᠦᠷᠬᠦ ᠬᠠᠮᠤᠭ ᠤᠨ ᠤᠶᠢᠷ᠎ᠠ ᠵᠠᠢ ᠨᠢ4 ᠺᠢᠯᠤᠮᠧᠲᠷ᠂ ᠨᠠᠷᠠ ᠲᠦᠭᠡᠨᠡᠭᠰᠡᠨ ᠵᠤᠨ  ᠤ ᠬᠠᠯᠠᠭᠤᠨ᠂ ᠬᠦᠷ ᠴᠠᠰᠤ ᠲᠠᠢ ᠡᠪᠦᠯ ᠤᠨ ᠬᠦᠢᠳᠡᠨ᠂ ᠵᠢᠯ ᠤᠨ ᠲᠦᠷᠪᠡᠨ ᠤᠯᠠᠷᠢᠯ᠂᠂᠂᠂᠂᠂ ᠡᠨᠡ ᠵᠠᠮ ᠪᠤᠯ ᠠᠳᠢᠶ᠎ᠠ ᠶᠢᠨ ᠶᠠᠪᠤᠵᠦ ᠦᠩᠭᠡᠷᠡᠭᠰᠡᠨ ᠬᠠᠮᠤᠭ ᠤᠨ ᠤᠯᠠᠨ ᠵᠠᠮ᠂ ᠬᠠᠮᠤᠭ ᠤᠨ ᠤᠷᠳᠤ ᠵᠠᠮ ᠮᠦᠨ᠃ ᠲᠤᠷᠠᠨ ᠢᠶᠠᠨ ᠡᠭᠦᠷᠦᠭᠡᠳ᠂ ᠮᠤᠷᠢ ᠲᠠᠢ᠂ ᠲᠡᠮᠡᠭᠡ ᠲᠠᠢ᠂ ᠮᠤᠲ᠋ᠤᠷ ᠲᠠᠢ᠂ ᠶᠠᠪᠠᠭᠠᠨ᠂᠂᠂᠂᠂᠂ ᠡᠨᠡ ᠪᠤᠯ ᠲᠡᠭᠦᠨ ᠤ40 ᠵᠢᠯ ᠪᠠᠷᠢᠮᠳᠠᠯᠠᠭᠰᠠᠨ ᠦᠨᠡᠳᠦ ᠪᠠᠷᠢᠮᠳᠠᠯᠠᠯ᠃      ︽ᠬᠢᠯᠢ ᠨᠤᠳᠤᠭ ᠪᠠᠨ ᠰᠠᠬᠢᠨ ᠬᠠᠮᠠᠭᠠᠯᠠᠬᠤ ᠨᠢ ᠬᠢᠯᠢ ᠶᠢᠨ ᠮᠠᠯᠴᠢᠨ ᠪᠢᠳᠡᠨ ᠤ ᠲᠠᠷᠬᠠᠨ ᠡᠭᠦᠷᠭᠡ ᠡ᠂ ᠬᠤᠨᠢ ᠮᠠᠯ ᠳᠤ ᠪᠠᠨ ᠶᠠᠪᠤᠬᠤ ᠳᠤ ᠪᠠᠨ ᠬᠢᠯᠢ ᠪᠠᠨ ᠬᠠᠷᠠᠵᠦ᠂ ᠤᠨᠴᠠᠭᠠᠢ ᠪᠠᠶᠢᠳᠠᠯ ᠲᠤᠬᠢᠲᠠᠯᠳᠤᠪᠠᠯ ᠰᠠᠯᠪᠤᠷᠢ ᠳᠤ  ᠪᠠᠨ ᠮᠡᠳᠡᠭᠳᠡᠳᠡᠭ ᠶᠤᠮ︾ ᠭᠡᠵᠦ ᠲᠡᠭᠦᠨ ᠤ ᠶᠠᠷᠢᠭᠰᠠᠨ ᠲᠠᠷᠤᠤᠬᠠᠨ ᠶᠠᠷᠢᠶ᠎ᠠ ᠨᠢ ᠨᠠᠰᠤ ᠪᠠᠷ ᠢᠶᠠᠨ ᠬᠢᠯᠢ ᠰᠠᠬᠢᠵᠦ ᠰᠠᠭᠤᠭᠰᠠᠨ ᠮᠠᠯᠴᠢᠨ ᠬᠦᠮᠦᠨ ᠤ ᠬᠢᠪᠡᠰᠦ ᠵᠤᠬᠢᠬᠤ ᠡᠩ ᠤᠨ ᠯᠠ ᠵᠦᠢᠯ ᠶᠤᠮ ᠰᠢᠭ᠋ ᠪᠠᠶᠢᠯ᠎ᠠ᠃ ᠠᠳᠢᠶ᠎ᠠ ᠭᠤᠸᠠᠢ  ᠪᠠᠷ ᠲᠦᠯᠦᠭᠡᠯᠡᠭᠰᠡᠨ ᠲᠠᠷᠬᠠᠨ ᠬᠢᠯᠢ ᠶᠢᠨ ᠢᠶᠠᠨ ᠡᠩᠭᠡ ᠶᠢᠨ ᠰᠠᠬᠢᠭᠤᠯ ᠪᠤᠯᠤᠭᠰᠠᠨ ᠡᠳᠡᠭᠡᠷ ᠬᠢᠯᠢ ᠶᠢᠨ ᠮᠠᠯᠴᠢᠳ ᠮᠠᠨᠢ ᠬᠢᠯᠢ ᠰᠠᠬᠢᠬᠤ ᠡᠭᠦᠷᠭᠡ ᠪᠠᠨ ᠬᠡᠨ ᠠᠴᠠ ᠴᠦ ᠰᠠᠶᠢᠨ ᠮᠡᠳᠡᠳᠡᠭ᠃2022 ᠤᠨ ᠠᠴᠠ ᠡᠬᠢᠯᠡᠨ ᠠᠳᠢᠶ᠎ᠠ ᠭᠤᠸᠠᠢ ᠶᠢᠨ ᠬᠤᠶᠠᠷ ᠬᠦᠦ ᠨᠢ ᠴᠦ ᠬᠢᠯᠢ ᠬᠠᠮᠠᠭᠠᠯᠠᠭᠴᠢ ᠪᠤᠯᠵᠦ᠂ ᠠᠪᠤ ᠶᠢᠨ ᠢᠶᠠᠨ ᠶᠠᠪᠤᠵᠦ ᠦᠩᠭᠡᠷᠡᠭᠦᠯᠦᠭᠰᠡᠨ ᠬᠠᠷᠠᠭᠤᠯ ᠤᠨ ᠵᠠᠮ ᠢᠶᠠᠷ᠂ ᠠᠪᠤ ᠲᠠᠢ ᠪᠠᠨ ᠶᠠᠪᠤᠵᠦ ᠦᠰᠦᠭᠰᠡᠨ ᠲᠡᠷᠡ ᠯᠠ ᠵᠦᠷᠢᠭ ᠵᠠᠮ ᠢᠶᠠᠷ ᠬᠢᠯᠢᠴᠢᠨ ᠪᠤᠯᠤᠭᠰᠠᠨ ᠪᠠᠶᠢᠨ᠎ᠠ᠃ ︿ᠨᠠᠭᠤᠷ ᠠᠮᠤᠭᠤᠯᠠᠩ ᠪᠤᠯ ᠨᠤᠭᠤᠰᠦ ᠠᠮᠤᠭᠤᠯᠠᠩ﹀ ᠭᠡᠵᠦ ᠠᠳᠢᠶ᠎ᠠ ᠪᠠᠶᠢᠩᠭᠤ ᠬᠡᠯᠡᠳᠡᠭ᠂ ︽ᠡᠬᠡ ᠤᠯᠤᠰ ᠢᠶᠠᠨ ᠬᠠᠶᠢᠷᠠᠯᠠᠬᠤ ᠲᠡᠷᠡ ᠲᠤᠮᠤ ᠬᠠᠶᠢᠷ᠎ᠠ ᠡᠬᠡ ᠨᠤᠳᠤᠭ ᠢᠶᠠᠨ ᠬᠠᠶᠢᠷᠠᠯᠠᠬᠤ ᠠᠴᠠ ᠡᠬᠢᠯᠡᠨ᠎ᠡ︾ ᠭᠡᠵᠦ ᠠᠳᠢᠶ᠎ᠠ ᠭᠤᠸᠠᠢ ᠦᠷ᠎ᠡ ᠬᠡᠥᠬᠡᠳ ᠲᠤ ᠪᠠᠨ ᠵᠠᠬᠢᠨ ᠰᠤᠷᠭᠠᠳᠠᠭ᠃ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠰᠢᠯᠢᠳᠡᠭ ᠨᠠᠮ ᠤᠨ ᠬᠡᠰᠢᠬᠦᠨ᠂ ᠦᠪᠦᠷ ᠮᠤᠩᠭᠤᠯ ᠤᠨ ᠨᠡᠷ᠎ᠡ ᠬᠦᠨᠳᠦᠳᠦ ᠡᠷᠦᠬᠡ ᠶᠢᠨ ᠴᠡᠷᠢᠭ  ᠠᠴᠠ ᠬᠠᠯᠠᠭᠳᠠᠭᠰᠠᠳ ᠪᠤᠯᠤᠭᠰᠠᠨ ᠤ ᠬᠤᠪᠢ ᠳᠤ ᠲᠡᠷᠡᠪᠡᠷ ᠲᠠᠷᠬᠠᠨ ᠬᠢᠯᠢ ᠪᠠᠨ ᠰᠠᠬᠢᠨ ᠬᠠᠮᠠᠭᠠᠯᠠᠬᠤ ᠠᠵᠢᠯᠯᠠᠭ᠎ᠠ  ᠪᠠᠨ ᠦᠪᠡᠷ ᠤᠨ ᠬᠠᠮᠤᠭ ᠤᠨ ᠲᠤᠮᠤ ᠡᠭᠦᠷᠭᠡ ᠬᠠᠷᠢᠭᠤᠴᠠᠯᠭ᠎ᠠ ᠪᠠᠨ ᠪᠤᠯᠭᠠᠵᠦ᠂ ᠨᠤᠳᠤᠭ ᠤᠨ ᠮᠠᠯᠴᠢᠳ ᠲᠠᠢ ᠪᠠᠨ ᠬᠠᠮᠳᠤᠪᠠᠷ ᠡᠬᠡ ᠤᠯᠤᠰ ᠤᠨ ᠢᠶᠠᠨ ᠤᠮᠠᠷᠠᠳᠦ ᠬᠢᠯᠢ ᠶᠢᠨ ᠠᠮᠤᠷ ᠲᠦᠪᠰᠢᠨ ᠤ ᠬᠠᠯᠬᠠᠪᠴᠢ ᠶᠢ ᠪᠠᠳᠤ ᠴᠤᠭᠴᠠᠯᠠᠵᠦ᠂ ᠲᠠᠷᠬᠠᠨ ᠬᠢᠯᠢ ᠪᠠᠨ ᠬᠠᠮᠠᠭᠠᠯᠠᠨ᠂ ᠠᠮᠤᠭᠤᠯᠠᠩ ᠨᠤᠳᠤᠭ ᠪᠠᠶᠠᠠᠬᠠᠷ᠎ᠠ ᠳᠤ ᠠᠵᠠ ᠵᠢᠷᠭᠠᠯ ᠲᠠᠢ ᠰᠠᠭᠤᠷᠢᠰᠢᠵᠦ ᠪᠠᠶᠢᠨ᠎ᠠ᠃
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号