ᠢᠷᠡᠬᠦ ᠭᠤᠷᠪᠠᠨ ᠡᠳᠦᠷ ᠲᠤ ᠥᠪᠥᠷ ᠮᠣᠩᠭᠤᠯ ᠤᠨ ᠶᠡᠬᠡᠩᠬᠢ ᠭᠠᠵᠠᠷ ᠲᠤ ᠪᠣᠷᠣᠭᠠᠨ ᠣᠷᠣᠨ᠎ᠠ︕
ᠨᠡᠶᠢᠲᠡᠯᠡᠭᠰᠡᠨ ᠴᠠᠭ᠄
2024/9/26
      ᠦᠨᠦᠳᠦᠷ ︵9 ᠰᠠᠷ᠎ᠠ ᠶᠢᠨ 25 ᠤ ᠡᠳᠦᠷ︶᠂ ᠥᠪᠥᠷ ᠮᠣᠩᠭᠤᠯ ᠤᠨ ᠠᠯᠠᠱᠠ ᠠᠶᠢᠮᠠᠭ ᠤᠨ ᠵᠡᠭᠦᠨ ᠡᠮᠦᠨ᠎ᠡ ᠪᠡᠶ᠎ᠡ᠂ ᠤᠷᠳᠤᠰ ᠬᠤᠳᠠ ᠶᠢᠨ ᠡᠮᠦᠨ᠎ᠡ ᠪᠡᠶ᠎ᠡ᠂ ᠬᠥᠬᠡᠬᠤᠲᠠ ᠶᠢᠨ ᠡᠮᠦᠨ᠎ᠡ ᠪᠡᠶ᠎ᠡ ᠶᠢᠨ ᠡᠮᠦᠨ᠎ᠡ ᠬᠡᠰᠡᠭ᠂ ᠬᠢᠩᠭᠠᠨ ᠠᠶᠢᠮᠠᠭ ᠤᠨ ᠪᠠᠷᠠᠭᠤᠨ ᠬᠤᠶᠢᠲᠤ ᠪᠡᠶ᠎ᠡ᠂ ᠬᠥᠯᠥᠨ ᠪᠤᠶᠢᠷ ᠬᠤᠳᠠ ᠶᠢᠨ ᠳᠤᠮᠳᠠ ᠪᠡᠶ᠎ᠡ ᠪᠠ ᠬᠤᠶᠢᠲᠤ ᠪᠡᠶ᠎ᠡ  ᠪᠠᠷ ᠬᠡᠰᠡᠭ ᠪᠤᠰᠠᠭ ᠪᠠᠭ᠎ᠠ ᠪᠣᠷᠣᠭᠠᠨ ᠤᠷᠤᠨ᠎ᠠ᠂ ᠣᠯᠠᠩᠬᠢ ᠭᠠᠵᠠᠷ ᠨᠢ ᠲᠤᠩᠭᠠᠯᠠᠭ ᠪᠤᠯᠬᠤᠷ ᠭᠤᠣᠯᠯᠠᠵᠤ᠂ ᠶᠠᠪᠤᠵᠤ ᠰᠠᠭᠤᠬᠤ ᠳᠤ ᠲᠣᠬᠢᠷᠠᠮᠵᠢᠲᠠᠢ ᠰᠠᠶᠢᠨ ᠡᠳᠦᠷ ᠪᠣᠯᠤᠨ᠎ᠠ᠃ ᠮᠠᠷᠭᠠᠰᠢ ᠪᠣᠷᠣᠭᠠᠨ ᠣᠷᠣᠬᠤ ᠬᠡᠪᠴᠢᠶ᠎ᠡ ᠵᠢᠭᠠᠬᠠᠨ ᠥᠷᠭᠡᠳᠴᠦ᠂ ᠪᠠᠭ᠎ᠠ ᠠᠴᠠ ᠳᠤᠮᠳᠠ ᠵᠡᠷᠭᠡ ᠶᠢᠨ ᠪᠣᠷᠣᠭᠠᠨ ᠲᠠᠢ᠂ ᠭᠤᠤᠯᠳᠠᠭᠤ ᠳᠤᠮᠳᠠ ᠪᠠᠷᠠᠭᠤᠨ ᠪᠡᠶ᠎ᠡ ᠶᠢᠨ ᠭᠠᠵᠠᠷ ᠣᠷᠣᠨ ᠢᠶᠠᠷ ᠪᠤᠷᠤᠭᠠᠨ ᠤᠷᠤᠨ᠎ᠠ᠃ ᠬᠦᠢᠳᠡᠨ ᠠᠭᠤᠷ ᠠᠮᠢᠰᠬᠤᠯ ᠤᠨ ᠨᠥᠯᠥᠭᠡ ᠪᠠᠷ ᠨᠥᠭᠦᠭᠡᠳᠦᠷ ᠪᠣᠯᠲᠠᠯ᠎ᠠ ᠥᠪᠥᠷ ᠮᠣᠩᠭᠤᠯ ᠳᠤ ᠪᠠᠰᠠ ᠨᠢᠭᠡ ᠤᠳᠠᠭ᠎ᠠ ᠶᠡᠭᠡ ᠬᠡᠪᠴᠢᠶ᠎ᠡ ᠪᠠᠷ ᠬᠤᠷ᠎ᠠ ᠲᠣᠨᠣᠳᠠᠰᠤ ᠪᠠᠭᠤᠨ᠎ᠠ᠃ ᠡᠭᠦᠨ ᠤ ᠬᠠᠮᠲᠤ ᠪᠠᠷᠠᠭᠤᠨ ᠪᠡᠶ᠎ᠡ ᠶᠢᠨ ᠵᠡᠭᠦᠨ ᠬᠡᠰᠡᠭ᠂ ᠳᠤᠮᠳᠠ ᠪᠡᠶ᠎ᠡ ᠶᠢᠨ ᠶᠡᠬᠡᠩᠬᠢ ᠬᠡᠰᠡᠭ ᠭᠠᠵᠠᠷ ᠪᠠ ᠵᠡᠭᠦᠨ ᠬᠤᠶᠢᠲᠤ ᠪᠡᠶ᠎ᠡ ᠶᠢᠨ ᠪᠠᠷᠠᠭᠤᠨ ᠬᠡᠰᠡᠭ ᠤᠨ ᠭᠠᠵᠠᠷ ᠤᠳ ᠢᠶᠠᠷ 4᠂ 5 ᠲᠠᠰ ᠤᠨ ᠰᠠᠯᠬᠢ ᠰᠠᠯᠬᠢᠯᠠᠵᠤ ᠪᠠᠶᠢᠬᠰᠠᠨ ᠢᠶᠠᠨ ᠲᠦᠷ ᠵᠠᠭᠤᠷ᠎ᠠ ᠡᠮᠦᠨ᠎ᠡ ᠠᠴᠠ 6᠂ 7 ᠲᠠᠰ ᠤᠨ ᠰᠠᠯᠬᠢ ᠰᠠᠯᠬᠢᠯᠠᠬᠤ ᠪᠤᠶᠤ ᠪᠠᠷᠠᠭᠤᠨ ᠠᠴᠠ ᠰᠠᠯᠬᠢᠯᠠᠨ᠎ᠠ᠃ ᠴᠠᠭ ᠠᠭᠤᠷ ᠤᠨ ᠬᠤᠪᠢᠷᠠᠯᠲᠠ ᠶᠢ ᠴᠠᠭ ᠲᠤᠬᠠᠶ ᠳᠤᠨᠢ ᠠᠩᠬᠠᠷᠴᠤ᠂ ᠰᠠᠶᠢᠳᠤᠷ ᠰᠡᠷᠭᠡᠶᠢᠯᠡᠬᠦ ᠪᠠᠨ ᠠᠩᠬᠠᠷᠬᠤ ᠬᠡᠷᠡᠭᠲᠡᠶ᠃ ᠥᠴᠥᠭᠡᠳᠦᠷ ᠥᠪᠥᠷ ᠮᠣᠩᠭᠤᠯ ᠤᠨ ᠬᠤᠷ᠎ᠡ ᠲᠤᠨᠳᠠᠰᠤ ᠭᠤᠤᠯᠳᠠᠭᠤ ᠤᠯᠠᠭᠠᠨᠴᠠᠪ ᠬᠤᠲᠠ᠂ ᠰᠢᠯᠢ ᠶᠢᠨ ᠭᠤᠤᠯ ᠠᠶᠢᠮᠠᠭ᠂ ᠲᠦᠩᠯᠢᠶᠣᠤ ᠬᠤᠲᠠ᠂ ᠬᠢᠩᠭᠠᠨ ᠠᠶᠢᠮᠠᠭ ᠲᠤ ᠪᠠᠭᠤᠪᠠ᠃ ᠬᠢᠨᠠᠨ ᠬᠡᠮᠵᠢᠯᠲᠡ ᠶᠢ ᠦᠨᠳᠦᠰᠦᠯᠡᠪᠡᠯ᠂ ᠪᠥᠬᠦ ᠣᠷᠣᠨ ᠤ 11 ᠠᠶᠢᠮᠠᠭ ᠬᠤᠲᠠ ᠶᠢᠨ 87 ᠬᠤᠰᠢᠭᠤ ᠰᠢᠶᠠᠨ ᠤ 1439 ᠥᠷᠲᠡᠭᠡ ᠴᠡᠭ ᠲᠤ ᠪᠣᠷᠣᠭᠠᠨ ᠣᠷᠣᠪᠡ᠃ 3 ᠬᠤᠰᠢᠭᠤ ᠰᠢᠶᠠᠨ 6 ᠥᠷᠲᠡᠭᠡ ᠳᠤ ᠶᠡᠭᠡ ᠪᠣᠷᠣᠭᠠᠨ ᠤᠷᠤᠵᠤ᠂ ᠡᠭᠦᠨ ᠳᠤ᠄ ᠤᠯᠠᠭᠠᠨᠴᠠᠪ ᠬᠤᠲᠠ ᠶᠢᠨ ᠹᠧᠩᠵᠧᠨ ᠬᠤᠲᠠ ᠶᠢᠨ ᠾᠦᠨ ᠶᠤᠸᠠᠨ ᠶᠣᠣ ᠰᠢᠶᠠᠩ ᠤᠨ ᠬᠤᠩ ᠱᠠᠨ ᠣᠶ ᠰᠢᠭᠤᠶ ᠶᠢᠨ ᠲᠠᠯᠠᠪᠠᠶ  ᠳᠤ 29.8 ᠮᠢᠯᠢᠮᠧᠲᠷ᠂ ᠹᠧᠩᠵᠧᠨ ᠬᠤᠲᠠ ※111 ᠥᠷᠲᠡᠭᠡ ᠳᠤ 28.8 ᠮᠢᠯᠢᠮᠧᠲᠷ᠂ ᠬᠢᠩᠭᠠᠨ ᠠᠶᠢᠮᠠᠭ ᠤᠨ ᠲᠦᠴᠢᠦᠸᠠᠨ ᠰᠢᠶᠠᠨ ᠤ ᠱᠦᠶ ᠴᠢᠤᠸᠠᠨ ᠳᠤ 28.8 ᠮᠢᠯᠢᠮᠧᠲᠷ ᠪᠤᠷᠤᠭᠠᠨ ᠤᠷᠤᠵᠠᠢ᠃ 19 ᠬᠤᠰᠢᠭᠤ ᠰᠢᠶᠠᠨ ᠳᠤ 191 ᠥᠷᠲᠡᠭᠡ ᠳᠤ ᠳᠤᠮᠳᠠ ᠵᠡᠷᠭᠡ ᠶᠢᠨ ᠪᠣᠷᠣᠭᠠᠨ ᠣᠷᠣᠵᠤ᠂ ᠡᠭᠦᠨ ᠳᠤ ᠬᠢᠩᠭᠠᠨ ᠠᠶᠢᠮᠠᠭ ᠤᠨ ᠲᠦᠴᠢᠦᠸᠠᠨ ᠰᠢᠶᠠᠨ ᠤ ᠲᠠᠢ ᠫᠢᠩ ᠰᠢᠶᠠᠩ ᠤᠨ ᠰᠠᠶᠢᠨᠬᠤᠸᠠᠷ ᠲᠤ 24.6 ᠮᠢᠯᠢᠮᠧᠲᠷ᠂ ᠰᠢᠯᠢ ᠶᠢᠨ ᠭᠤᠤᠯ ᠠᠶᠢᠮᠠᠭ ᠤᠨ ᠵᠡᠭᠦᠨ ᠦᠵᠦᠮᠦᠴᠢᠨ ᠬᠤᠰᠢᠭᠤᠨ ᠤ ᠤᠯᠠᠭᠠᠶ ᠬᠠᠮᠢᠶᠠᠷᠤᠯᠲᠠ ᠶᠢᠨ ᠣᠷᠣᠨ ᠤ ᠬᠠᠯᠠᠭᠠᠶᠢᠲᠤ ᠲᠠᠷᠢᠶᠠᠯᠠᠩ ᠮᠠᠯᠵᠢᠯ ᠤᠨ ᠲᠠᠯᠠᠪᠠᠶ ᠶᠢᠨ ᠸᠧᠶ ᠰᠢᠨ ᠮᠠᠯᠵᠢᠯ ᠤᠨ ᠲᠠᠯᠠᠪᠠᠶ ᠳᠤ 23.7 ᠮᠢᠯᠢᠮᠧᠲᠷ᠂ ᠲᠦᠩᠯᠢᠶᠣᠤ ᠬᠤᠲᠠ ᠶᠢᠨ ᠵᠠᠷᠤᠳ ᠬᠤᠰᠢᠭᠤᠨ ᠤ ᠢᠦᠶ ᠴᠢᠤᠸᠠᠨ ᠱᠠᠨ ᠳᠤ 23.5 ᠮᠢᠯᠢᠮᠧᠲᠷ ᠪᠤᠷᠤᠭᠠᠨ ᠤᠷᠤᠵᠠᠢ᠃ 87 ᠬᠤᠰᠢᠭᠤ ᠰᠢᠶᠠᠨ ᠤ1242 ᠥᠷᠲᠡᠭᠡ ᠳᠤ ᠪᠠᠭ᠎ᠠ ᠪᠣᠷᠣᠭᠠᠨ ᠣᠷᠣᠪᠠ᠃ ᠢᠷᠡᠬᠦ ᠭᠤᠷᠪᠠᠨ ᠡᠳᠦᠷ ᠲᠤ ᠥᠪᠥᠷ ᠮᠣᠩᠭᠤᠯ ᠤᠨ ᠠᠭᠠᠷ ᠤᠨ ᠳᠤᠯᠠᠭᠠᠨ ᠨᠡᠯᠢᠶᠡᠳ ᠲᠣᠭᠲᠠᠭᠤᠨ ᠪᠣᠯᠤᠨ᠎ᠠ᠃ ᠬᠠᠮᠤᠭ ᠥᠨᠳᠥᠷ ᠠᠭᠠᠷ ᠤᠨ ᠳᠤᠯᠠᠭᠠᠨ ᠨᠢ ᠭᠤᠣᠯᠳᠠᠭᠤ 19 ᠠᠴᠠ 22 °C ᠪᠠᠶᠢᠵᠤ᠂ ᠬᠠᠮᠤᠭ ᠳᠣᠣᠷ᠎ᠠ ᠠᠭᠠᠷ ᠤᠨ ᠳᠤᠯᠠᠭᠠᠨ ᠨᠢ 7 ᠠᠴᠠ11 °C ᠪᠤᠯᠤᠨ᠎ᠠ᠃ ᠥᠷᠯᠥᠭᠡ ᠦᠳᠡᠰᠢ ᠶᠢᠨ ᠳᠤᠯᠠᠭᠠᠨ ᠤ ᠵᠥᠷᠢᠶ᠎ᠡ ᠨᠡᠯᠢᠶᠡᠳ ᠶᠡᠭᠡ ᠪᠣᠯᠬᠤᠷ ᠣᠯᠠᠨ ᠨᠡᠶᠢᠲᠡ ᠪᠠᠷ ᠢᠶᠠᠨ ᠴᠠᠭ ᠠᠭᠤᠷ ᠤᠨ ᠬᠤᠪᠢᠷᠠᠯᠲᠠ ᠶᠢ ᠴᠠᠭ ᠲᠤᠬᠠᠶ ᠳᠤᠨᠢ ᠠᠩᠬᠠᠷᠴᠤ᠂ ᠰᠠᠶᠢᠲᠤᠷ ᠰᠡᠷᠭᠡᠶᠢᠯᠡᠨ ᠬᠠᠮᠠᠭᠠᠯᠠᠵᠤ᠂ ᠬᠤᠪᠴᠠᠰᠤ ᠬᠤᠨᠠᠷ ᠢᠶᠠᠨ ᠵᠤᠵᠠᠭᠠᠯᠠᠷᠠᠢ᠃ ᠬᠢᠨᠠᠨ ᠬᠡᠮᠵᠢᠯᠲᠡ ᠠᠴᠠ ᠦᠵᠡᠪᠡᠯ᠂ ᠥᠨᠥᠳᠦᠷ ᠥᠪᠥᠷ ᠮᠣᠩᠭᠤᠯ ᠤᠨ ᠬᠡᠰᠡᠭ ᠭᠠᠵᠠᠷ ᠣᠷᠣᠨ ᠳᠤ ᠬᠡᠰᠡᠭ ᠪᠤᠰᠠᠭ ᠪᠠᠭ᠎ᠠ ᠪᠣᠷᠣᠭᠠᠨ ᠲᠠᠢ᠂ ᠭᠤᠤᠯᠳᠠᠭᠤ ᠲᠤᠩᠭᠠᠯᠠᠭ ᠡᠳᠦᠷ ᠢᠶᠠᠷ ᠭᠤᠤᠯᠯᠠᠵᠤ᠂ ᠭᠠᠳᠠᠭᠰᠢ ᠭᠠᠷᠬᠤ ᠳᠤ ᠲᠤᠬᠢᠷᠠᠬᠤ ᠪᠦᠭᠡᠳ ᠨᠠᠮᠤᠷ ᠤᠨ ᠤᠯᠠᠷᠢᠯ ᠤᠨ ᠰᠡᠷᠢᠭᠦᠨ ᠲᠠᠭᠠᠯᠠᠮᠵᠢᠲᠠᠶ ᠪᠠᠶᠢᠳᠠᠯ ᠮᠡᠳᠡᠷᠡᠭᠳᠡᠨ᠎ᠡ᠃ ᠢᠷᠡᠬᠦ ᠬᠤᠶᠠᠷ ᠡᠳᠦᠷ ᠠᠯᠠᠱᠠ ᠠᠶᠢᠮᠠᠭ᠂ ᠪᠠᠶᠠᠨᠨᠠᠭᠤᠷ ᠬᠤᠳᠠ᠂ ᠦᠬᠠᠢ ᠬᠤᠳᠠ᠂ ᠤᠷᠳᠤᠰ ᠬᠤᠳᠠ᠂ ᠪᠤᠭᠤᠲᠤ ᠬᠤᠳᠠ᠂ ᠬᠥᠬᠡᠬᠤᠲᠠ᠂ ᠤᠯᠠᠭᠠᠨᠴᠠᠪ ᠬᠤᠳᠠ᠂ ᠰᠢᠯᠢ ᠶᠢᠨ ᠭᠤᠣᠯ ᠠᠶᠢᠮᠠᠭ᠂ ᠤᠯᠠᠭᠠᠨᠬᠠᠳᠠ ᠬᠤᠳᠠ ᠶᠢᠨ ᠶᠡᠬᠡᠩᠬᠢ ᠭᠠᠵᠠᠷ᠂ ᠲᠦᠩᠯᠢᠶᠣᠤ ᠬᠤᠳᠠ ᠶᠢᠨ ᠬᠤᠶᠢᠲᠤ ᠪᠡᠶ᠎ᠡ᠂ ᠬᠢᠩᠭᠠᠨ ᠠᠶᠢᠮᠠᠭ᠂ ᠬᠥᠯᠥᠨ ᠪᠤᠶᠢᠷ ᠬᠤᠳᠠ ᠳᠤ ᠪᠠᠭ᠎ᠠ ᠠᠴᠠ ᠳᠤᠮᠳᠠ ᠵᠡᠷᠭᠡ ᠶᠢᠨ ᠪᠣᠷᠣᠭᠠᠨ ᠣᠷᠣᠵᠤ᠂ ᠬᠡᠰᠡᠭ ᠭᠠᠵᠠᠷ ᠲᠤ ᠶᠡᠭᠡ ᠪᠣᠷᠣᠭᠠᠨ ᠣᠷᠣᠨ᠎ᠠ᠃ ᠨᠡᠶᠢᠲᠡ ᠣᠯᠠᠨ ᠢᠶᠠᠷ ᠢᠶᠠᠨ ᠭᠠᠳᠠᠭᠰᠢ ᠭᠠᠷᠬᠤ ᠳᠤ ᠪᠠᠨ ᠪᠣᠷᠣᠭᠠᠨ ᠤ ᠬᠡᠷᠡᠭᠰᠡᠯ ᠢᠶᠠᠨ ᠤᠷᠢᠳᠴᠢᠯᠠᠨ ᠠᠪᠴᠤ᠂ ᠰᠡᠷᠭᠡᠶᠢᠯᠡᠯᠳᠡ ᠬᠠᠮᠠᠭᠠᠯᠠᠯᠲᠠ ᠪᠠᠨ ᠰᠠᠶᠢᠲᠤᠷ ᠬᠢᠵᠦ᠂ ᠠᠮᠤᠷ ᠲᠦᠪᠰᠢᠨ ᠢ ᠠᠩᠬᠠᠷᠤᠭᠠᠷᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号