ᠺᠠᠶᠢᠯᠦ ᠰᠢᠶᠠᠨ ᠠᠴᠠ ᠯᠢᠶᠣᠤ ᠤᠯᠤᠰ ᠤᠨ ᠦᠶ᠎ᠡ ᠶᠢᠨ ᠣᠩᠭᠤᠨ ᠪᠣᠯᠣᠨ ᠣᠷᠣᠰᠢᠭᠤᠯᠭ᠎ᠠ ᠶᠢᠨ ᠲᠡᠷᠭᠡ ᠶᠢ ᠢᠯᠡᠷᠡᠭᠦᠯᠪᠡ
ᠨᠡᠶᠢᠲᠡᠯᠡᠭᠰᠡᠨ ᠴᠠᠭ᠄
2024/8/28
      ᠣᠶᠢᠷ᠎ᠠ ᠳᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠠᠭᠤᠴᠢ ᠰᠤᠳᠤᠯᠤᠯ ᠤᠨ ᠰᠤᠳᠤᠯᠭᠠᠨ ᠤ ᠬᠦᠷᠢᠶᠡᠯᠡᠩ᠂ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ᠂ ᠺᠠᠶᠢᠯᠦ ᠰᠢᠶᠠᠨ ᠤ ᠮᠦᠽᠧᠶ ᠶᠢᠨ ᠠᠵᠢᠯᠲᠠᠳ ᠢᠶᠠᠷ ᠪᠦᠷᠢᠯᠳᠦᠭᠰᠡᠨ ᠬᠠᠭᠤᠴᠢ ᠰᠤᠳᠤᠯᠤᠯ ᠤᠨ ᠬᠠᠮᠲᠤᠷᠠᠨ ᠠᠵᠢᠯᠯᠠᠬᠤ ᠠᠩᠭᠢ ᠺᠠᠶᠢᠯᠦ ᠰᠢᠶᠠᠨ ᠤ ᠳ᠋ᠦᠩ ᠹᠧᠩ ᠪᠠᠯᠭᠠᠰᠤ ᠶᠢᠨ ᠶᠢᠨ ᠪᠦᠦ ᠳᠦᠨ ᠲᠣᠰᠬᠤᠨ ᠳᠤ ᠬᠠᠭᠤᠴᠢ ᠰᠤᠳᠤᠯᠤᠯ ᠤᠨ ᠬᠠᠶᠢᠨ ᠰᠢᠨᠵᠢᠯᠡᠯᠲᠡ ᠬᠢᠵᠦ᠂ ᠨᠢᠭᠡᠨ ᠯᠢᠶᠣᠤ ᠤᠯᠤᠰ ᠤᠨ ᠦᠶ᠎ᠡ ᠶᠢᠨ ᠣᠩᠭᠤᠨ ᠵᠢᠴᠢ ᠣᠷᠣᠰᠢᠭᠤᠯᠭ᠎ᠠ ᠶᠢᠨ ᠲᠡᠷᠭᠡ ᠶᠢᠨ ᠨᠦᠬᠡ ᠶᠢ ᠢᠯᠡᠷᠡᠭᠦᠯᠪᠡ᠃
MINORITY17236259165584JWV3OFC5A.jpg
      ᠶᠢᠨ ᠪᠦᠦ ᠳᠦᠨ ᠲᠣᠰᠬᠤᠨ ᠤ ᠬᠤᠶᠠᠳᠤᠭᠠᠷ ᠨᠤᠮᠧᠷᠲᠤ ᠣᠩᠭᠤᠨ ᠤ ᠲᠤᠬᠠᠶ ᠶᠢᠨ ᠲᠠᠯᠠᠪᠤᠷ ᠠᠴᠠ ᠨᠢᠭᠡ ᠲᠣᠮᠣ ᠬᠡᠯᠪᠡᠷᠢ ᠶᠢᠨ ᠮᠣᠷᠢᠨ ᠲᠡᠷᠭᠡ ᠶᠢ ᠢᠯᠡᠷᠡᠭᠦᠯᠵᠦ᠂ ᠬᠡᠳᠦᠶᠢᠪᠡᠷ 1000 ᠭᠠᠷᠤᠶ ᠵᠢᠯ ᠥᠩᠭᠡᠷᠡᠵᠦ ᠮᠣᠷᠢᠨ ᠲᠡᠷᠭᠡᠨ ᠤ ᠨᠢᠭᠡ ᠲᠠᠯ᠎ᠠ ᠶᠢᠨ ᠠᠷᠠᠯ ᠨᠢ ᠨᠢᠭᠡᠨᠲᠡ ᠢᠯᠵᠠᠷᠠᠭᠰᠠᠨ ᠪᠣᠯᠪᠠᠴᠤ ᠲᠡᠷᠭᠡᠨ ᠳᠡᠭᠡᠷᠡᠬᠢ ᠲᠡᠮᠦᠷ ᠲᠣᠨᠣᠭᠯᠠᠭᠠᠰᠤ ᠂ ᠠᠯᠲᠠ ᠪᠠᠷ ᠥᠩᠭᠡᠯᠡᠭᠰᠡᠨ ᠲᠣᠨᠣᠭᠯᠠᠭᠠᠰᠤ ᠨᠢ ᠪᠦᠷᠢᠨ ᠪᠦᠲᠦᠨ ᠬᠠᠳᠠᠭᠠᠯᠠᠭᠳᠠᠵᠤ᠂ ᠠᠵᠢᠯᠲᠠᠳ ᠶᠠᠭ ᠰᠠᠢᠬᠠᠨ ᠨᠦᠬᠡ ᠶᠢ ᠴᠡᠪᠡᠷᠯᠡᠬᠦ ᠠᠵᠢᠯ ᠢ ᠬᠢᠵᠦ ᠪᠠᠶᠢᠨ᠎ᠠ᠃
MINORITY1723625923618A4UY4H10PT.jpg
      ᠺᠠᠶᠢᠯᠦ ᠰᠢᠶᠠᠨ ᠤ ᠮᠦᠽᠧᠶ ᠶᠢᠨ ᠳᠠᠷᠤᠭ᠎ᠠ ᠮᠠ ᠬᠠᠶ ᠶᠢᠨ ᠲᠠᠨᠢᠯᠴᠠᠭᠤᠯᠤᠭᠰᠠᠨ ᠢᠶᠠᠷ ︽ᠡᠨᠡ ᠬᠤᠶᠠᠳᠤᠭᠠᠷ ᠨᠣᠮᠧᠷᠲᠤ ᠣᠩᠭᠤᠨ ᠮᠠᠰᠢ ᠤᠨᠴᠠᠭᠠᠢ ᠪᠠᠶᠢᠳᠠᠭ᠂ ᠲᠡᠷᠡ ᠨᠢ ᠵᠢᠩᠬᠢᠨᠢ ᠣᠩᠭᠤᠨ ᠪᠢᠰᠢ ᠬᠠᠷᠢᠨ ᠣᠷᠣᠰᠢᠭᠤᠯᠭ᠎ᠠ ᠶᠢᠨ ᠲᠡᠷᠭᠡᠨ ᠤ ᠨᠦᠬᠡ ᠪᠣᠯᠣᠨ᠎ᠠ᠃ ᠣᠷᠣᠰᠢᠭᠤᠯᠭ᠎ᠠ ᠶᠢᠨ ᠲᠡᠷᠭᠡ ᠶᠢᠨ ᠪᠡᠶ᠎ᠡ ᠨᠡᠯᠢᠶᠡᠳ ᠤᠷᠲᠤ᠂ ᠳᠣᠯᠣᠭᠠᠨ ᠮᠧᠲᠷ ᠣᠷᠴᠢᠮ᠂ ᠥᠷᠭᠡᠨ ᠨᠢ ᠬᠤᠶᠠᠷ ᠮᠧᠲᠷ ᠢᠯᠡᠭᠦᠦ ᠪᠠᠶᠢᠵᠤ᠂ ᠮᠠᠨ ᠤ ᠰᠢᠶᠠᠨ ᠤ ᠣᠯᠠᠨ ᠵᠢᠯ ᠤᠨ ᠲᠤᠷᠰᠢᠬᠢ ᠯᠢᠶᠣᠤ ᠤᠯᠤᠰ ᠤᠨ ᠤᠩᠭᠤᠨ ᠢ ᠠᠭᠤᠳᠠᠯᠯᠠᠭᠰᠠᠨ ᠲᠡᠦᠬᠡᠨ ᠳᠠᠬᠢ ᠠᠩᠬ᠎ᠠ ᠤᠳᠠᠭᠠᠨ ᠤ ᠢᠯᠡᠷᠡᠭᠦᠯᠦᠯᠲᠡ ᠪᠣᠯᠣᠨ᠎ᠠ᠃ ᠬᠤᠯᠠᠭᠠᠶᠢᠯᠠᠭᠳᠠᠭᠰᠠᠨ ᠦᠭᠡᠢ ᠪᠣᠯᠬᠤᠷ ᠠᠯᠢᠪᠠ ᠲᠡᠦᠬᠡ ᠶᠢᠨ ᠳᠤᠷᠠᠰᠬᠠᠯᠲᠤ ᠵᠦᠢᠯ ᠤᠨ ᠰᠤᠷᠠᠭ ᠵᠠᠩᠭᠢ ᠶᠢ ᠪᠦᠷ ᠬᠠᠳᠠᠭᠠᠯᠠᠵᠤ ᠪᠠᠶᠢᠨ᠎ᠠ︾ ᠭᠡᠪᠡ᠃
MINORITY1723625933385KX02NSUUNE.jpg
      ᠤᠳᠠᠭᠠᠨ ᠡᠳᠦᠷ ᠴᠡᠪᠡᠷᠯᠡᠨ ᠠᠭᠤᠳᠠᠯᠬᠤ ᠪᠠᠷ ᠳᠠᠮᠵᠢᠨ᠂ ᠣᠳᠣᠬᠠᠨ ᠳᠤ ᠬᠤᠶᠠᠳᠤᠭᠠᠷ ᠨᠣᠮᠧᠷᠲᠤ ᠤᠩᠭᠤᠨ ᠠᠴᠠ ᠨᠢᠭᠡᠨᠲᠡ ᠮᠥᠩᠭᠦᠨ ᠫᠠᠶᠢᠰᠠ᠂ ᠭᠠᠤᠯᠢᠨ ᠤᠨᠵᠢᠯᠭ᠎ᠠ᠂ ᠲᠡᠷᠭᠡᠨ ᠤ ᠪᠤᠯᠤᠳ ᠲᠣᠨᠣᠭᠯᠠᠭᠠᠰᠤ᠂ ᠠᠯᠲᠠ ᠪᠠᠷ ᠥᠩᠭᠡᠯᠡᠭᠰᠡᠨ ᠭᠠᠤᠯᠢᠨ ᠬᠤᠩᠬᠤ ᠵᠡᠷᠭᠡ 30 ᠭᠠᠷᠤᠢ ᠬᠤᠪᠢ ᠲᠡᠦᠬᠡ ᠶᠢᠨ ᠳᠤᠷᠠᠰᠬᠠᠯᠲᠤ ᠵᠦᠢᠯᠡᠰ ᠢ ᠮᠠᠯᠲᠠᠨ ᠭᠠᠷᠭᠠᠵᠤ᠂ ᠯᠢᠶᠣᠤ ᠤᠯᠤᠰ ᠤᠨ ᠦᠶ᠎ᠡ ᠶᠢᠨ ᠲᠡᠦᠬᠡ ᠪᠠ ᠣᠷᠣᠰᠢᠭᠤᠯᠭ᠎ᠠ ᠶᠢᠨ ᠰᠣᠶᠣᠯ ᠢ ᠰᠤᠳᠤᠯᠬᠤ ᠳᠤ ᠵᠣᠬᠢᠬᠤ ᠬᠡᠮᠵᠢᠶᠡᠨ ᠤ ᠯᠠᠪᠯᠠᠯᠲᠠ ᠶᠢᠨ ᠦᠨ᠎ᠡ ᠦᠷᠳᠡᠭ ᠪᠠ ᠰᠤᠳᠤᠯᠭᠠᠨ ᠤ ᠠᠴᠢ ᠬᠤᠯᠪᠣᠭᠳᠠᠯ ᠲᠠᠢ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号