ᠬᠠᠶᠢᠷ᠎ᠠ ᠪᠠᠷ  ︽ᠠᠵᠢᠯ ᠤᠯᠬᠤ ᠬᠦᠰᠡᠯ︾ ᠢ ᠪᠡᠶᠡᠯᠡᠬᠦᠯᠦᠨ᠎ᠠ
ᠨᠡᠶᠢᠲᠡᠯᠡᠭᠰᠡᠨ ᠴᠠᠭ᠄
2024/8/21
      ︽ᠵᠡᠮᠳᠡᠭᠴᠦᠳ ᠤᠨ ᠬᠤᠯᠪᠣᠭ᠎ᠠ ᠠᠴᠠ ᠪᠢᠳᠡᠨ ᠳᠤ ᠡᠶᠢᠮᠦ ᠰᠠᠶᠢᠨ ᠲᠠᠪᠴᠠᠩ ᠪᠠᠶᠢᠭᠤᠯᠵᠤ ᠥᠭᠭᠦᠭᠰᠡᠨ ᠳᠤ ᠮᠠᠰᠢ ᠲᠠᠯᠠᠷᠬᠠᠵᠤ ᠪᠠᠶᠢᠨ᠎ᠠ᠂ ᠥᠪᠡᠷ ᠢᠶᠠᠨ ᠵᠣᠭᠤᠰ ᠣᠯᠵᠤ  ᠠᠶᠢᠯ ᠭᠡᠷ ᠢᠶᠠᠨ ᠲᠡᠵᠢᠭᠡᠭᠰᠡᠨ ᠳᠤ ᠪᠢ ᠮᠠᠰᠢ ᠪᠠᠶᠠᠷᠯᠠᠵᠤ ᠪᠠᠶᠢᠨ᠎ᠠ︾ ᠭᠡᠵᠦ ᠬᠡᠯᠡᠪᠡ᠃ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠵᠡᠮᠳᠡᠭᠴᠦᠳ ᠤᠨ ᠲᠤᠰᠠᠯᠠᠬᠤ ᠴᠢᠨᠠᠷᠲᠠᠶ ᠠᠵᠢᠯ ᠣᠯᠭᠤᠯᠲᠠ ᠶᠢᠨ ᠪᠠᠶᠢᠭᠤᠯᠤᠮᠵᠢ ᠪᠤᠯᠬᠤ ᠵᠢᠦᠸᠠᠨ ᠱᠠᠨ ᠴᠠᠭᠠᠨ ᠢᠳᠡᠭᠡ ᠪᠣᠯᠪᠠᠰᠤᠷᠠᠭᠤᠯᠬᠤ ᠲᠠᠰᠤᠭ ᠲᠤ᠂ ᠠᠵᠢᠯᠴᠢᠨ ᠭᠦᠸᠧ ᠯᠢ ᠫᠢᠩ ᠨᠢᠭᠡ ᠲᠠᠯ᠎ᠠ ᠪᠠᠷ ᠪᠣᠯᠪᠠᠰᠤᠷᠠᠩᠭᠤᠶ ᠪᠠᠷ ᠦᠢᠯᠡᠳᠬᠦᠨ  ᠢᠶᠠᠨ ᠵᠢᠩᠨᠡᠨ ᠪᠢᠳᠡᠬᠦᠮᠵᠢᠯᠡᠬᠦ ᠶᠢᠨ ᠲᠠᠭᠠᠤ᠂ ᠨᠥᠭᠦᠭᠡ ᠲᠠᠯ᠎ᠠ ᠪᠠᠷ ᠰᠤᠷᠪᠤᠯᠵᠢᠯᠠᠭᠴᠢ ᠳᠤ ᠠᠵᠢᠯ ᠤᠨ ᠪᠠᠶᠠᠷ ᠪᠠᠭ᠋ᠠᠳᠤᠯᠲᠠ ᠪᠠᠨ ᠬᠤᠪᠢᠶᠠᠯᠴᠠᠪᠠ᠃     ᠡᠨᠡ ᠵᠢᠯ 48 ᠨᠠᠰᠤᠲᠠᠶ ᠭᠦᠸᠧ ᠯᠢ ᠫᠢᠩ ᠡᠷᠲᠡ ᠦᠶ᠎ᠡ ᠳᠤ ᠭᠡᠨᠡᠳᠳᠡ ᠶᠢᠨ ᠠᠳᠡᠯ ᠠᠴᠠ ᠪᠣᠯᠵᠤ ᠳᠣᠣᠷ᠎ᠠ ᠮᠥᠴᠢ ᠨᠢ ᠲᠠᠮᠪᠠᠷᠠᠵᠤ᠂ ᠬᠥᠳᠡᠯᠵᠦ ᠪᠠᠷᠢᠬᠤ ᠳᠤ ᠳᠥᠭᠦᠮ ᠦᠭᠡᠢ ᠪᠣᠯᠪᠠᠴᠤ᠂ ᠲᠡᠷᠡ ᠢᠮᠠᠭᠲᠠ ᠠᠮᠢᠳᠤᠷᠠᠯ ᠳᠠᠭᠠᠨ ᠬᠠᠯᠠᠭᠤᠮᠰᠤᠭ᠂ ᠴᠢᠷᠠᠶ ᠳᠤᠨᠢ ᠢᠨᠢᠶᠡᠮᠰᠦᠭᠯᠡᠯ ᠲᠤᠳᠤᠷᠠᠵᠤ ᠪᠠᠶᠢᠳᠠᠭ᠃ ︽  ᠪᠢ ᠥᠩᠭᠡᠷᠡᠭᠰᠡᠨ ᠳᠤ  ᠬᠢᠳᠡᠯ ᠦᠭᠡᠢ᠂ ᠡᠳᠦᠷ ᠪᠦᠷᠢ ᠵᠥᠪᠬᠡᠨ ᠴᠠᠬᠢᠯᠭᠠᠨ ᠬᠥᠳᠡᠯᠭᠡᠭᠦᠷᠲᠦ ᠭᠤᠷᠪᠠᠨ ᠬᠦᠷᠳᠦᠲᠦ ᠲᠡᠷᠭᠡ ᠪᠠᠷ ᠵᠡᠭᠡᠯᠢ ᠳᠡᠭᠡᠷ᠎ᠡ ᠡᠷᠭᠢᠯᠳᠦᠵᠦ ᠂  ᠰᠠᠯᠬᠢᠨ ᠳᠤ ᠭᠠᠷᠴᠤ᠂  ᠰᠡᠳᠬᠢᠯ ᠬᠤᠭᠤᠰᠤᠷᠠᠵᠤ ᠤᠶᠢᠳᠬᠠᠷ ᠲᠠᠢ ᠪᠠᠶᠢᠳᠠᠭ᠃ ᠵᠡᠮᠳᠡᠭᠴᠦᠳ ᠤᠨ ᠲᠤᠰᠠᠯᠠᠬᠤ ᠴᠢᠨᠠᠷᠲᠠᠶ ᠠᠵᠢᠯ ᠣᠯᠭᠤᠯᠲᠠ ᠶᠢᠨ ᠪᠠᠶᠢᠭᠤᠯᠤᠮᠵᠢ ᠪᠠᠶᠢᠭᠤᠯᠤᠭᠳᠠᠭᠰᠠᠨ ᠠᠴᠠ ᠨᠠᠰᠢ᠂ ᠪᠢ  ᠠᠳᠡᠬᠢ ᠠᠵᠢᠯᠲᠠᠨ ᠤ ᠬᠠᠪᠰᠤᠷᠤᠯᠭ᠎ᠠ ᠳᠣᠣᠷ᠎ᠠ ᠠᠵᠢᠯ ᠣᠯᠵᠤ᠂ ᠡᠳᠦᠷ ᠪᠦᠷᠢ ᠮᠠᠰᠢ ᠤᠳᠬ᠎ᠠ ᠠᠭᠤᠯᠭ᠎ᠠ ᠲᠠᠢ ᠪᠠᠷ ᠪᠠᠷᠠᠬᠤ ᠦᠭᠡᠢ᠂ ᠪᠠᠰᠠ ᠵᠣᠭᠤᠰ ᠣᠯᠵᠤ᠂ ᠭᠡᠷ ᠢᠶᠠᠨ ᠬᠠᠪᠰᠤᠷᠤᠨ ᠳᠠᠷᠤᠭᠠᠰᠤ  ᠶᠢ ᠨᠢ ᠬᠦᠩᠭᠡᠯᠡᠪᠡ᠂ ᠪᠢ ᠥᠪᠡᠷ ᠤᠨ ᠥᠷᠲᠡᠭ ᠢᠶᠠᠨ ᠢᠯᠡᠷᠡᠬᠦᠯᠬᠦ ᠭᠠᠵᠠᠷ ᠲᠠᠢ ᠪᠤᠯᠤᠭᠰᠠᠨ ᠢᠶᠠᠨ ᠰᠡᠷᠡᠵᠦ  ᠮᠡᠳᠡᠪᠡ᠃ ᠠᠵᠢᠯ ᠤᠨ ᠴᠢᠯᠥᠭᠡᠨ ᠤ ᠴᠠᠭ ᠲᠤ ᠪᠠᠨ᠂ ᠪᠢ ᠨᠠᠶᠢᠵᠠ ᠨᠠᠷ ᠲᠠᠢ ᠪᠠᠨ ᠬᠠᠮᠲᠤ ᠨᠠᠶᠢᠳᠠᠨ ᠲᠡᠵᠢᠭᠡᠯᠭᠡᠬᠦ ᠲᠥᠪ ᠤᠨ ᠲᠣᠬᠢᠷᠠᠭᠤᠯᠤᠭᠰᠠᠨ ᠰᠣᠶᠣᠯ ᠤᠨ ᠠᠵᠢᠯᠯᠠᠭ᠎ᠠ ᠳᠤ ᠣᠷᠣᠯᠴᠠᠵᠤ᠂ ᠤᠶᠤᠨ ᠰᠠᠨᠠᠭᠠᠨ ᠤ ᠠᠮᠢᠳᠤᠷᠠᠯ ᠤᠨ ᠲᠠᠯ᠎ᠠ ᠪᠠᠷ ᠴᠤ ᠰᠡᠳᠬᠢᠯ ᠬᠠᠨᠤᠮᠵᠢᠲᠠᠶ ᠪᠠᠶᠢᠨ᠎ᠠ︾ ᠭᠡᠵᠦ ᠬᠡᠯᠡᠪᠡ᠃     ᠡᠨᠡ ᠵᠢᠯ ᠤᠨ 5 ᠰᠠᠷ᠎ᠠ ᠳᠤ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠵᠡᠮᠳᠡᠭᠴᠦᠳ ᠤᠨ ᠲᠤᠰᠠᠯᠠᠬᠤ ᠴᠢᠨᠠᠷᠲᠠᠶ ᠠᠵᠢᠯ ᠣᠯᠭᠤᠯᠲᠠ ᠶᠢᠨ ᠰᠠᠭᠤᠷᠢᠨ ᠭᠠᠵᠠᠷ ᠵᠢᠩᠬᠢᠨᠢ ᠪᠠᠷ ᠫᠠᠶᠢᠰᠠ ᠡᠯᠭᠦᠨ ᠪᠠᠶᠢᠭᠤᠯᠤᠭᠳᠠᠵᠤ᠂ ᠲᠤᠰᠠᠯᠠᠬᠤ ᠴᠢᠨᠠᠷᠲᠠᠶ ᠠᠵᠢᠯ ᠣᠯᠭᠤᠯᠲᠠ ᠶᠢᠨ ᠪᠠᠶᠢᠭᠤᠯᠤᠮᠵᠢ ᠵᠡᠮᠳᠡᠭᠴᠦᠳ ᠤᠨ ᠨᠠᠶᠢᠳᠠᠨ ᠠᠰᠠᠷᠠᠬᠤ ᠲᠥᠪ ᠲᠤ ᠲᠦᠰᠢᠭᠯᠡᠨ᠂ ︽ᠠᠵᠢᠯᠯᠠᠬᠤ ᠪᠠᠷ ᠲᠡᠵᠢᠭᠡᠬᠦ ᠶᠢ ᠣᠷᠣᠯᠠᠭᠤᠯᠬᠤ︾ ᠰᠢᠨ᠎ᠡ ᠵᠠᠮ ᠢ ᠠᠯᠬᠤᠮ ᠠᠯᠬᠤᠮ ᠢᠶᠠᠷ ᠬᠠᠶᠢᠨ ᠰᠦᠪᠡᠭᠴᠢᠯᠡᠵᠦ᠂ ᠵᠡᠮᠳᠡᠭᠴᠦᠳ ᠢ ᠨᠠᠶᠢᠳᠠᠨ ᠠᠰᠠᠷᠠᠬᠤ ᠲᠥᠪ ᠲᠤ ᠣᠷᠣᠵᠤ ᠰᠠᠭᠤᠯᠭᠠᠵᠤ ᠪᠣᠯᠬᠤ ᠮᠥᠷᠲᠡᠭᠡᠨ ᠪᠠᠰᠠ ᠠᠵᠢᠯ ᠣᠯᠭᠤᠯᠲᠠ ᠶᠢ ᠪᠡᠶᠡᠯᠡᠭᠦᠯᠵᠦ ᠪᠣᠯᠤᠨ᠎ᠠ᠃ ᠣᠳᠣᠬᠠᠨ ᠳᠤ᠂ ᠪᠥᠬᠦ ᠬᠤᠰᠢᠭᠤᠨ ᠤ 13 ᠵᠡᠮᠳᠡᠭ ᠬᠥᠮᠦᠨ ᠴᠡᠴᠡᠷᠯᠢᠭ ᠲᠤ ᠣᠷᠣᠵᠤ ᠠᠵᠢᠯ ᠣᠯᠵᠤ᠂ ᠥᠪᠡᠷ ᠤᠨ ᠭᠠᠷ ᠢᠶᠠᠷ ᠢᠶᠠᠨ ᠣᠷᠣᠯᠭ᠎ᠠ ᠪᠠᠨ ᠨᠡᠮᠡᠭᠳᠡᠭᠦᠯᠪᠡ᠃      ᠲᠦᠩ ᠸᠧᠶ ᠪᠣᠬᠢᠷᠲᠤᠯ ᠥᠬᠡᠶ ᠰᠠᠭᠤᠷᠢ ᠮᠠᠲ᠋ᠧᠷᠢᠶᠠᠯ ᠤᠨ ᠬᠢᠵᠠᠭᠠᠷᠲᠤ ᠺᠣᠮᠫᠠᠨᠢ ᠳᠤ᠂ 26 ᠨᠠᠰᠤᠲᠠᠶ ᠲᠤᠰᠬᠠᠶ ᠮᠡᠷᠭᠡᠵᠢᠯ ᠤᠨ ᠠᠵᠢᠯᠲᠠᠨ ᠨᠠᠷᠠᠭ᠎ᠠ ᠶᠠᠭ ᠨᠠᠷᠢᠨ ᠬᠢᠨᠠᠮᠠᠭᠠᠶ ᠠᠵᠢᠯᠯᠠᠵᠤ ᠪᠠᠶᠢᠪᠠ᠃ ᠳᠡᠭᠡᠳᠦ ᠵᠡᠷᠭᠡ ᠶᠢᠨ ᠲᠤᠰᠬᠠᠶ ᠮᠡᠷᠭᠡᠵᠢᠯ ᠠᠴᠠ ᠲᠡᠭᠦᠰᠦᠭᠰᠡᠨ ᠤ ᠳᠠᠷᠠᠭ᠎ᠠ᠂ ᠪᠡᠶ᠎ᠡ ᠨᠢ ᠵᠡᠮᠳᠡᠭ ᠨᠠᠷᠠᠭ᠎ᠠ ᠪᠤᠭᠤᠲᠤ ᠳᠤ ᠬᠥᠯᠥᠰᠥᠨ ᠠᠵᠢᠯ ᠬᠢᠵᠦ᠂ ᠰᠡᠭᠦᠯᠡᠷ ᠨᠢ ᠠᠵᠢᠯ ᠠᠯᠳᠠᠭᠰᠠᠨ ᠠᠴᠠ ᠪᠤᠯᠵᠤ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠳᠤ ᠪᠤᠴᠠᠵᠤ ᠢᠷᠡᠪᠡ᠃ ᠬᠤᠰᠢᠭᠤᠨ ᠤ ᠵᠡᠮᠳᠡᠭᠴᠦᠳ ᠤᠨ ᠬᠤᠯᠪᠣᠭ᠎ᠠ ᠶᠢᠨ ᠬᠢᠨ ᠪᠠᠶᠢᠳᠠᠯ ᠢ ᠣᠶᠢᠯᠠᠭᠠᠭᠰᠠᠨ ᠤ ᠳᠠᠷᠠᠭ᠎ᠠ᠂ ᠨᠢᠭᠡ ᠲᠠᠯ᠎ᠠ ᠪᠠᠷ ᠨᠠᠷᠠᠭ᠎ᠠ ᠶᠢᠨ ᠠᠵᠢᠯ ᠤᠯᠬᠤ ᠬᠦᠰᠡᠯ ᠰᠠᠨᠠᠭ᠎ᠠ ᠶᠢ ᠦᠨᠳᠦᠰᠦᠯᠡᠨ ᠠᠵᠢᠯ ᠤᠨ ᠪᠠᠶᠢᠷᠢ ᠶᠢᠨ ᠮᠡᠳᠡᠭᠡ ᠵᠠᠩᠭᠢ ᠶᠢ ᠡᠮᠬᠢᠯᠡᠨ ᠴᠤᠭᠯᠠᠭᠤᠯᠵᠤ᠂ ᠨᠥᠭᠦᠭᠡ ᠲᠠᠯ᠎ᠠ ᠪᠠᠷ ᠢᠳᠡᠪᠬᠢᠲᠡᠶ ᠤᠶᠢᠯᠠᠭᠠᠯᠴᠠᠨ ᠨᠡᠪᠳᠡᠷᠡᠯᠴᠡᠵᠦ᠂ ᠠᠵᠤ ᠠᠬᠤᠶᠢᠯᠠᠯ ᠳᠤ ᠭᠦᠨᠵᠡᠭᠡᠶᠢᠷᠡᠨ ᠪᠠᠶᠢᠴᠠᠭᠠᠨ ᠰᠤᠳᠤᠯᠤᠯᠲᠠ ᠬᠢᠵᠦ ᠵᠥᠪᠳᠡᠯᠴᠡᠨ ᠶᠠᠷᠢᠯᠴᠠᠵᠤ᠂ ᠠᠵᠤ ᠠᠬᠤᠶᠢᠯᠠᠯ ᠳᠤ ᠵᠡᠮᠳᠡᠭᠴᠦᠳ ᠤᠨ ᠲᠤᠰᠬᠠᠶ ᠠᠵᠢᠯ ᠤᠨ ᠪᠠᠶᠢᠷᠢ ᠨᠡᠭᠡᠭᠡᠵᠦ᠂ ᠠᠵᠤ ᠠᠬᠤᠶᠢᠯᠠᠯ ᠬᠢᠭᠡᠳ ᠵᠡᠮᠳᠡᠭᠴᠦᠳ ᠤᠨ ᠬᠤᠭᠤᠷᠣᠨᠳᠣᠬᠢ ︽ᠬᠥᠭᠦᠷᠭᠡ︾ ᠶᠢ ᠪᠤᠰᠬᠠᠪᠠ᠃      ᠬᠤᠰᠢᠭᠤᠨ ᠤ ᠵᠡᠮᠳᠡᠭᠴᠦᠳ ᠤᠨ ᠬᠤᠯᠪᠣᠭ᠎ᠠ ᠶᠢᠨ ︽ᠠᠵᠤ ᠠᠬᠤᠶᠢᠯᠠᠯ ᠢ ᠰᠤᠷᠪᠤᠯᠵᠢᠯᠠᠵᠤ ᠠᠵᠢᠯ ᠤᠨ ᠪᠠᠶᠢᠷᠢ ᠶᠢ ᠥᠷᠭᠡᠳᠬᠡᠬᠦ︾ ᠴᠢᠷᠮᠠᠶᠢᠯᠭ᠎ᠠ ᠪᠠᠷ᠂ ᠨᠠᠷᠠᠭ᠎ᠠ ᠲᠦᠩ ᠸᠧᠢ ᠪᠣᠬᠢᠷᠲᠤᠯ ᠦᠭᠡᠢ ᠰᠠᠭᠤᠷᠢ ᠮᠠᠲ᠋ᠧᠷᠢᠶᠠᠯ ᠤᠨ ᠬᠢᠵᠠᠭᠠᠷᠲᠤ ᠺᠣᠮᠫᠠᠨᠢ ᠶᠢᠨ ᠨᠢᠭᠡᠨ ᠠᠮᠤᠷ ᠲᠦᠪᠰᠢᠨ ᠤ ᠪᠠᠶᠢᠴᠠᠭᠠᠭᠴᠢ ᠪᠣᠯᠤᠭᠰᠠᠨ ᠪᠠᠶᠢᠨ᠎ᠠ᠃ ᠠᠵᠢᠯ ᠤᠨ ᠪᠠᠶᠢᠷᠢ ᠳᠠᠭᠠᠨ ᠲᠠᠬᠢᠨ ᠪᠤᠴᠠᠭᠰᠠᠨ ᠨᠠᠷᠠᠭ᠎ᠠ ᠪᠠᠰᠠ ᠡᠨᠡ ᠤᠳᠠᠭᠠᠨ ᠤ ᠲᠣᠬᠢᠶᠠᠯ ᠢ ᠮᠠᠰᠢ ᠨᠠᠨᠳᠢᠩᠨᠠᠵᠤ᠂ ᠰᠢᠯᠭᠠᠯᠲᠠ ᠪᠠᠷ ᠳᠠᠮᠵᠢᠨ᠂ ᠠᠵᠢᠯ ᠤᠨ ᠪᠠᠶᠢᠷᠢ ᠪᠠᠨ ᠤᠷᠤᠭᠰᠢᠲᠠᠢ ᠪᠠᠷ ᠰᠣᠯᠢᠭᠰᠠᠨ ᠲᠤᠰᠬᠠᠶ ᠮᠡᠷᠭᠡᠵᠢᠯ ᠤᠨ ᠠᠵᠢᠯᠲᠠᠨ ᠪᠤᠯᠪᠠ᠃ ᠡᠳᠦᠭᠡ᠂ ᠨᠠᠷᠠᠭ᠎ᠠ ᠣᠷᠣᠯᠭ᠎ᠠ ᠨᠢ ᠲᠣᠭᠲᠠᠭᠤᠨ ᠰᠠᠶᠢᠨ ᠠᠵᠢᠯ ᠲᠠᠢ ᠪᠣᠯᠤᠭᠰᠠᠨ ᠢᠶᠠᠷ ᠪᠠᠷᠠᠬᠤ ᠦᠭᠡᠢ᠂ ᠰᠤᠯᠠ ᠰᠡᠯᠡᠬᠦᠦ ᠴᠠᠭ ᠪᠠᠷ ᠢᠶᠠᠨ ᠠᠪᠤ ᠡᠵᠢ ᠪᠠᠨ ᠬᠠᠪᠰᠤᠷᠤᠨ ᠭᠡᠷ ᠤᠨ ᠶᠠᠪᠤᠳᠠᠯ  ᠢᠶᠠᠨ ᠰᠢᠢᠳᠪᠦᠷᠢᠯᠡᠵᠦ᠂  ᠠᠮᠢᠳᠤᠷᠠᠯ ᠨᠢ ᠡᠳᠦᠷ ᠢᠷᠡᠬᠦᠶ᠎ᠡ ᠬᠦᠷ ᠬᠥᠭᠵᠢᠶᠡᠨ ᠲᠠᠢ ᠪᠣᠯᠪᠠ᠃      ︽ᠵᠢᠭᠠᠰᠤ ᠱᠠᠩᠨᠠᠬᠤ ᠪᠠᠷ ᠵᠢᠭᠠᠰᠤ ᠠᠩᠨᠠᠬᠤ ᠶᠢ ᠰᠤᠷᠭᠠᠨ᠎ᠠ︾᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠵᠡᠮᠳᠡᠭᠴᠦᠳ ᠤᠨ ᠬᠤᠯᠪᠣᠭ᠎ᠠ ᠶᠢᠨ ᠬᠢᠨ ᠵᠡᠮᠳᠡᠭᠴᠦᠳ  ᠲᠤ ︽ᠴᠢᠰᠤ ᠶᠡᠭᠦᠯᠡᠬᠦ︾ ᠶᠢ ᠴᠢᠬᠤᠯᠠᠴᠢᠯᠠᠬᠤ ᠶᠢᠨ ᠬᠠᠮᠲᠤ ᠪᠠᠰᠠ ᠡᠯ᠎ᠡ ᠵᠦᠢᠯ ᠤᠨ ᠤᠷ᠎ᠠ ᠴᠢᠳᠠᠪᠤᠷᠢ ᠶᠢᠨ ᠪᠣᠯᠪᠠᠰᠤᠷᠠᠯ ᠡᠷᠬᠢᠯᠡᠬᠦ ᠪᠠᠷ ᠳᠠᠮᠵᠢᠭᠤᠯᠤᠨ᠂ ᠵᠡᠮᠳᠡᠭᠴᠦᠳ ᠤᠨ ︽ᠴᠢᠰᠤ ᠪᠦᠲᠦᠭᠡᠬᠦ︾ ᠴᠢᠳᠠᠮᠵᠢ ᠶᠢ ᠲᠠᠰᠤᠷᠠᠯᠲᠠ ᠦᠭᠡᠢ ᠴᠢᠩᠭᠠᠳᠬᠠᠵᠤ᠂ ᠵᠡᠮᠳᠡᠭᠴᠦᠳ ᠤᠨ ᠠᠵᠢᠯ ᠣᠯᠵᠤ ᠦᠢᠯᠡᠰ ᠪᠤᠰᠬᠠᠬᠤ ᠴᠢᠳᠠᠪᠤᠷᠢ ᠶᠢ ᠳᠡᠭᠡᠭᠰᠢᠯᠡᠭᠦᠯᠪᠡ᠃ ᠡᠨᠡ ᠵᠢᠯ ᠠᠴᠠ ᠨᠠᠰᠢ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠵᠡᠮᠳᠡᠭᠴᠦᠳ ᠤᠨ ᠬᠤᠯᠪᠣᠭ᠎ᠠ ᠡᠯ᠎ᠡ ᠲᠥᠷᠥᠯ ᠤᠨ ᠮᠡᠷᠭᠡᠵᠢᠯ ᠤᠨ ᠪᠣᠯᠪᠠᠰᠤᠷᠠᠯ ᠤᠨ ᠠᠩᠭᠢ ᠶᠢ 3 ᠬᠤᠭᠤᠴᠠᠭ᠎ᠠ ᠡᠷᠬᠢᠯᠡᠵᠦ᠂ ᠵᠡᠮᠳᠡᠭᠴᠦᠳ ᠵᠢᠴᠢ ᠭᠡᠷ ᠪᠦᠯᠢ ᠶᠢᠨ ᠬᠢᠨ ᠢ 70 ᠭᠠᠷᠤᠶ ᠬᠥᠮᠦᠨ ᠳᠤ ᠪᠤᠯᠪᠠᠰᠤᠷᠠᠯ ᠬᠦᠷᠳᠡᠭᠡᠪᠡ᠃ ︽ᠪᠡᠶ᠎ᠡ ᠮᠠᠬᠠᠪᠣᠳ ᠤᠨ ᠰᠢᠯᠲᠠᠭᠠᠨ ᠠᠴᠠ ᠪᠣᠯᠵᠣ᠂ ᠮᠠᠨ ᠤ ᠵᠡᠮᠳᠡᠭᠴᠦᠳ ᠠᠵᠢᠯ ᠣᠯᠬᠤ ᠳᠤ ᠮᠠᠰᠢ ᠬᠦᠴᠢᠷᠲᠡᠶ ᠪᠠᠶᠢᠨ᠎ᠠ᠃ ᠡᠶᠢᠮᠦᠷᠬᠦᠦ ᠠᠵᠢᠯ ᠣᠯᠭᠤᠯᠲᠠ ᠶᠢᠨ ᠲᠤᠰᠬᠠᠶ ᠮᠡᠷᠭᠡᠵᠢᠯ ᠤᠨ ᠤᠷ᠎ᠠ ᠴᠢᠳᠠᠪᠤᠷᠢ ᠶᠢᠨ ᠪᠣᠯᠪᠠᠰᠤᠷᠠᠭᠤᠯᠤᠯ ᠨᠢ ᠮᠠᠰᠢ ᠶᠡᠭᠡ  ᠤᠳᠬ᠎ᠠ ᠠᠭᠤᠯᠭ᠎ᠠ ᠲᠠᠢ ᠪᠠᠶᠢᠵᠤ᠂ ᠪᠢᠳᠡᠨ ᠳᠤ ᠢᠯᠡᠬᠦᠦ ᠨᠢᠭᠡ ᠵᠦᠢᠯ ᠤᠨ ᠤᠷ᠎ᠠ ᠴᠢᠳᠠᠪᠤᠷᠢ ᠶᠢ ᠰᠤᠷᠤᠯᠴᠠᠭᠤᠯᠵᠤ᠂  ᠢᠯᠡᠬᠦᠦ ᠨᠢᠭᠡ ᠬᠤᠪᠢ ᠠᠵᠢᠯ ᠣᠯᠬᠤ ᠲᠣᠬᠢᠶᠠᠯ ᠣᠯᠭᠤᠵᠤ ᠴᠢᠳᠠᠨ᠎ᠠ᠃ ᠲᠡᠷᠡᠴᠢᠯᠡᠨ ᠤᠷ᠎ᠠ ᠴᠢᠳᠠᠪᠤᠷᠢ ᠶᠢᠨ ᠪᠣᠯᠪᠠᠰᠤᠷᠠᠯ ᠳᠤ  ᠤᠷᠤᠯᠴᠠᠬᠤ ᠨᠢ ᠪᠠᠰᠠ ᠨᠠᠳᠠ ᠳᠤ ᠨᠡᠩ ᠤᠯᠠᠨ ᠨᠠᠶᠢᠵᠠ  ᠨᠦᠬᠦᠳ ᠢ ᠲᠠᠨᠢᠭᠤᠯᠵᠤ᠂ ᠨᠡᠶᠢᠭᠡᠮ ᠳᠤ ᠠᠭᠤᠰᠤᠯᠴᠠᠭᠰᠠᠨ ᠲᠦᠷᠦᠭᠳᠡᠯ ᠲᠠᠢ  ᠪᠤᠯᠭᠠᠵᠠᠢ︾  ᠭᠡᠵᠦ  ᠵᠡᠮᠳᠡᠭ  ᠬᠦᠮᠦᠨ ᠱᠢᠦᠸᠠᠢ ᠯᠦᠩ  ᠬᠡᠯᠡᠪᠡ᠃      ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠭᠤᠷᠪᠠᠳᠤᠭᠠᠷ ᠪᠥᠬᠦᠳᠡ ᠬᠤᠷᠠᠯ ᠠᠴᠠ᠂ ᠬᠥᠭᠵᠢᠯᠲᠡ ᠶᠢᠨ ᠳᠤᠮᠳᠠ ᠠᠷᠠᠳ ᠤᠨ ᠠᠮᠢᠳᠤᠷᠠᠯ ᠢ ᠪᠠᠲᠤᠯᠠᠨ ᠰᠠᠶᠢᠵᠢᠷᠠᠭᠤᠯᠬᠤ ᠪᠣᠯ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠴᠢᠬᠤᠯᠠ ᠶᠡᠭᠡ ᠡᠭᠦᠷᠭᠡ ᠮᠥᠨ᠃ ᠡᠷᠬᠡᠪᠰᠢ ᠪᠦᠬᠦ ᠴᠢᠳᠠᠯ ᠢᠶᠠᠷ ᠢᠶᠠᠨ ᠴᠢᠷᠮᠠᠶᠢᠬᠤ᠂ ᠴᠢᠳᠠᠯ ᠤᠨ ᠢᠶᠠᠨ ᠬᠢᠷᠢ ᠪᠠᠷ ᠬᠢᠬᠦ ᠶᠢ ᠪᠠᠷᠢᠮᠲᠠᠯᠠᠵᠤ᠂ ᠤᠯᠠᠨ ᠨᠡᠶᠢᠲᠡ ᠵᠢᠨ‌ᠦᠨᠳᠦᠰᠦᠨ ᠦᠢᠯᠡᠴᠢᠯᠡᠭᠡᠨ ᠤ ᠲᠦᠷᠢᠮ ᠤᠨ ᠰᠢᠰᠲ᠋ᠧᠮ ᠢ ᠲᠡᠭᠦᠯᠳᠡᠷᠵᠢᠭᠦᠯᠵᠦ᠂ ᠲᠦᠭᠡᠮᠡᠯ ᠬᠠᠷᠠᠭᠠᠯᠵᠠᠯ ᠤᠨ ᠴᠢᠨᠠᠷᠲᠠᠢ᠂ ᠦᠨᠳᠦᠰᠦᠨ ᠴᠢᠨᠠᠷᠲᠠᠢ᠂   ᠬᠠᠮᠤᠭ ᠨᠠᠭᠠᠯᠳᠤ ᠵᠠᠬ᠎ᠠ ᠶᠢ ᠪᠠᠲᠤᠯᠠᠬᠤ ᠴᠢᠨᠠᠷᠲᠠᠢ ᠠᠷᠠᠳ ᠤᠨ ᠠᠮᠢᠳᠤᠷᠠᠯ ᠤᠨ ᠪᠠᠶᠢᠭᠤᠯᠤᠯᠲᠠ ᠶᠢ ᠴᠢᠩᠭᠠᠳᠬᠠᠵᠤ᠂ ᠠᠷᠠᠳ ᠲᠦᠮᠡᠨ ᠤ ᠬᠠᠮᠤᠭ ᠠᠴᠠ ᠠᠩᠬᠠᠷᠴᠤ ᠪᠠᠶᠢᠭ᠎ᠠ ᠬᠠᠮᠤᠭ ᠤᠨ ᠰᠢᠭᠤᠳ ᠬᠠᠮᠤᠭ ᠤᠨ ᠪᠣᠳᠠᠲᠠᠢ ᠠᠰᠢᠭ ᠲᠤᠰᠠ ᠶᠢᠨ ᠠᠰᠠᠭᠤᠳᠠᠯ ᠢ ᠰᠠᠶᠢᠲᠤᠷ ᠰᠢᠢᠳᠪᠦᠷᠢᠯᠡᠵᠦ᠂ ᠠᠷᠠᠳ ᠲᠦᠮᠡᠨ ᠤ ᠰᠠᠶᠢᠨ ᠰᠠᠶᠢᠬᠠᠨ ᠠᠮᠢᠳᠤᠷᠠᠯ ᠤᠨ ᠲᠤᠬᠠᠢ ᠬᠦᠰᠡᠯ ᠡᠷᠡᠮᠡᠯᠵᠡᠯ ᠢ ᠲᠠᠰᠤᠷᠠᠯᠲᠠ ᠦᠭᠡᠢ ᠬᠠᠩᠭᠠᠬᠤ ᠬᠡᠷᠡᠭᠲᠡᠢ᠃      ᠣᠶᠢᠷ᠎ᠠ ᠶᠢᠨ ᠵᠢᠯ ᠳᠤ᠂ ᠬᠤᠰᠢᠭᠤᠨ ᠤ ᠵᠡᠮᠳᠡᠭᠴᠦᠳ ᠤᠨ ᠬᠤᠯᠪᠣᠭ᠎ᠠ ᠶᠢᠨ ᠬᠢᠨ ᠵᠡᠮᠳᠡᠭᠴᠦᠳ ᠤᠨ ᠠᠵᠢᠯ ᠣᠯᠵᠤ ᠦᠢᠯᠡᠰ  ᠪᠤᠰᠬᠠᠬᠤ ᠵᠠᠮ ᠢ ᠲᠠᠰᠤᠷᠠᠯᠲᠠ ᠥᠬᠡᠶ ᠥᠷᠭᠡᠳᠬᠡᠵᠦ᠂ ᠠᠵᠢᠯ ᠣᠯᠭᠤᠯᠲᠠ ᠶᠢᠨ ᠠᠵᠢᠯ ᠣᠯᠠᠨ ᠲᠠᠯ᠎ᠠ ᠪᠠᠷ ᠦᠷᠨᠢᠵᠦ᠂ ᠬᠢᠯᠠᠰ ᠴᠡᠭ ᠵᠠᠯᠭᠠᠭ᠎ᠠ ᠪᠠᠷ ᠢᠯᠡᠷᠡᠪᠡ᠃ ︽ᠲᠠᠷᠠᠭᠠᠴᠢ ᠶᠢᠨ ᠠᠯᠬᠤᠮ ᠳᠤ᠂ ᠳᠠᠷᠬᠠᠨ ᠮᠤᠤᠮᠢᠩᠭᠠᠨ ᠬᠤᠰᠢᠭᠤᠨ ᠤ ᠵᠡᠮᠳᠡᠭᠴᠦᠳ ᠤᠨ ᠬᠤᠯᠪᠣᠭ᠎ᠠ ᠶᠢᠨ ᠵᠡᠮᠳᠡᠭᠴᠦᠳ ᠤᠨ ᠠᠵᠢᠯ ᠣᠯᠭᠤᠯᠲᠠ ᠶᠢᠨ ᠦᠢᠯᠡᠴᠢᠯᠡᠭᠡᠨ ᠤ ᠶᠠᠰᠤ ᠴᠢᠨᠠᠷ ᠦᠷ᠎ᠡ ᠪᠦᠲᠦᠮᠵᠢ ᠶᠢ ᠲᠠᠰᠤᠷᠠᠯᠲᠠ ᠥᠬᠡᠶ ᠳᠡᠭᠡᠭᠰᠢᠯᠡᠭᠦᠯᠵᠦ᠂ ᠵᠡᠮᠳᠡᠭᠴᠦᠳ ᠤᠨ ᠠᠵᠢᠯ ᠣᠯᠭᠤᠯᠲᠠ ᠶᠢᠨ ᠲᠤᠰᠠᠯᠠᠮᠵᠢ ᠶᠢᠨ ᠠᠵᠢᠯ ᠢ ᠰᠠᠶᠢᠲᠤᠷ ᠬᠢᠵᠦ᠂ ᠠᠵᠢᠯ ᠣᠯᠭᠤᠯᠲᠠ ᠶᠢᠨ ᠰᠠᠭᠤᠷᠢᠨ ᠭᠠᠵᠠᠷ ᠤᠨ ᠲᠡᠳᠬᠦᠨ ᠳᠡᠮᠵᠢᠬᠦ ᠪᠠᠶᠢᠭᠤᠯᠤᠯᠲᠠ ᠶᠢ ᠴᠢᠩᠭᠠᠳᠬᠠᠵᠤ᠂ ᠵᠡᠮᠳᠡᠭᠴᠦᠳ ᠤᠨ ᠠᠵᠢᠯ ᠣᠯᠭᠤᠯᠲᠠ ᠶᠢᠨ ᠤᠷ᠎ᠠ ᠴᠢᠳᠠᠪᠤᠷᠢ ᠶᠢᠨ ᠪᠣᠯᠪᠠᠰᠤᠷᠠᠯ ᠢ ᠴᠢᠩᠭᠠᠳᠬᠠᠵᠤ᠂ ᠨᠠᠩ ᠣᠯᠠᠨ ᠵᠡᠮᠳᠡᠭᠴᠦᠳ ᠤᠨ ᠠᠵᠢᠯ ᠣᠯᠭᠤᠯᠲᠠ ᠶᠢᠨ ᠠᠷᠭ᠎ᠠ ᠵᠠᠮ ᠢ ᠬᠠᠶᠢᠨ ᠰᠦᠪᠡᠭᠴᠢᠯᠡᠵᠦ᠂ ᠨᠠᠩ ᠣᠯᠠᠨ ᠵᠡᠮᠳᠡᠭᠴᠦᠳ ᠤᠨ ᠠᠵᠢᠯ ᠣᠯᠭᠤᠯᠲᠠ ᠶᠢ ᠪᠡᠶᠡᠯᠡᠭᠦᠯᠬᠦ ᠶᠢ ᠠᠬᠢᠭᠤᠯᠤᠨ᠎ᠠ︾ ᠬᠡᠵᠦ ᠬᠤᠰᠢᠭᠤᠨ ᠤ ᠵᠡᠮᠳᠡᠭᠴᠦᠳ ᠤᠨ ᠬᠤᠯᠪᠣᠭ᠎ᠠ ᠶᠢᠨ ᠬᠡᠷᠡᠭ ᠡᠷᠬᠢᠯᠡᠭᠴᠢᠳ ᠤᠨ ᠳᠠᠷᠤᠭ᠎ᠠ ᠯᠢ ᠠᠢ ᠵᠢᠶᠦ᠋ᠨ  ᠢᠯᠡᠷᠭᠡᠶᠢᠯᠡᠪᠡ᠃
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号