ᠭᠡᠭᠦᠦ ᠶᠢ ᠬᠡᠭᠡᠯ ᠬᠠᠶᠠᠭᠤᠯᠳᠠᠭ ᠰᠠᠯᠮᠤᠨᠧᠯ ᠪᠠᠺᠲ᠋ᠧᠷᠢ ᠶᠢᠨ ᠡᠪᠡᠳᠴᠢᠨ ᠢ ᠰᠡᠷᠭᠡᠶᠢᠯᠡᠨ ᠬᠢᠵᠠᠭᠠᠷᠯᠠᠬᠤ  ᠮᠡᠳᠡᠯᠭᠡ ︵ᠨᠢᠭᠡ︶
ᠨᠡᠶᠢᠲᠡᠯᠡᠭᠰᠡᠨ ᠴᠠᠭ᠄
2024/8/15
      1. ᠭᠡᠭᠦᠦ ᠶᠢ ᠬᠡᠭᠡᠯ ᠬᠠᠶᠠᠭᠤᠯᠳᠠᠭ ᠰᠠᠯᠮᠤᠨᠧᠯ ᠪᠠᠺᠲ᠋ᠧᠷᠢ ᠨᠢ ᠬᠥᠮᠥᠨ ᠢ ᠨᠥᠯᠥᠭᠡᠯᠡᠵᠦ᠂ ᠬᠥᠮᠥᠰ ᠤᠨ  ᠳᠤᠮᠳᠠ ᠬᠠᠯᠳᠠᠪᠤᠷᠢᠯᠠᠳᠠᠭ ᠦᠦ︖             ᠭᠡᠭᠦᠦ ᠶᠢ ᠬᠡᠭᠡᠯ ᠬᠠᠶᠠᠭᠤᠯᠳᠠᠭ ᠰᠠᠯᠮᠤᠨᠧᠯ ᠪᠠᠺᠲ᠋ᠧᠷᠢ ᠡᠩ ᠤᠨ ᠪᠠᠶᠢᠭᠠᠯᠢ ᠶᠢᠨ ᠨᠥᠬᠦᠴᠡᠯ ᠳᠣᠣᠷ᠎ᠠ  ᠬᠥᠮᠥᠨ ᠳᠤ ᠬᠠᠯᠳᠠᠪᠤᠷᠢᠯᠠᠳᠠᠭ ᠦᠭᠡᠢ ᠪᠥᠭᠡᠳ ᠬᠥᠮᠦᠨ ᠬᠥᠮᠦᠨ ᠤ ᠳᠤᠮᠳᠠ ᠬᠠᠯᠳᠠᠪᠤᠷᠢᠯᠠᠳᠠᠭ ᠦᠭᠡᠢ᠃ ᠭᠡᠪᠡᠴᠦ  ᠪᠣᠬᠢᠷᠲᠤᠭᠰᠠᠨ ᠮᠣᠷᠢ᠂ ᠡᠯᠵᠢᠭᠡᠨ ᠤ ᠲᠦᠭᠦᠬᠡᠢ ᠮᠢᠬ᠎ᠠ ᠵᠢᠴᠢ ᠪᠤᠰᠤᠳ ᠪᠣᠬᠢᠷᠲᠤᠭᠰᠠᠨ ᠪᠦᠲᠦᠭᠡᠭᠳᠡᠬᠦᠨ ᠢ ᠠᠳᠡᠭᠦᠦ  ᠢᠳᠡᠪᠡᠯ ᠬᠥᠮᠥᠨ ᠢᠳᠡᠭᠡᠨ ᠤ ᠬᠤᠣᠷᠳᠠᠯ᠂ ᠰᠠᠭᠤᠯᠭᠠᠬᠤ ᠮᠡᠲᠦ ᠶᠢᠨ ᠪᠠᠶᠢᠳᠠᠯ ᠭᠠᠷᠴᠤ ᠮᠡᠳᠡᠨ᠎ᠡ᠃            2. ᠭᠡᠭᠦᠦ ᠶᠢ ᠬᠡᠭᠡᠯ ᠬᠠᠶᠠᠭᠤᠯᠳᠠᠭ ᠰᠠᠯᠮᠤᠨᠧᠯ ᠪᠠᠺᠲ᠋ᠧᠷᠢ ᠳᠤ ᠨᠡᠷᠪᠡᠭᠳᠡᠪᠡᠯ ᠡᠪᠡᠳᠴᠢᠯᠡᠬᠦ ᠨᠣᠷᠮ᠎ᠠ ᠪᠠ  ᠦᠬᠦᠬᠦ ᠨᠣᠷᠮ᠎ᠠ ᠨᠢ ᠥᠨᠳᠥᠷ ᠦᠦ︖             ︵1︶ ᠭᠤᠣᠯᠳᠠᠭᠤ ᠭᠡᠭᠦᠦ ᠡᠯᠵᠢᠭᠡ ᠶᠢ ᠬᠡᠭᠡᠯ ᠬᠠᠶᠠᠭᠤᠯᠵᠤ ︵20 — 100%︶᠂ ᠡᠬᠡ  ᠮᠠᠯ ᠨᠢ ᠶᠡᠷᠦ ᠳᠡᠭᠡᠨ ᠡᠮᠴᠢᠯᠡᠭᠡᠨ ᠤ ᠰᠢᠨᠵᠢ ᠲᠡᠮᠳᠡᠭ ᠦᠭᠡᠢ᠂ ᠦᠬᠦᠬᠦ ᠨᠣᠷᠮ᠎ᠠ ᠨᠢ ᠨᠡᠯᠢᠶᠡᠳ ᠳᠣᠣᠷ᠎ᠠ ᠪᠠᠶᠢᠳᠠᠭ᠃             ︵2︶ ᠨᠢᠯᠬ᠎ᠠ ᠤᠨᠠᠭ᠎ᠠ ᠳᠤᠳᠠᠷᠠᠢ ᠠᠮᠠᠷᠬᠠᠨ ᠬᠠᠯᠳᠠᠪᠤᠷᠢᠯᠠᠭᠳᠠᠵᠤ᠂ ᠬᠠᠯᠳᠠᠪᠤᠷᠢᠯᠠᠭᠰᠠᠨ ᠤ ᠳᠠᠷᠠᠭ᠎ᠠ ᠦᠶ᠎ᠡ  ᠭᠡᠰᠢᠭᠦᠨ ᠤ ᠦᠷᠪᠢᠰᠦᠯ᠂ ᠢᠳᠡᠭᠡᠲᠦ ᠬᠠᠪᠤᠳᠠᠷ ᠭᠠᠷᠬᠤ᠂ ᠡᠪᠡᠳᠴᠢᠯᠡᠬᠦ ᠨᠤᠷᠮ᠎ᠠ ᠬᠢᠭᠡᠳ ᠦᠬᠦᠬᠦ ᠨᠤᠷᠮ᠎ᠠ ᠶᠢᠨ  ᠶᠡᠭᠡ ᠪᠠᠭ᠎ᠠ ᠬᠢᠭᠡᠳ ᠰᠡᠷᠭᠡᠶᠢᠯᠡᠨ ᠵᠠᠰᠠᠬᠤ ᠠᠷᠭ᠎ᠠ ᠬᠡᠮᠵᠢᠶ᠎ᠡ ᠵᠡᠷᠭᠡ ᠨᠥᠬᠦᠴᠡᠯ ᠲᠠᠢ ᠬᠤᠯᠪᠣᠭ᠎ᠠ ᠲᠠᠢ᠂ ᠬᠦᠨᠳᠦ  ᠡᠪᠡᠳᠴᠢᠨ ᠤ ᠦᠬᠦᠬᠦ ᠨᠤᠷᠮ᠎ᠠ ᠨᠢ 10 — 30% ᠳᠤ ᠬᠦᠷᠳᠡᠭ᠃            3. ᠭᠡᠭᠦᠦ ᠶᠢ ᠬᠡᠭᠡᠯ ᠬᠠᠶᠠᠭᠤᠯᠳᠠᠭ ᠰᠠᠯᠮᠤᠨᠧᠯ ᠪᠠᠺᠲ᠋ᠧᠷᠢ ᠨᠢ ᠰᠢᠭᠤᠳ ᠬᠦᠷᠦᠯᠴᠡᠬᠦ ᠪᠠᠷ ᠳᠡᠮᠵᠢᠨ  ᠬᠠᠯᠳᠠᠪᠤᠷᠢᠯᠠᠳᠠᠭ ᠦᠦ︖            ᠡᠪᠡᠳᠴᠢᠨ ᠲᠠᠢ ᠮᠠᠯ ᠨᠢ ᠬᠡᠭᠡᠯᠲᠦᠭᠦᠯᠭᠡ ᠪᠠᠷ ᠳᠡᠮᠵᠢᠨ ᠡᠷᠡᠭᠦᠯ ᠮᠣᠷᠢ ᠡᠯᠵᠢᠭᠡᠨ ᠳᠤ ᠰᠢᠭᠤᠳ  ᠬᠠᠯᠳᠠᠪᠤᠷᠢᠯᠠᠨ᠎ᠠ᠂ ᠪᠠᠰᠠ ᠡᠷᠡᠭᠦᠯ ᠮᠣᠷᠢ ᠡᠯᠵᠢᠭᠡ ᠬᠡᠭᠡᠯ ᠬᠠᠶᠠᠭᠰᠠᠨ ᠡᠬᠡ ᠮᠠᠯ ᠪᠤᠶᠤ ᠪᠣᠬᠢᠷᠲᠤᠭᠰᠠᠨ ᠲᠡᠵᠢᠭᠡᠯ  ᠡᠪᠡᠰᠦ ᠲᠠᠢ ᠰᠢᠭᠤᠳ ᠬᠦᠷᠦᠯᠴᠡᠬᠦ ᠪᠠᠷ ᠳᠡᠮᠵᠢᠨ ᠬᠠᠯᠳᠠᠪᠤᠷᠢᠯᠠᠳᠠᠭ᠃            4. ᠴᠢᠭᠢᠭᠯᠢᠭ ᠣᠷᠴᠢᠨ ᠲᠣᠭᠤᠷᠢᠨ ᠨᠢ ᠭᠡᠭᠦᠦ ᠶᠢ ᠬᠡᠭᠡᠯ ᠬᠠᠶᠠᠭᠤᠯᠳᠠᠭ ᠰᠠᠯᠮᠤᠨᠧᠯ ᠪᠠᠺᠲ᠋ᠧᠷᠢ ᠶᠢᠨ  ᠡᠪᠡᠳᠴᠢᠨ ᠤ ᠲᠠᠷᠬᠠᠯᠲᠠ ᠳᠤ ᠠᠰᠢᠭᠲᠠᠢ ᠦᠦ︖             ᠴᠢᠭᠢᠭᠯᠢᠭ ᠣᠷᠴᠢᠨ ᠲᠣᠭᠤᠷᠢᠨ ᠨᠢ ᠭᠡᠭᠦᠦ ᠶᠢ ᠬᠡᠭᠡᠯ ᠬᠠᠶᠠᠭᠤᠯᠳᠠᠭ ᠰᠠᠯᠮᠤᠨᠧᠯ ᠪᠠᠺᠲ᠋ᠧᠷᠢ ᠶᠢᠨ ᠣᠷᠣᠰᠢᠨ  ᠠᠮᠢᠳᠤᠷᠠᠬᠤ ᠪᠠ ᠲᠠᠷᠬᠠᠬᠤ ᠳᠤ ᠠᠰᠢᠭᠲᠠᠢ ᠪᠠᠶᠢᠵᠤ᠂ ᠬᠡᠭᠡᠯ ᠬᠠᠶᠠᠪᠠᠯ ᠲᠣᠰ ᠡᠪᠡᠳᠴᠢᠨ ᠨᠢ ᠲᠣᠰ ᠲᠠᠯᠠᠪᠤᠷ ᠲᠤ  ᠲᠠᠰᠤᠷᠠᠯᠲᠠ ᠦᠭᠡᠢ ᠡᠭᠦᠰᠴᠦ ᠲᠠᠷᠬᠠᠳᠠᠭ᠃             5. ᠭᠡᠭᠦᠦ ᠶᠢ ᠬᠡᠭᠡᠯ ᠬᠠᠶᠠᠭᠤᠯᠳᠠᠭ ᠰᠠᠯᠮᠤᠨᠧᠯ ᠪᠠᠺᠲ᠋ᠧᠷᠢ ᠨᠢ ᠦᠷ᠎ᠡ ᠶᠢᠨ ᠰᠢᠩᠭᠡᠨ ᠢᠶᠠᠷ ᠳᠡᠮᠵᠢᠨ  ᠲᠠᠷᠬᠠᠳᠠᠭ ᠦᠦ︖            ᠡᠪᠡᠳᠴᠢᠨ ᠳᠤ ᠨᠡᠷᠪᠡᠭᠳᠡᠭᠰᠡᠨ ᠡᠷ᠎ᠡ ᠮᠠᠯ ᠤᠨ ᠦᠷ᠎ᠡ ᠶᠢᠨ ᠰᠢᠩᠭᠡᠨ ᠨᠢ ᠪᠠᠺᠲ᠋ᠧᠷᠢ ᠲᠠᠢ ᠪᠠᠶᠢᠵᠤ᠂  ᠠᠶᠠᠨᠳᠠᠭᠠᠨ ᠬᠡᠭᠡᠯᠲᠦᠭᠦᠯᠬᠦ ᠪᠤᠶᠤ ᠬᠥᠮᠥᠨ ᠤ ᠬᠦᠴᠦ ᠪᠠᠷ ᠬᠡᠭᠡᠯᠲᠦᠭᠦᠯᠬᠦ ᠪᠠᠷ ᠳᠡᠮᠵᠢᠨ ᠲᠠᠷᠬᠠᠳᠠᠭ᠃            6. ᠭᠡᠭᠦᠦ ᠶᠢ ᠬᠡᠭᠡᠯ ᠬᠠᠶᠠᠭᠤᠯᠳᠠᠭ ᠰᠠᠯᠮᠤᠨᠧᠯ ᠪᠠᠺᠲ᠋ᠧᠷᠢᠲᠦ ᠡᠪᠡᠳᠴᠢᠨ ᠤ ᠡᠭᠦᠰᠦᠯᠲᠡ ᠨᠢ ᠮᠣᠷᠢᠨ ᠤ  ᠲᠥᠷᠥᠯ ᠵᠦᠢᠯ ᠲᠠᠢ ᠬᠤᠯᠪᠣᠭ᠎ᠠ ᠲᠠᠢ ᠦᠦ︖            ᠭᠡᠭᠦᠦ ᠶᠢ ᠬᠡᠭᠡᠯ ᠬᠠᠶᠠᠭᠤᠯᠳᠠᠭ ᠰᠠᠯᠮᠤᠨᠧᠯ ᠪᠠᠺᠲ᠋ᠧᠷᠢᠲᠦ ᠡᠪᠡᠳᠴᠢᠨ ᠤ ᠡᠭᠦᠰᠦᠯᠲᠡ ᠨᠢ ᠮᠣᠷᠢᠨ ᠤ ᠲᠦᠷᠦᠯ  ᠵᠦᠢᠯ ᠲᠠᠢ ᠬᠠᠮᠢᠶ᠎ᠠ ᠦᠭᠡᠢ᠂ ᠪᠦᠷ ᠡᠪᠡᠳᠴᠢᠨ ᠢ ᠡᠭᠦᠰᠬᠡᠳᠡᠭ᠃         7. ᠭᠡᠭᠦᠦ ᠶᠢ ᠬᠡᠭᠡᠯ ᠬᠠᠶᠠᠭᠤᠯᠳᠠᠭ ᠰᠠᠯᠮᠤᠨᠧᠯ ᠪᠠᠺᠲ᠋ᠧᠷᠢᠲᠦ ᠡᠪᠡᠳᠴᠢᠨ ᠤ ᠸᠠᠺᠼᠢᠨ ᠨᠢ ᠪᠠᠭᠤᠷᠠᠢ  ᠬᠤᠣᠷᠠᠲᠤ ᠸᠠᠺᠼᠢᠨ ᠶᠤᠮ ᠦᠦ᠂ ᠢᠳᠡᠪᠬᠢ ᠦᠭᠡᠶᠢᠳᠡᠭᠦᠯᠬᠦ ᠸᠠᠺᠼᠢᠨ ᠶᠤᠮ ᠦᠦ︖            ᠣᠳᠣᠬᠠᠨ ᠳᠤ ᠤᠯᠤᠰ ᠤᠨ ᠳᠣᠲᠣᠭᠠᠳᠤ ᠶᠢᠨ ᠲᠠᠸᠠᠷᠴᠢᠯᠠᠭᠰᠠᠨ ᠸᠠᠺᠼᠢᠨ ᠪᠣᠯ ᠪᠠᠭᠤᠷᠠᠢ ᠬᠤᠣᠷᠠᠲᠤ  ᠸᠠᠺᠼᠢᠨ ᠪᠣᠯᠣᠨ᠎ᠠ᠂ ᠲᠠᠸᠠᠷ ᠤᠨ ᠨᠡᠷᠡᠶᠢᠳᠦᠯ ᠨᠢ᠄ ᠰᠠᠯᠮᠤᠨᠧᠯ ᠪᠠᠺᠲ᠋ᠧᠷᠢᠲᠦ ᠭᠡᠭᠦᠦ ᠶᠢ ᠬᠡᠭᠡᠯ ᠬᠠᠶᠠᠭᠤᠯᠳᠠᠭ ᠠᠮᠢᠳᠤ  ᠸᠠᠺᠼᠢᠨ ︵C355︶᠃ ᠲᠤᠰ ᠸᠠᠺᠼᠢᠨ ᠪᠣᠯ ᠳᠡᠭᠡᠷ᠎ᠡ ᠵᠠᠭᠤᠨ ᠤ ᠳᠠᠯᠠᠭᠠᠳ ᠣᠨ ᠤ ᠦᠶ᠎ᠡ ᠳᠤ ᠹᠠᠩ ᠰᠢᠶᠣᠣ  ᠸᠧᠨ ᠵᠡᠷᠭᠡ ᠰᠢᠨᠵᠢᠯᠡᠬᠦ ᠤᠬᠠᠭᠠᠨᠲᠠᠳ ᠤᠨ ᠼᠤᠤ ᠬᠦᠴᠢᠯ ᠤᠨ ᠲᠠᠯᠢ ᠪᠠᠷ ᠪᠤᠶᠢᠵᠢᠭᠤᠯᠤᠭᠰᠠᠨ ᠰᠠᠯᠮᠤᠨᠧᠯ ᠪᠠᠺᠲ᠋ᠧᠷᠢ  C355 ᠪᠠᠭᠤᠷᠠᠢ ᠬᠤᠣᠷᠠᠲᠤ ᠸᠠᠺᠼᠢᠨ ᠪᠣᠯᠣᠨ᠎ᠠ᠃ ᠣᠳᠣᠬᠠᠨ ᠤ ᠬᠢᠵᠢᠭ ᠤᠨ ᠪᠠᠶᠢᠳᠠᠯ ᠤᠨ ᠠᠰᠠᠭᠤᠳᠠᠯ ᠢ  ᠰᠢᠢᠳᠪᠦᠷᠢᠯᠡᠬᠦ ᠶᠢᠨ ᠲᠥᠯᠥᠭᠡ᠂ ᠲᠣᠰ ᠦᠢᠯᠡᠳᠬᠦᠨ ᠢ 2019 ᠣᠨ ᠳᠤ ᠨᠢᠭᠡᠨᠲᠡ ᠬᠠᠷᠪᠢᠨ ᠤ ᠮᠠᠯ ᠡᠮᠨᠡᠯᠭᠡ ᠶᠢᠨ  ᠸᠧᠢ ᠺᠧ ᠺᠣᠮᠫᠠᠨᠢ ᠳᠤ ᠦᠢᠯᠡᠳᠪᠦᠷᠢᠯᠡᠯ ᠢᠶᠠᠨ ᠰᠡᠷᠭᠦᠭᠡᠪᠡ᠃            8. ᠭᠡᠭᠦᠦ ᠶᠢ ᠬᠡᠭᠡᠯ ᠬᠠᠶᠠᠭᠤᠯᠳᠠᠭ ᠰᠠᠯᠮᠤᠨᠧᠯ ᠪᠠᠺᠲ᠋ᠧᠷᠢ ᠶᠢᠨ ᠠᠮᠢᠳᠤ ᠸᠠᠺᠼᠢᠨ ︵C355︶  ᠤ  ᠠᠶᠤᠯᠭᠦᠢ ᠴᠢᠨᠠᠷ ᠨᠢ ᠶᠠᠮᠠᠷ ᠪᠣᠶ︖            ᠲᠣᠰ ᠸᠠᠺᠼᠢᠨ ᠨᠢ ᠮᠠᠰᠢ ᠰᠠᠶᠢᠨ ᠠᠶᠤᠯᠭᠦᠢ ᠴᠢᠨᠠᠷ ᠲᠠᠢ ᠪᠠᠶᠢᠳᠠᠭ᠄            ︵1︶ ᠬᠤᠣᠷ ᠤᠨ ᠬᠦᠴᠦᠨ ᠨᠢ ᠲᠦᠢᠯ ᠤᠨ ᠪᠠᠭᠤᠷᠠᠢ ᠪᠠᠶᠢᠳᠠᠭ᠄ ᠭᠡᠭᠦᠦ ᠶᠢ ᠬᠡᠭᠡᠯ ᠬᠠᠶᠠᠭᠤᠯᠳᠠᠭ  ᠰᠠᠯᠮᠤᠨᠧᠯ ᠪᠠᠺᠲ᠋ᠧᠷᠢ ᠳᠤ ᠰᠡᠷᠭᠡᠭ ᠪᠠᠶᠢᠳᠠᠭ ᠭᠡᠷ ᠤᠨ ᠲᠠᠤᠯᠠᠢ ᠳᠤ C355 ᠰᠤᠯᠠ ᠸᠠᠺᠼᠢᠨ 50 ᠳ᠋ᠦᠩᠰᠢᠭᠤᠷ  ᠠᠮᠢᠳᠤ ᠪᠠᠺᠲ᠋ᠧᠷᠢ ᠶᠢ ᠳᠠᠷᠢᠪᠠᠯ ᠬᠡᠭᠡᠯ ᠬᠠᠶᠠᠬᠤ ᠦᠭᠡᠢ᠂ ᠬᠠᠷᠢᠨ ᠠᠩᠬᠠᠨ ᠤ 0.5 ᠳ᠋ᠦᠩᠰᠢᠭᠤᠷ ᠠᠮᠢᠳᠤ  ᠪᠠᠺᠲ᠋ᠧᠷᠢ ᠨᠢ ᠲᠤᠷᠰᠢᠯᠲᠠ ᠶᠢᠨ ᠠᠮᠢᠲᠠᠨ ᠢ 100% ᠪᠠᠷ ᠦᠬᠦᠭᠦᠯᠦᠨ᠎ᠡ᠃ ᠡᠭᠦᠨ ᠠᠴᠠ ᠠᠮᠢᠲᠠᠨ ᠳᠤ ᠠᠮᠤᠷ  ᠲᠦᠪᠰᠢᠨ ᠪᠠᠶᠢᠬᠤ ᠶᠢ ᠦᠵᠡᠵᠦ ᠭᠠᠷᠤᠨ᠎ᠠ᠃            ︵2︶ ᠪᠠᠺᠲ᠋ᠧᠷᠢ ᠶᠢᠨ ᠦᠷ᠎ᠡ ᠲᠣᠭᠲᠠᠪᠤᠷᠢᠲᠠᠢ᠂ ᠬᠤᠣᠷ ᠤᠨ ᠬᠦᠴᠦ ᠨᠢ ᠴᠢᠩᠭᠠᠷᠠᠬᠤ ᠦᠭᠡᠢ᠄ ᠡᠩ ᠤᠨ  ᠴᠠᠷᠴᠠᠮᠠᠭ ᠢ ᠵᠠᠯᠭᠠᠭ᠎ᠠ ᠪᠠᠷ 20 ᠦᠶ᠎ᠡ ᠰᠢᠯᠵᠢᠭᠦᠯᠦᠨ ᠰᠠᠭᠤᠯᠭᠠᠵᠤ᠂ ᠭᠡᠭᠦᠦ ᠶᠢ ᠬᠡᠭᠡᠯ ᠬᠠᠶᠠᠭᠤᠯᠳᠠᠭ ᠰᠠᠯᠮᠤᠨᠧᠯ  ᠪᠠᠺᠲ᠋ᠧᠷᠢ ᠳᠤ ᠰᠡᠷᠭᠡᠭ ᠪᠠᠶᠢᠳᠠᠭ ᠵᠢᠵᠢᠭ ᠴᠠᠭᠠᠨ ᠬᠤᠯᠤᠭᠠᠨ᠎ᠠ ᠪᠠ ᠬᠡᠭᠡᠯ ᠲᠠᠢ ᠲᠠᠤᠯᠠᠢ ᠶᠢᠨ ᠬᠤᠣᠷ ᠤᠨ ᠬᠦᠴᠦ ᠨᠢ  ᠲᠤᠰ ᠲᠤᠰ 5 ᠦᠶ᠎ᠡ ᠥᠩᠭᠡᠷᠡᠭᠰᠡᠨ ᠤ ᠳᠠᠷᠠᠭ᠎ᠠ᠂ ᠬᠤᠣᠷ ᠤᠨ ᠬᠦᠴᠦ ᠨᠢ ᠪᠦᠷ ᠨᠡᠮᠡᠭᠳᠡᠬᠦ ᠬᠠᠨᠳᠤᠰᠢ ᠦᠭᠡᠢ᠃            ︵3︶ ᠸᠠᠺᠼᠢᠨ ᠢ ᠲᠣᠰ ᠠᠮᠢᠲᠠᠨ ᠳᠤ ᠠᠮᠤᠷ ᠲᠦᠪᠰᠢᠨ ᠪᠠᠶᠢᠬᠤ᠄ 20 ~ 100 ᠳ᠋ᠦᠩᠰᠢᠭᠤᠷ  ᠠᠮᠢᠳᠤ ᠪᠠᠺᠲ᠋ᠧᠷᠢ ᠶᠢᠨ ᠬᠡᠮᠵᠢᠶ᠎ᠡ ᠪᠠᠷ 66 ᠭᠡᠭᠦᠦ ᠶᠢᠨ ᠪᠤᠯᠴᠢᠩ ᠳᠤᠨᠢ ᠲᠠᠷᠢᠵᠤ᠂ ᠪᠠᠰᠠ 100 ᠳ᠋ᠦᠩᠰᠢᠭᠤᠷ ᠪᠠ  200 ᠳ᠋ᠦᠩᠰᠢᠭᠤᠷ ᠠᠮᠢᠳᠤ ᠪᠠᠺᠲ᠋ᠧᠷᠢ ᠶᠢᠨ ᠬᠡᠮᠵᠢᠶ᠎ᠡ ᠪᠠᠷ 8 ᠭᠡᠭᠦᠦ ᠳᠤ ᠤᠤᠭᠤᠯᠭᠠᠨ᠎ᠠ᠂ 60 ᠡᠳᠦᠷ  ᠠᠵᠢᠭᠯᠠᠭᠰᠠᠨ ᠤ ᠳ᠋ᠦᠩ ᠳᠤ ᠪᠦᠷ ᠸᠠᠺᠼᠢᠨ ᠤ ᠡᠬᠢ ᠶᠢᠨ ᠴᠢᠨᠠᠷᠲᠠᠢ ᠬᠡᠭᠡᠯ ᠬᠠᠶᠠᠭᠰᠠᠨ ᠶᠠᠪᠤᠳᠠᠯ ᠭᠠᠷᠤᠭᠰᠠᠨ  ᠦᠭᠡᠢ᠃             9. ᠭᠡᠭᠦᠦ ᠶᠢ ᠬᠡᠭᠡᠯ ᠬᠠᠶᠠᠭᠤᠯᠳᠠᠭ ᠰᠠᠯᠮᠤᠨᠧᠯ ᠪᠠᠺᠲ᠋ᠧᠷᠢ ᠶᠢᠨ ᠠᠮᠢᠳᠤ ᠸᠠᠺᠼᠢᠨ ︵C355︶  ᠤ  ᠡᠭᠡᠯᠢᠯᠡᠭᠡ ᠶᠢᠨ ᠡᠬᠢ ᠴᠢᠨᠠᠷ ᠨᠢ ᠶᠠᠮᠠᠷ ᠪᠣᠶ︖            ︵1︶ ᠡᠭᠡᠯᠢᠯᠡᠭᠡ ᠶᠢᠨ ᠤᠭ ᠴᠢᠨᠠᠷ ᠨᠢ ᠰᠠᠶᠢᠨ᠂ ᠦᠷ᠎ᠡ ᠳ᠋ᠦᠩ ᠨᠢ ᠨᠠᠶᠢᠳᠠᠪᠤᠷᠢᠲᠠᠢ᠂ ᠲᠤᠰ ᠸᠠᠺᠼᠢᠨ ᠤ  ᠡᠭᠡᠯᠢᠯᠡᠭᠡ ᠶᠢᠨ ᠬᠠᠮᠠᠭᠠᠯᠠᠯᠲᠠ ᠶᠢᠨ ᠴᠢᠳᠠᠪᠤᠷᠢ ᠨᠢ ᠤᠯᠠᠮᠵᠢᠯᠠᠯᠲᠤ ᠢᠳᠡᠪᠬᠢ ᠦᠭᠡᠶᠢᠳᠡᠭᠦᠯᠬᠦ ᠸᠠᠺᠼᠢᠨ ᠠᠴᠠ ᠰᠠᠶᠢᠨ  ᠪᠠᠶᠢᠵᠤ᠂ ᠭᠡᠭᠦᠦ ᠶᠢ ᠬᠡᠭᠡᠯ ᠬᠠᠶᠠᠭᠤᠯᠳᠠᠭ ᠦᠭᠡᠢ᠃            ︵2︶ 1973 ᠣᠨ ᠠᠴᠠ ᠰᠡᠭᠦᠯᠡᠷ᠂ 100 ᠳ᠋ᠦᠩᠰᠢᠭᠤᠷ ᠠᠮᠢᠳᠤ ᠪᠠᠺᠲ᠋ᠧᠷᠢ ᠶᠢᠨ ᠬᠡᠮᠵᠢᠶ᠎ᠡ ᠪᠠᠷ ᠵᠢᠯ  ᠪᠦᠷᠢ 2 ᠤᠳᠠᠭ᠎ᠠ ᠡᠭᠡᠯᠢᠯᠡᠭᠡ ᠶᠢᠨ ᠲᠠᠷᠢᠯᠭ᠎ᠠ ᠬᠢᠵᠦ᠂ 7 ᠠᠳᠤᠭᠤᠨ ᠰᠦᠷᠦᠭ ᠤᠨ 357 ᠭᠡᠭᠦᠦ ᠶᠢᠨ  ᠳᠣᠲᠣᠷ᠎ᠠ ᠠᠴᠠ ᠨᠢᠭᠡ ᠴᠦ ᠰᠠᠯᠮᠤᠨᠧᠯ ᠪᠠᠺᠲ᠋ᠧᠷᠢ ᠠᠴᠠ ᠪᠣᠯᠵᠤ ᠬᠡᠭᠡᠯ ᠬᠠᠶᠠᠭᠰᠠᠨ ᠦᠭᠡᠢ᠂ 100% ᠶᠢᠨ  ᠬᠠᠮᠠᠭᠠᠯᠠᠯᠲᠠ ᠶᠢ ᠬᠦᠷᠲᠡᠪᠡ᠃ ᠬᠠᠷᠢᠨ ᠬᠠᠷᠢᠴᠠᠭᠤᠯᠤᠭᠰᠠᠨ 462 ᠮᠣᠷᠢᠨ ᠠᠴᠠ 10% ᠶᠢᠨ ᠰᠠᠯᠮᠤᠨᠧᠯ  ᠪᠠᠺᠲ᠋ᠧᠷᠢ ᠠᠴᠠ ᠪᠣᠯᠵᠤ ᠬᠡᠭᠡᠯ ᠬᠠᠶᠠᠭᠰᠠᠨ ᠪᠠᠶᠢᠨ᠎ᠠ᠃            ︵3︶ ᠶᠡᠭᠡ ᠬᠡᠮᠵᠢᠶᠡᠨ ᠤ ᠪᠣᠳᠠᠲᠠᠢ ᠬᠡᠷᠡᠭᠯᠡᠯᠲᠡ ᠶᠢᠨ ᠭᠡᠷᠡᠴᠢᠯᠡᠭᠰᠡᠨ ᠢᠶᠠᠷ᠂ ᠲᠣᠰ ᠸᠠᠺᠼᠢᠨ ᠤ  ᠡᠭᠡᠯᠢᠯᠡᠭᠡ ᠶᠢᠨ ᠬᠠᠮᠠᠭᠠᠯᠠᠯᠲᠠ ᠶᠢᠨ ᠴᠢᠳᠠᠪᠤᠷᠢ ᠨᠢ 70 — 100% ᠳᠤ ᠬᠦᠷᠴᠦ᠂ ᠬᠡᠭᠡᠯ ᠬᠠᠶᠠᠬᠤ  ᠨᠣᠷᠮ᠎ᠠ ᠶᠢ ᠢᠯᠡᠳᠲᠡ ᠪᠠᠭᠤᠷᠠᠭᠤᠯᠵᠤ᠂ ᠬᠡᠭᠡᠯ ᠬᠠᠶᠠᠬᠤ ᠨᠣᠷᠮ᠎ᠠ ᠶᠢ 30% ᠠᠴᠠ ᠳᠡᠭᠡᠭᠰᠢ ᠪᠠᠭᠤᠷᠠᠭᠤᠯᠤᠨ᠎ᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号