ᠪᠢᠴᠢᠬᠠᠨ ᠪᠦᠦᠪᠡᠢ ᠨᠠᠷ ᠤᠨ ᠲᠡᠭᠦᠰᠬᠦ ᠶᠤᠰᠤᠯᠠᠯ ᠨᠢᠵᠢᠭᠢᠷ ᠰᠠᠶᠢᠬᠠᠨ ᠶᠠᠪᠤᠭᠳᠠᠯ᠎ᠠ
ᠨᠡᠶᠢᠲᠡᠯᠡᠭᠰᠡᠨ ᠴᠠᠭ᠄
2024/7/5
      ᠦᠩᠭᠡ ᠶᠢᠨ ᠴᠡᠴᠡᠭᠡᠰ ᠠᠯᠠᠭᠯᠠᠭᠰᠠᠨ ᠲᠤᠯᠤᠭᠠᠨ ᠰᠠᠷ᠎ᠠ ᠬᠡᠳᠡᠭ ᠴᠡᠴᠡᠷᠯᠢᠭ ᠤᠨ ᠶᠡᠭᠡ ᠠᠩᠭᠢ ᠶᠢᠨ ᠬᠦᠭᠡᠷᠦᠬᠦᠨ ᠪᠦᠦᠪᠡᠢ ᠨᠠᠷ ᠤᠨ ᠮᠢᠨᠢ ᠴᠦ ᠲᠡᠭᠦᠰᠬᠦ ᠤᠯᠠᠷᠢᠯ ᠶᠤᠮ᠂ ᠲᠡᠳᠡ ᠡᠯᠢᠭᠡᠨ ᠳᠤ ᠪᠠᠨ ᠲᠡᠪᠡᠷᠢᠵᠦ ᠲᠤᠰᠤᠭᠰᠠᠨ ᠠᠩᠬᠠᠨ ᠤ ᠪᠠᠭᠰᠢ᠂ ᠠᠯᠳᠠᠨ ᠨᠠᠷᠠᠨ ᠢᠶᠠᠷ ᠢᠨᠢᠶᠡᠵᠦ  ᠤᠭᠳᠤᠳᠠᠭ ᠴᠡᠴᠡᠷᠯᠢᠭ ᠤᠨ ᠬᠦᠷᠢᠶᠡᠨ ᠠᠴᠠ  ᠪᠠᠨ ᠠᠶᠠᠷᠯᠠᠨ ᠰᠠᠯᠵᠦ᠂ ᠠᠷᠠᠳ ᠤᠨ ᠰᠤᠷᠭᠠᠭᠤᠯᠢ ᠶᠢᠨ ᠠᠯᠳᠠᠨ ᠪᠤᠱᠤᠭ᠎ᠠ ᠶᠢ ᠠᠯᠬᠤᠬᠤ ᠪᠤᠯᠤᠯ᠎ᠠ᠃7 ᠰᠠᠷ᠎ᠠ  ᠶᠢᠨ3 ᠤ ᠡᠳᠦᠷ᠂ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠨᠢᠭᠡᠳᠦᠭᠡᠷ ᠬᠡᠥᠬᠡᠳ ᠤᠨ ᠴᠡᠴᠡᠷᠯᠢᠭ ᠪᠤᠯᠤᠨ ᠭᠤᠷᠪᠠᠳᠤᠭᠠᠷ ᠬᠡᠥᠬᠡᠳ ᠤᠨ ᠴᠡᠴᠡᠷᠯᠢᠭ ᠨᠢ ᠶᠡᠭᠡ ᠠᠩᠭᠢ ᠶᠢᠨ ᠲᠡᠭᠦᠰᠬᠦ ᠪᠦᠦᠪᠡᠢ ᠨᠠᠷ ᠲᠤ ᠪᠠᠨ ᠨᠢᠵᠢᠭᠢᠷ ᠰᠠᠶᠢᠬᠠᠨ ᠲᠡᠭᠦᠰᠬᠦ ᠶᠤᠰᠤᠯᠠᠯ ᠵᠤᠬᠢᠶᠠᠨ ᠪᠠᠶᠢᠭᠤᠯᠤᠨ ᠶᠠᠪᠤᠭᠳᠠᠭᠤᠯᠤᠭᠰᠠᠨ ᠪᠠᠶᠢᠨ᠎ᠠ᠃      ᠬᠤᠶᠠᠷ ᠴᠡᠴᠡᠷᠯᠢᠭ ᠤᠨ ᠬᠢᠨ ᠬᠦᠭᠡᠷᠦᠭᠦᠨ ᠪᠦᠦᠪᠡᠢ ᠨᠠᠷ ᠲᠤ ᠪᠠᠨ ᠮᠠᠷᠳᠠᠭᠳᠠᠰᠢ ᠦᠭᠡᠢ ᠲᠡᠭᠦᠰᠬᠦ ᠮᠦᠴᠡ  ᠶᠢ ᠪᠡᠯᠡᠭᠯᠡᠨ ᠦᠭᠬᠦ ᠶᠢᠨ ᠲᠦᠯᠦᠭᠡ ᠮᠠᠰᠢ ᠶᠡᠭᠡ ᠬᠦᠳᠡᠯᠮᠦᠷᠢ ᠭᠠᠷᠭᠠᠭᠰᠠᠨ ᠪᠦᠭᠡᠳ ᠪᠢᠴᠢᠬᠠᠨ ᠪᠦᠦᠪᠡᠢ ᠨᠠᠷ ᠴᠦ ᠭᠤᠷᠪᠠᠨ ᠵᠢᠯ ᠤᠨ ᠲᠤᠷᠰᠢ ᠰᠤᠷᠴᠦ ᠡᠵᠡᠮᠰᠢᠭᠰᠡᠨ ᠤᠯᠠᠨ ᠰᠠᠶᠢᠬᠠᠨ ᠲᠠᠭᠤᠤ ᠪᠦᠵᠢᠭ ᠢᠶᠠᠷ ᠢᠶᠠᠨ ᠪᠠᠭᠰᠢ᠂ ᠭᠡᠢ ᠤᠨ ᠠᠬᠠᠮᠠᠳ ᠲᠤ ᠪᠠᠨ ᠬᠠᠷᠢᠭᠤ ᠪᠡᠯᠡᠭ ᠪᠤᠯᠭᠠᠨ ᠡᠷᠭᠦᠨ ᠪᠠᠷᠢᠵᠦ ᠬᠡᠥᠬᠡᠳ ᠪᠦᠬᠦᠨ ᠤ ᠰᠡᠳᠬᠢᠯ ᠳᠤ ᠮᠠᠷᠳᠠᠭᠳᠠᠰᠢ ᠦᠭᠡᠢ ᠲᠡᠭᠦᠰᠬᠦ ᠮᠦᠴᠡ ᠪᠤᠯᠤᠨ ᠲᠡᠮᠳᠡᠭᠯᠡᠭᠳᠡᠭᠰᠡᠨ ᠪᠠᠶᠢᠨ᠎ᠠ᠃
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号