︽ᠣᠯᠣᠰ ᠤᠨ ᠬᠡᠥᠬᠡᠳ︾ ᠣᠶᠠᠩᠭ᠎ᠠ ᠬᠠᠶᠢᠷ᠎ᠠ ᠶᠢᠨ ᠡᠬᠡᠰᠢᠭ ᠢᠶᠠᠷ ᠲᠠᠯ᠎ᠠ ᠨᠤᠳᠤᠭ ᠢᠶᠠᠨ ᠲᠠᠭᠤᠯᠠᠵᠦ ᠪᠠᠶᠢᠨ᠎ᠠ
ᠨᠡᠶᠢᠲᠡᠯᠡᠭᠰᠡᠨ ᠴᠠᠭ᠄
2024/7/12
      ᠡᠵᠢ ᠶᠢᠨ ᠪᠦᠦᠪᠡᠢ ᠲᠠᠢ ᠬᠤᠷᠸ᠎ᠠ ᠠᠮᠤᠭᠤᠯᠠᠩ ᠬᠡᠳᠡᠭᠴᠢᠯᠡᠨ20 ᠳ᠋ᠣᠭᠠᠷ ᠵᠠᠭᠤᠨ ᠤ ᠲᠠᠪᠢᠭᠠᠳ ᠤᠨ ᠤ ᠰᠡᠭᠦᠯᠴᠢ᠂ ᠵᠢᠷᠠᠭᠠᠳ ᠤᠨ ᠤ ᠡᠬᠢ ᠪᠠᠷ ᠦᠪᠦᠷ ᠮᠤᠩᠭᠤᠯ ᠳᠤ ᠪᠤᠯᠤᠭᠰᠠᠨ ︽ᠭᠤᠷᠪᠠᠨ ᠮᠢᠩᠭᠠᠨ ᠦᠨᠦᠴᠢᠨ ᠬᠡᠥᠬᠡᠳ ᠢ ᠦᠷᠡᠴᠢᠯᠡᠨ ᠲᠡᠵᠢᠭᠡᠭᠰᠡᠨ︾ ᠢᠷᠠᠭᠤ ᠲᠠᠭᠤᠯᠠᠯ ᠨᠢ ᠠᠯᠢ ᠴᠠᠭ ᠦᠶ᠎ᠡ ᠳᠤ ᠴᠦ ᠬᠦᠮᠦᠨ ᠤ ᠰᠡᠳᠬᠢᠯ ᠢ ᠤᠶᠠᠷᠠᠭᠤᠯᠤᠨ ᠲᠤᠭᠳᠣᠯᠠᠭᠤᠯᠳᠠᠭ ᠪᠢᠯᠡ᠃ ᠡᠨᠡᠬᠦ ᠦᠢᠯᠡ ᠠᠵᠢᠯᠯᠠᠭ᠎ᠠ ᠳᠤ ᠮᠠᠨ ᠤ ᠨᠤᠳᠤᠭ ᠤᠨ ᠮᠠᠯᠴᠢᠨ ᠲᠦᠮᠡᠨ ᠴᠦ ᠨᠠᠮ ᠵᠠᠰᠠᠭ ᠤᠨ ᠢᠶᠠᠨ ᠤᠷᠢᠶᠠᠯᠠᠭ᠎ᠠ ᠪᠠᠷ ᠢᠳᠡᠪᠬᠢᠯᠡᠨ ᠤᠷᠤᠯᠴᠠᠵᠦ᠂40 ᠭᠠᠷᠤᠢ ︽ᠤᠯᠤᠰ ᠤᠨ ᠬᠡᠥᠬᠡᠳ︾  ᠢ ᠡᠷᠭᠦᠨ ᠲᠤᠰᠴᠦ᠂ ᠡᠵᠢ ᠠᠪᠤ ᠡᠬᠡ ᠨᠤᠳᠤᠭ ᠲᠠᠢ ᠪᠤᠯᠭᠠᠨ᠂ ᠡᠳᠦᠬᠡ ᠪᠤᠯᠳᠠᠯ᠎ᠠ ᠡᠳᠡᠭᠡᠷ ︽ᠤᠯᠤᠰ ᠤᠨ ᠬᠡᠥᠬᠡᠳ ︾ ᠤᠳ ᠮᠠᠨᠢ ᠡᠬᠡ ᠤᠯᠤᠰ ᠤᠨ ᠢᠶᠠᠨ ᠡᠯᠢᠭᠡᠨ ᠳᠤ ᠠᠮᠤᠷ ᠲᠠᠶᠢᠪᠤᠩ᠂ ᠠᠵᠠ ᠵᠢᠷᠭᠠᠯ ᠲᠠᠢ ᠠᠮᠳᠤᠷᠠᠭᠰᠠᠭᠠᠷ ᠪᠠᠶᠢᠨ᠎ᠠ᠃     ︽ᠢᠷᠦᠭᠡᠯ ᠲᠠᠢ ᠳᠤ ᠪᠠᠨ ᠤᠴᠠᠷᠠᠵᠦ᠂ ᠢᠷᠤᠭᠠᠷ ᠲᠠᠢ ᠳᠤ ᠪᠠᠨ ᠲᠤᠭᠳᠠᠳᠠᠭ︾᠂ ᠵᠢᠷᠠᠭᠠᠳ ᠵᠢᠯ ᠤᠨ ᠡᠮᠦᠨᠡᠬᠢ ᠤᠨ ᠴᠠᠭ ᠢ ᠡᠷᠬᠢᠨ ᠰᠠᠨᠠᠬᠤ ᠳᠤ ᠱᠠᠩᠬᠠᠢ ᠬᠤᠳᠠ ᠠᠴᠠ ᠦᠨᠦᠴᠢᠨ ᠬᠡᠥᠬᠡᠳ ᠤᠳ ᠢ ᠬᠦᠷᠭᠡᠵᠦ ᠢᠷᠡᠬᠦ ᠭᠠᠯᠳᠦ ᠲᠡᠷᠭᠡᠨ ᠳᠤ ᠨᠠᠢᠮᠠᠨ ᠰᠠᠷ᠎ᠠ ᠲᠠᠢ ᠪᠢᠴᠢᠬᠠᠨ ᠦᠬᠢᠨ ᠢᠷᠡᠭᠰᠡᠨ ᠨᠢ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠡᠷᠳᠡᠨᠢᠤᠪᠤᠭ᠎ᠠ ᠰᠤᠮᠤᠨ ᠤ ᠠᠯᠳ᠋ᠬᠤᠳᠤ ᠪᠠᠷᠢᠭᠠᠳᠠ ᠪᠦᠰᠡᠭᠦᠢ ᠳ᠋ᠠᠮᠰᠠᠷᠠᠩ᠂ ᠴᠢᠯᠦᠭᠡᠯᠡᠬᠦ ᠴᠡᠷᠢᠭ ᠠᠴᠠ ᠬᠠᠯᠠᠭᠳᠠᠭᠰᠠᠨ ᠠᠪᠠᠭ᠎ᠠ ᠨᠤᠳᠤᠭ ᠤᠨ ᠤᠤᠭᠠᠯ᠂ ᠷᠠᠮᠢᠳ ᠬᠤᠶᠠᠷ ᠤᠨ ᠦᠷ᠎ᠡ ᠶᠢᠨ ᠭᠠᠭᠴᠠ ᠦᠬᠢᠨ ᠨᠢ ᠪᠤᠯᠤᠭᠰᠠᠨ ᠪᠢᠯᠡ᠃ ᠡᠵᠢ ᠠᠪᠤ ᠶᠢᠨ ᠢᠶᠠᠨ ᠡᠯᠢᠭᠡ ᠪᠦᠳᠦᠨ ᠬᠠᠶᠢᠷ᠎ᠠ ᠪᠠᠷ ᠰᠤᠪᠤᠳ ᠤᠨ ᠪᠠᠭ᠎ᠠ ᠨᠠᠰᠤ ᠪᠠᠶᠠᠷ ᠵᠢᠷᠭᠠᠯ ᠤᠨ ᠲᠤᠮᠳᠠ ᠦᠰᠦᠨ ᠲᠤᠷᠨᠢᠵᠦ᠂ ᠠᠪᠤ ᠡᠵᠢ᠂ ᠠᠬᠠᠮᠠᠳ ᠪᠤᠭᠤᠷᠤᠯ ᠤᠨ ᠢᠶᠠᠨ ᠰᠤᠷᠭᠠᠯ ᠢᠶᠠᠷ ᠬᠦᠮᠦᠨ ᠳᠤ ᠲᠤᠰᠠᠳᠠᠢ᠂ ᠴᠢᠷᠮᠠᠶᠢᠯᠭ᠎ᠠ ᠵᠤᠷᠢᠭ ᠲᠠᠢ ᠰᠠᠶᠢᠨ ᠬᠦᠮᠦᠨ ᠪᠤᠯᠤᠨ ᠬᠦᠮᠦᠵᠢᠭᠳᠡᠵᠦ᠂ ᠤᠳᠤ ᠪᠤᠯᠬᠤ ᠳᠤ ᠵᠢᠷᠠ ᠶᠢᠨ ᠲᠠᠪᠠᠭ᠎ᠠ ᠲᠠᠪᠠᠨ᠂ ᠦᠨᠢᠷ ᠦᠳᠭᠡᠨ ᠭᠡᠷ ᠪᠦᠯᠢ ᠪᠠᠷ ᠢᠶᠠᠨ ᠠᠵᠠ ᠵᠢᠷᠭᠠᠯᠳᠠᠢ ᠠᠮᠢᠳᠤᠷᠠᠵᠦ ᠪᠠᠶᠢᠨ᠎ᠠ᠃      ᠦᠰᠭᠡᠵᠦ ᠬᠦᠮᠦᠵᠢᠭᠦᠯᠦᠭᠰᠡᠨ ᠡᠵᠢ ᠠᠪᠤ᠂ ᠡᠬᠡ ᠨᠤᠳᠤᠭ ᠤᠨ ᠢᠶᠠᠨ ᠲᠤᠬᠠᠢ ᠶᠠᠷᠢᠬᠤ ᠳᠤ ᠰᠤᠪᠤᠳ ᠭᠤᠸᠠᠢ ᠨᠢᠳᠦ ᠲᠦᠭᠦᠷᠡᠩ ᠨᠢᠯᠪᠤᠰᠤ ᠮᠡᠯᠳᠡᠭᠡᠯᠡᠭᠦᠯᠵᠦ᠂ ᠲᠡᠭᠦᠨ ᠢ ᠬᠠᠶᠢᠷᠠᠯᠠᠨ ᠦᠰᠭᠡᠭᠰᠡᠨ ᠠᠪᠤ ᠡᠵᠢ᠂ ᠴᠠᠶᠢᠯᠭᠠᠨ ᠰᠡᠳᠭᠢᠯ ᠲᠠᠢ ᠲᠠᠯ᠎ᠠ ᠨᠤᠳᠤᠭ ᠤᠨ ᠠᠷᠠᠳ ᠲᠦᠮᠡᠨ ᠳᠡᠭᠡᠨ ᠪᠠᠶᠠᠷᠯᠠᠨ ᠲᠠᠯᠠᠷᠬᠠᠵᠦ ᠶᠠᠪᠤᠳᠠᠭ ᠢᠶᠠᠨ ᠠᠬᠢᠨ ᠲᠠᠬᠢᠨ ᠬᠡᠯᠡᠵᠦ ᠪᠠᠶᠢᠯ᠎ᠠ᠃ ᠪᠠᠭ᠎ᠠ ᠵᠠᠯᠠᠭᠤ ᠠᠴᠠ ᠪᠠᠨ ᠲᠠᠭᠤᠤ ᠪᠦᠵᠢᠭ ᠲᠤ ᠠᠪᠢᠶᠠᠰ ᠲᠠᠢ ᠲᠡᠷᠡ ᠪᠠᠷ2019 ᠤᠨ ᠳᠤ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠨᠠᠰᠤᠳᠠᠶᠢᠴᠤᠳ ᠤᠨ ᠪᠦᠯᠬᠦᠮ ᠢ ᠬᠠᠷᠢᠭᠤᠴᠠᠵᠦ ᠡᠬᠢᠯᠡᠭᠰᠡᠨ  ᠠᠴᠠ ᠪᠠᠨ ᠬᠤᠶᠢᠰᠢ ᠦᠪᠡᠷ ᠢᠶᠠᠨ ᠨᠢᠭᠡ ᠵᠦᠴᠦᠭᠡ ᠵᠤᠬᠢᠶᠠᠵᠦ᠂ ᠦᠰᠭᠡᠵᠦ ᠬᠦᠮᠦᠵᠢᠭᠦᠯᠦᠭᠰᠡᠨ ᠦᠯᠦᠭᠡᠢ ᠨᠤᠳᠤᠭ  ᠤᠨ ᠢᠶᠠᠨ ᠬᠦᠮᠦᠨ ᠠᠷᠠᠳ ᠢ ᠮᠠᠭᠳᠠᠨ ᠲᠠᠭᠤᠯᠠᠶ᠎ᠠ ᠬᠡᠰᠡᠨ ᠪᠤᠳᠤᠯ ᠡᠪᠦᠷᠯᠡᠵᠦ᠂ ︽ᠠᠯᠤᠰ ᠲᠤ ᠰᠠᠭᠤᠭ᠎ᠠ ᠡᠵᠢ︾ ᠵᠦᠴᠦᠭᠡ ᠪᠠᠨ ᠤᠷᠠᠯᠠᠨ ᠪᠦᠳᠦᠭᠡᠭᠰᠡᠨ ᠪᠠᠶᠢᠨ᠎ᠠ᠃ ᠲᠤᠰ ᠵᠦᠴᠦᠭᠡᠨ ᠳᠤ ᠪᠠᠨ ᠲᠤᠬᠠᠢ ᠶᠢᠨ ᠦᠶ᠎ᠡ ᠶᠢᠨ ᠡᠷᠭᠦᠭᠳᠡᠵᠦ ᠢᠷᠡᠭᠰᠡᠨ ᠤᠨ ᠴᠠᠭ ᠤᠨ ᠲᠦᠷᠢ ᠵᠢᠷᠤᠭ ᠠᠴᠠ ᠡᠬᠢᠯᠡᠨ᠂ ᠡᠷᠭᠦᠭᠳᠡᠵᠦ ᠲᠡᠵᠢᠭᠡᠭᠳᠡᠭᠰᠡᠨ᠂ ᠰᠤᠷᠭᠠᠭᠤᠯᠢ  ᠳᠤ ᠶᠠᠪᠤᠭᠰᠠᠨ᠂ ᠦᠰᠴᠦ ᠲᠤᠮᠤ ᠪᠤᠯᠤᠭᠰᠠᠨ᠂ ᠠᠶᠢᠯ ᠭᠡᠷ ᠪᠤᠯᠵᠦ ᠦᠷ᠎ᠡ ᠬᠡᠥᠬᠡᠳ ᠲᠠᠢ ᠪᠤᠯᠤᠭᠰᠠᠨ᠂ ᠡᠷᠭᠦᠭᠰᠡᠨ ᠡᠵᠢ ᠨᠢ ᠦᠳᠡᠯᠵᠦ ᠨᠠᠰᠤ ᠪᠠᠷᠠᠭᠰᠠᠨ᠂᠂᠂᠂᠂᠂ ᠤᠯᠠᠨ ᠤᠯᠠᠨ ᠰᠡᠳᠬᠢᠯ ᠬᠦᠳᠡᠯᠭᠡᠮ᠎ᠡ ᠲᠦᠷᠢ ᠵᠢᠷᠤᠭ ᠢᠶᠠᠨ ᠪᠦᠯᠬᠦᠮ ᠤᠨ ᠤᠯᠠᠨ ᠲᠠᠢ ᠪᠠᠨ ᠲᠤᠭᠯᠠᠨ ᠪᠦᠳᠦᠭᠡᠵᠦ᠂ ᠬᠤᠶᠠᠳᠠᠭᠴᠢ ᠠᠮᠢ ᠨᠠᠰᠤ ᠤᠯᠭᠤᠭᠰᠠᠨ ᠨᠤᠳᠤᠭ ᠤᠰᠤᠨ  ᠳᠤ ᠪᠠᠨ ᠪᠠᠶᠠᠷᠯᠠᠨ ᠲᠠᠯᠠᠷᠬᠠᠵᠦ᠂ ᠣᠳᠣ ᠶᠢᠨ ᠠᠵᠠ ᠵᠢᠷᠭᠠᠯᠳᠤ ᠠᠮᠢᠳᠤᠷᠠᠯ ᠢᠶᠠᠨ ᠮᠠᠭᠳᠠᠨ ᠲᠠᠭᠤᠯᠠᠵᠠᠢ᠃ ᠰᠤᠪᠤᠳ ᠭᠤᠸᠠᠢ ᠲᠤᠰ ᠵᠦᠴᠦᠭᠡ ᠪᠠᠨ ᠲᠤᠭᠯᠠᠬᠤ ᠳᠤ ᠲᠤᠰᠬᠠᠶᠢᠯᠠᠨ ︽ᠤᠯᠤᠰ ᠤᠨ ᠬᠡᠥᠬᠡᠳ︾ ᠢᠶᠠᠨ ᠤᠷᠢᠨ ᠤᠷᠤᠯᠴᠠᠭᠤᠯᠵᠦ᠂ ᠬᠤᠷᠢᠭᠠᠳ ᠲᠤᠭᠯᠠᠭᠴᠢ ᠶᠢᠨ ᠲᠤᠳᠤᠷ᠎ᠠ ᠲᠦᠷᠪᠡᠨ ︽ᠤᠯᠤᠰ ᠤᠨ ᠬᠡᠥᠬᠡᠳ︾  ᠤᠨ ᠬᠤᠶᠠᠳᠤᠭᠠᠷ ᠦᠶ᠎ᠡ᠂ ᠬᠤᠶᠠᠷ ᠤᠮᠪᠤᠯᠤ ᠦᠬᠢᠨ ᠨᠢ ᠪᠠᠶᠢᠵᠦ᠂ ᠡᠳᠡᠭᠡᠷ ︽ᠤᠨᠴᠠᠭᠠᠢ︾ ᠲᠤᠭᠯᠠᠭᠴᠢᠳ ᠵᠦᠴᠦᠭᠡ  ᠶᠢᠨ ᠤᠳᠬ᠎ᠠ ᠰᠠᠨᠠᠭ᠎ᠠ ᠶᠢ ᠨᠡᠩ ᠦᠨᠡᠨ ᠪᠤᠳᠠᠳᠠᠢ᠂ ᠰᠡᠳᠬᠢᠯ ᠬᠦᠳᠡᠯᠭᠡᠮ᠎ᠡ ᠪᠤᠯᠭᠠᠭᠰᠠᠨ ᠪᠠᠶᠢᠨ᠎ᠠ᠃       ᠰᠤᠪᠤᠳ ᠪᠤᠯ ︽ᠤᠯᠤᠰ ᠤᠨ ᠬᠡᠥᠬᠡᠳ︾ ᠤᠨ ᠲᠦᠯᠦᠭᠡᠯᠡᠯ ᠮᠦᠨ᠃ ᠦᠪᠦᠷ ᠮᠤᠩᠭᠤᠯ ᠳᠤ ᠡᠷᠭᠦᠭᠳᠡᠵᠦ ᠢᠷᠡᠭᠰᠡᠨ ᠭᠤᠷᠪᠠᠨ ᠮᠢᠩᠭᠠᠨ ᠦᠨᠦᠴᠢᠨ ᠬᠡᠥᠬᠡᠳ ᠤᠨ ᠨᠢᠭᠡ ᠨᠠᠰᠤᠨ ᠤ ᠠᠮᠢᠳᠤᠷᠠᠯ ᠵᠢᠳᠭᠦᠯ ᠨᠦ᠋ ᠦᠪᠦᠷ ᠮᠤᠩᠭᠤᠯ ᠤᠨ ᠲᠠᠯ᠎ᠠ ᠨᠤᠳᠤᠭ ᠲᠤ ᠬᠠᠶᠢᠷ᠎ᠠ ᠪᠢᠯᠬᠠᠮ᠎ᠠ ᠦᠨᠳᠦᠰᠦᠳᠡᠨ ᠤ ᠪᠦᠯᠬᠦᠮᠳᠡᠯ ᠤᠨ ᠢᠷᠠᠭᠤ ᠡᠭᠡᠰᠢᠭᠯᠡᠩ ᠢ ᠪᠦᠳᠦᠭᠡᠭᠰᠡᠨ ᠶᠤᠮ᠂ ᠤᠨ ᠰᠠᠷ᠎ᠠ ᠶᠢᠨ ᠬᠦᠷᠳᠦ ᠨᠠᠮᠤᠭᠤᠬᠠᠨ ᠡᠷᠬᠢᠵᠦ᠂ ᠵᠢᠷᠠᠭᠠᠳ ᠵᠢᠯ ᠤᠨ ᠡᠮᠦᠨ᠎ᠡ ᠡᠭᠦᠰᠦᠭᠰᠡᠨ ᠡᠨᠡᠬᠦ ᠦᠢᠯᠡ ᠶᠠᠪᠤᠳᠠᠯ ᠨᠢ ᠠᠭᠠᠵᠢᠮ ᠢᠶᠠᠷ ᠲᠡᠥᠬᠡ ᠪᠤᠯᠤᠨ ᠦᠯᠡᠳᠡᠵᠦ᠂ ᠦᠨᠦᠳᠦᠷ ᠪᠢᠳᠡ ᠡᠨᠡ ᠬᠦ ᠵᠦᠴᠦᠭᠡ ᠪᠠᠷ ᠲᠤᠬᠠᠢ ᠶᠢᠨ ᠦᠶ᠎ᠡ ᠶᠢᠨ ᠦᠨᠡᠨ ᠪᠤᠳᠠᠳᠦ ᠦᠯᠢᠭᠡᠷ ᠢ ᠲᠠᠬᠢᠨᠳᠠ ᠡᠷᠬᠢᠴᠡᠭᠦᠯᠬᠦ ᠳᠤ᠂ ᠲᠠᠯ᠎ᠠ ᠨᠤᠳᠤᠭ ᠤᠨ ᠠᠪᠤ ᠡᠵᠢ ᠶᠢᠨ ᠠᠭᠤᠤ ᠬᠠᠶᠢᠷ᠎ᠠ ᠡᠳᠡᠭᠡᠷ ᠬᠡᠥᠬᠡᠳ ᠨᠤᠭᠤᠳ ᠲᠤ ᠠᠮᠢ ᠨᠠᠰᠣᠨ ᠤ ᠭᠡᠷᠡᠯ ᠭᠡᠭᠡ ᠤᠯᠭᠤᠨ᠂ ︽ᠲᠤᠮᠳᠠᠳᠦ  ᠶᠢᠨ ᠦᠨᠳᠦᠰᠦᠳᠡᠨ ᠨᠢᠭᠡ ᠭᠡᠷ ᠮᠡᠳᠦ ᠲᠤᠳᠤᠨᠤ ᠪᠠᠶᠢᠵᠦ᠂ ᠰᠡᠳᠬᠢᠯ ᠢᠶᠠᠨ ᠨᠢᠭᠡᠳᠭᠡᠨ ᠲᠤᠮᠳᠠᠳᠦ ᠶᠢᠨ ᠵᠡᠭᠦᠳᠦ ᠶᠢ ᠬᠠᠮᠳᠤᠪᠠᠷ ᠲᠡᠷᠭᠡᠯᠰᠢᠭᠦᠯᠬᠦ︾ ᠦᠨᠳᠦᠰᠦᠳᠡᠨ ᠤ ᠶᠡᠭᠡ ᠪᠦᠯᠬᠦᠮᠳᠡᠯ ᠤᠨ ᠮᠠᠭᠳᠠᠭᠠᠯ ᠲᠠᠭᠤᠤ ᠶᠢ ᠦᠨᠡᠨ ᠪᠤᠳᠠᠳᠠᠢ  ᠪᠠᠷ ᠪᠢᠴᠢᠭᠯᠡᠭᠰᠡᠨ ᠪᠠᠶᠢᠨ᠎ᠠ᠃
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号