ᠠᠷᠠᠳ ᠤᠯᠠᠨ ᠤ ᠰᠤᠶᠤᠯ ᠤᠨ ᠬᠦᠨᠡᠰᠤ —— ᠬᠤᠭᠤᠷ ᠤᠨ ᠦᠯᠢᠬᠡᠷ
ᠨᠡᠶᠢᠲᠡᠯᠡᠭᠰᠡᠨ ᠴᠠᠭ᠄
2024/6/12
   
     ᠬᠤᠭᠤᠷ ᠤᠨ ᠦᠯᠢᠬᠡᠷ ᠪᠤᠯ ᠲᠤᠮᠳᠠᠳᠤ ᠶᠢᠨ ᠰᠢᠯᠢᠳᠡᠭ ᠲᠠᠭᠤᠤᠷᠢᠯᠢᠭ ᠤᠷᠠᠯᠢᠭ ᠤᠨ ᠴᠢᠬᠤᠯᠠ ᠪᠦᠷᠢᠯᠳᠦᠬᠦᠨ ᠬᠡᠰᠡᠭ ᠮᠦᠨ ᠪᠦᠭᠡᠳ ᠮᠤᠩᠭᠤᠯ  ᠦᠨᠳᠦᠰᠦᠳᠡᠨ   ᠤ  ᠤᠷᠳᠤ  ᠤᠳᠠᠭᠠᠨ  ᠲᠡᠤᠬᠡᠨ  ᠬᠦᠭᠵᠢᠯᠳᠡ   ᠶᠢᠨ  ᠶᠠᠪᠤᠴᠠ   ᠳᠤ  ᠡᠬᠦᠳᠦᠨ ᠪᠦᠳᠦᠭᠡᠭᠳᠡᠭᠰᠡᠨ ᠤᠷᠤᠨ ᠨᠤᠳᠤᠭ ᠤᠨ ᠤᠨᠴᠠᠯᠢᠭ ᠢᠶᠠᠷ ᠲᠤᠪᠤᠶᠢᠮ᠎ᠠ ᠲᠠᠭᠤᠤᠷᠢᠯᠢᠭ ᠤᠷᠠᠯᠢᠭ ᠪᠤᠯᠬᠤ ᠪᠦᠭᠡᠳ ᠲᠠᠯ᠎ᠠ ᠨᠤᠳᠤᠭ ᠤᠨ ᠠᠷᠠᠳ ᠲᠦᠮᠡᠨ ᠤ ᠰᠤᠶᠤᠯ ᠤᠨ ᠠᠮᠢᠳᠦᠷᠠᠯ ᠳᠤ ᠲᠤᠳᠠᠬᠳᠠᠵᠦ ᠪᠤᠯᠤᠰᠢ ᠦᠬᠡᠢ ᠨᠢᠬᠡᠨ ᠪᠤᠳᠠ ᠴᠡᠴᠡᠭ ᠪᠤᠯᠵᠦ ᠬᠦᠭᠵᠢᠭᠰᠡᠨ ᠪᠠᠶᠢᠨ᠎ᠠ᠃  2006 ᠤᠨ ᠳᠤ᠂ ᠲᠦᠷᠦ ᠶᠢᠨ ᠶᠠᠪᠤᠳᠠᠯ ᠤᠨ ᠬᠤᠷᠢᠶᠠᠨ   ᠠᠴᠠ  ᠬᠤᠭᠤᠷ   ᠤᠨ  ᠦᠯᠢᠬᠡᠷ   ᠢ  ᠠᠩᠬᠠᠳᠤᠭᠠᠷ ᠬᠤᠭᠤᠴᠠᠭᠠᠨ ᠤ ᠤᠯᠤᠰ ᠤᠨ ᠲᠡᠰ ᠤᠨ ᠪᠤᠳᠠᠰ ᠤᠨ ᠪᠤᠰᠤ  ᠰᠤᠶᠤᠯ   ᠤᠨ ᠦᠪ   ᠲᠤ  ᠵᠢᠬᠰᠠᠭᠠᠪᠠ᠃  ᠬᠤᠷᠴᠢᠨ  ᠪᠠᠷᠠᠭᠤᠨ ᠭᠠᠷᠦᠨ‌‍ᠲ᠋ᠤᠮᠳᠠᠳᠤ ᠬᠤᠰᠢᠭᠤᠨ ᠠᠴᠠ ᠮᠦᠩᠬᠦᠨ᠊ᠭᠤᠤᠯᠳᠤ᠂ ᠪᠦᠷᠢᠨᠪᠠᠶᠠᠷ᠂ ᠰᠢᠷᠠᠪ᠂  ᠡᠷᠳᠡᠨᠢᠵᠢᠷᠦᠬᠡ  ᠵᠡᠷᠭᠡ  ᠤᠯᠠᠨ  ᠠᠯᠳᠠᠷᠳᠤ ᠬᠤᠭᠤᠷᠴᠢ ᠴᠤᠯᠭᠤᠷᠠᠨ ᠭᠠᠷᠤᠬᠰᠠᠨ ᠶᠤᠮ᠃ ᠬᠤᠭᠤᠷ ᠤᠨ ᠦᠯᠢᠬᠡᠷ ᠤᠨ ᠰᠤᠶᠤᠯ ᠤᠨ ᠬᠦᠷᠦᠰᠦ ᠬᠦᠨ  ᠵᠤᠵᠠᠭᠠᠨ ᠬᠤᠷᠴᠢᠨ ᠪᠠᠷᠠᠭᠤᠨ ᠭᠠᠷᠦᠨ ᠲᠤᠮᠳᠠᠳᠤ ᠬᠤᠰᠢᠭᠤ ᠨᠢ1995 ᠤᠨ ᠳᠤ ᠦᠪᠦᠷ ᠮᠤᠩᠭᠤᠯ   ᠤᠨ  ᠦᠪᠡᠷᠳᠡᠬᠡᠨ  ᠵᠠᠰᠠᠬᠤ  ᠤᠷᠤᠨ   ᠤ ᠰᠤᠶᠤᠯ ᠤᠨ ᠲᠢᠩᠬᠢᠮ ᠠᠴᠠ ᠨᠡᠷᠡᠯᠡᠭᠰᠡᠨ ︽ᠲᠤᠮᠳᠠᠳᠤ ᠤᠯᠤᠰ ᠤᠨ ᠠᠷᠠᠳ  ᠤᠨ ᠲᠤᠮᠳᠠᠬᠢ ᠰᠤᠶᠤᠯ ᠤᠷᠠᠯᠢᠭ ᠤᠨ ᠨᠤᠳᠤᠭ︾᠂2007 ᠤᠨ ᠳᠤ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ   ᠤ  ᠤᠳᠬ᠎ᠠ  ᠤᠷᠠᠯᠢᠭ   ᠤᠨ  ᠬᠤᠯᠪᠤᠭ᠎ᠠ   ᠠᠴᠠ ᠨᠡᠷᠡᠶᠢᠳᠦᠭᠰᠡᠨ ︽ᠦᠯᠢᠬᠡᠷ ᠤᠨ ᠨᠤᠳᠤᠭ︾᠂ 2008 ᠤᠨ ᠳᠤ ᠤᠯᠤᠰ ᠤᠨ  ᠰᠤᠶᠤᠯ   ᠤᠨ  ᠶᠠᠮᠦᠨ   ᠠᠴᠠ  ︽ᠲᠤᠮᠳᠠᠳᠤ ᠤᠯᠤᠰ ᠤᠨ ᠠᠷᠠᠳ ᠤᠨ ᠲᠤᠮᠳᠠᠬᠢ ᠰᠤᠶᠤᠯ ᠤᠷᠠᠯᠢᠭ ᠤᠨ ᠨᠤᠳᠤᠭ︾ ᠢᠶᠠᠷ ᠨᠡᠷᠡᠶᠢᠳᠦᠭᠳᠡᠪᠡ᠃              ᠬᠤᠷᠴᠢᠨ ᠪᠠᠷᠠᠭᠤᠨ ᠭᠠᠷᠦᠨ ᠲᠤᠮᠳᠠᠳᠤ ᠬᠤᠰᠢᠭᠤᠨ ᠤ ᠦᠯᠢᠬᠡᠷ ᠤᠨ ᠲᠢᠩᠬᠢᠮ ᠨᠢ ᠪᠠᠳᠦᠴᠠᠭᠠᠨ ᠠᠭᠤᠳᠠᠮ ᠲᠠᠯᠠᠪᠠᠢ‌ᠵᠢᠨ ᠵᠡᠬᠦᠨ ᠲᠠᠯ᠎ᠠ ᠳᠤ ᠪᠠᠶᠢᠳᠠᠭ᠃ ᠦᠯᠢᠬᠡᠷ ᠤᠨ ᠲᠢᠩᠬᠢᠮ ᠪᠠᠶᠢᠭᠤᠯᠤᠬᠳᠠᠬᠰᠠᠨ ᠠᠷᠪᠠᠭᠠᠳ  ᠵᠢᠯ   ᠤᠨ  ᠲᠤᠷᠰᠢ᠂  ᠦᠷᠬᠡᠨ‌ᠤᠯᠠᠨ ᠬᠤᠳᠠ ᠶᠢᠨ ᠠᠷᠠᠳ᠂ ᠬᠦᠳᠡᠭᠡ ᠶᠢᠨ ᠮᠠᠯᠴᠢᠨ ᠲᠠᠷᠢᠶᠠᠴᠢᠨ ᠤ ᠦᠯᠢᠬᠡᠷ ᠰᠤᠨᠤᠰᠬᠤ ᠲᠡᠪᠴᠡᠩ ᠪᠤᠯᠤᠬᠰᠠᠨ  ᠪᠠᠶᠢᠨ᠎ᠠ᠃ᠬᠤᠷᠴᠢᠨ ᠪᠠᠷᠠᠭᠤᠨ ᠭᠠᠷᠦᠨ ᠲᠤᠮᠳᠠᠳᠤ ᠬᠤᠰᠢᠭᠤ ᠦᠯᠢᠬᠡᠷ ᠤᠷᠠᠯᠢᠭ ᠤᠨ ᠬᠦᠷᠦᠰᠦ ᠬᠦᠨ ᠵᠤᠵᠠᠭᠠᠨ  ᠪᠤᠯᠬᠤᠷ  ᠨᠠᠮ  ᠵᠠᠰᠠᠭ‌ᠡᠴᠠ ᠤᠨᠴᠠᠭᠠᠢ ᠴᠢᠬᠤᠯᠠᠴᠢᠯᠠᠵᠦ᠂ ᠤᠷᠢᠳ ᠬᠤᠵᠢᠳ ᠰᠢᠨ᠎ᠠ ᠦᠯᠢᠬᠡᠷ ᠤᠨ ᠲᠢᠩᠬᠢᠮ ᠪᠠᠶᠢᠭᠤᠯᠬᠤ᠂ ᠦᠯᠢᠬᠡᠷ ᠤᠷᠠᠯᠢᠭ   ᠤᠨ ᠲᠡᠯᠬᠡᠨ ᠦᠵᠡᠬᠦᠯᠬᠡ ᠶᠢᠨ ᠲᠢᠩᠬᠢᠮ ᠵᠢᠴᠢ ᠠᠯᠪᠠᠯᠠᠬᠤ ᠭᠠᠵᠠᠷ ᠵᠡᠷᠭᠡ ᠶᠢ  ᠲᠤᠬᠢᠷᠠᠭᠤᠯᠵᠦ᠂  ᠦᠯᠢᠬᠡᠷ  ᠬᠤᠭᠤᠷ ᠤᠨ ᠲᠤᠷ᠎ᠠ ᠪᠠᠭ᠋ᠠᠳᠡᠳ ᠤᠨ ᠰᠤᠶᠤᠯ ᠤᠨ ᠠᠮᠢᠳᠦᠷᠠᠯ ᠢ ᠪᠠᠶᠠᠯᠢᠬᠵᠢᠭᠤᠯᠬᠤ ᠳᠤ ᠲᠤᠩ ᠰᠠᠶᠢᠨ ᠨᠦᠬᠦᠴᠡᠯ ᠬᠠᠩᠭᠠᠵᠦ ᠦᠭᠬᠦᠭᠰᠡᠨ ᠪᠠᠶᠢᠨ᠎ᠠ᠃ᠠᠷᠪᠠᠭᠠᠳ ᠵᠢᠯ  ᠤᠨ ᠲᠤᠷᠰᠢ᠂ ᠬᠤᠰᠢᠭᠤᠨ ᠤ ᠰᠤᠶᠤᠯ ᠤᠨ ᠲᠤᠪᠴᠢᠶ᠎ᠠ ᠠᠴᠠ ᠪᠦᠬᠦ ᠬᠤᠰᠢᠭᠤᠨ ᠤ ᠬᠤᠭᠤᠷᠴᠢ   ᠶᠢ  ᠵᠤᠬᠢᠶᠠᠨ ᠪᠠᠶᠢᠭᠤᠯᠤᠨ᠂ ᠦᠯᠢᠬᠡᠷ ᠤᠨ ᠲᠢᠩᠬᠢᠮ ᠳᠤ ᠦᠯᠢᠬᠡᠷ ᠬᠡᠯᠡᠬᠦᠯᠵᠦ᠂ ᠤᠷᠢᠳ ᠬᠤᠵᠢᠳ ᠲᠦᠴᠢ ᠭᠠᠷᠦᠢ ᠬᠤᠭᠤᠷᠴᠢ   ᠪᠠᠷ100 ᠭᠠᠷᠦᠢ ᠪᠦᠳᠦᠨ ᠦᠯᠢᠬᠡᠷ ᠢ 4000 ᠲᠠᠯᠠᠪᠦᠷ ᠬᠡᠯᠡᠬᠦᠯᠦᠭᠰᠡᠨ ᠪᠠᠶᠢᠨ᠎ᠠ᠃ ᠤᠳᠤ ᠦᠯᠢᠬᠡᠷ ᠤᠨ ᠲᠢᠩᠬᠢᠮ   ᠳᠤ  ᠭᠤᠴᠢᠭᠠᠳ‌ᠬᠤᠭᠤᠷᠴᠢ ᠲᠠᠢ᠂ ᠤᠷᠤᠢ ᠪᠦᠷᠢ ᠶᠢᠨ ᠲᠤᠯᠤᠭᠠᠨ ᠴᠠᠭ ᠠᠴᠠ ᠶᠢᠰᠦᠨ ᠴᠠᠭ ᠪᠤᠯᠳᠠᠯ᠎ᠠ ᠦᠯᠢᠬᠡᠷ ᠬᠡᠯᠡᠵᠦ᠂ ᠦᠷᠬᠦᠯᠵᠢ ᠦᠯᠢᠬᠡᠷ‌‍ᠰᠤᠨᠤᠰᠳᠠᠭ ᠵᠠᠭᠤ ᠭᠠᠷᠦᠢ ᠰᠤᠨᠤᠰᠤᠬᠴᠢ ᠲᠠᠢ᠃              ᠬᠤᠷᠴᠢᠨ ᠪᠠᠷᠠᠭᠤᠨ ᠭᠠᠷᠦᠨ ᠲᠤᠮᠳᠠᠳᠤ ᠬᠤᠰᠢᠭᠤᠨ ᠤ ᠦᠯᠢᠬᠡᠷ ᠤᠨ ᠲᠢᠩᠬᠢᠮ ᠨᠢ ᠠᠷᠠᠳ ᠤᠯᠠᠨ ᠤ ᠬᠤᠭᠤᠷ ‍ᠤᠨ‌ᠦᠯᠢᠬᠡᠷ ᠰᠤᠨᠤᠰᠬᠤ ᠲᠡᠪᠴᠡᠩ ᠪᠤᠯᠵᠦ᠂ ᠲᠡᠳᠡᠨ ᠤ ᠰᠤᠶᠤᠯ ᠤᠨ ᠠᠮᠢᠳᠦᠷᠠᠯ ᠢ ᠶᠡᠬᠡᠪᠡᠷ ᠪᠠᠶᠠᠯᠢᠬᠵᠢᠭᠤᠯᠵᠦ ᠪᠠᠶᠢᠨ᠎ᠠ᠃              ᠡᠬᠡ ᠪᠢᠴᠢᠭ ᠢ ᠬᠢᠩᠭᠠᠨ ᠤ ᠡᠳᠦᠷ ᠤᠨ ᠰᠤᠨᠢᠨ ᠤ ᠰᠤᠷᠪᠤᠯᠵᠢᠯᠠᠬᠴᠢ ᠡᠤ ᠰᠡᠷᠬᠦᠯᠡᠩ ᠬᠠᠩᠭᠠᠪᠠ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号