ᠲᠦᠯᠦᠪᠯᠡᠭᠡ ᠰᠠᠶᠢᠳᠠᠢ ᠬᠦᠳᠡᠯᠮᠦᠷᠢᠴᠢ ᠠᠮᠢᠳᠤᠷᠠᠯ ᠠᠴᠠ ᠠᠯᠤᠰ ᠤᠨ ᠭᠡᠷᠡᠯ ᠰᠠᠴᠤᠷᠠᠨ᠎ᠠ
ᠨᠡᠶᠢᠲᠡᠯᠡᠭᠰᠡᠨ ᠴᠠᠭ᠄
2024/5/23
      ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠲᠠᠷᠬᠠᠨ ᠰᠤᠮᠤᠨ ᠤ ᠴᠠᠭᠠᠬᠤᠪᠤᠭ᠎ᠠ ᠭᠠᠴᠠᠭᠠᠨ ᠤ ᠮᠠᠯᠴᠢᠨ ᠯᠢᠦ ᠾᠧ ᠸᠠᠩ ᠪᠦᠷᠢᠨᠴᠡᠴᠡᠭ ᠤᠨ ᠬᠢᠨ2013 ᠤᠨ ᠠᠴᠠ ᠡᠬᠢᠯᠡᠨ ᠮᠠᠯ ᠪᠡᠯᠴᠢᠭᠡᠷ ᠤᠨ ᠲᠡᠩᠴᠡᠭᠦᠷᠢ ᠶᠢ ᠪᠠᠳᠤᠯᠠᠵᠦ᠂ ᠮᠠᠯ ᠤᠨ ᠲᠤᠭ᠎ᠠ ᠲᠤᠯᠤᠭᠠᠢ ᠪᠠᠨ ᠴᠦᠬᠡᠷᠡᠭᠦᠯᠦᠨ᠂ ᠮᠠᠯ ᠤᠨ ᠡᠭᠦᠯᠳᠡᠷ ᠢᠶᠠᠨ ᠰᠠᠶᠢᠵᠢᠷᠠᠭᠤᠯᠵᠦ᠂ ᠴᠦᠬᠡᠨ ᠮᠠᠯ ᠠᠴᠠ ᠢᠯᠡᠭᠦᠦ ᠤᠷᠤᠯᠭ᠎ᠠ ᠤᠯᠬᠤ ᠵᠠᠮ ᠢ ᠡᠷᠡᠯᠬᠡᠶᠢᠯᠡᠵᠡᠢ᠃ ᠲᠡᠳᠡᠨᠡᠶᠢᠬᠢᠨ ᠠᠩᠬ᠎ᠠ ᠡᠬᠢᠯᠡᠨ ᠬᠠᠷ᠎ᠠ ᠲᠤᠯᠤᠭᠠᠢ ᠲᠠᠢ ᠳ᠋ᠦ᠋ ᠪᠦ᠋ ᠬᠤᠨᠢ ᠶᠢ ᠨᠤᠳᠤᠭ ᠬᠤᠨᠢᠨ ᠳᠤ ᠪᠠᠨ ᠭᠠᠷ ᠭᠡᠭᠡᠯᠳᠦᠭᠦᠯᠬᠡ ᠬᠢᠭᠰᠡᠨ ᠪᠠᠶᠢᠨ᠎ᠠ᠃ ᠬᠡᠳᠦᠨ ᠵᠢᠯ ᠤᠨ ᠰᠤᠷᠤᠯᠴᠠᠯᠭ᠎ᠠ ᠲᠤᠷᠰᠢᠯᠭ᠎ᠠ ᠪᠠᠷ ᠲᠠᠮᠵᠢᠨ2017 ᠤᠨ ᠠᠴᠠ ᠬᠤᠶᠠᠷ ᠵᠠᠭᠤ ᠭᠠᠷᠤᠢ ᠡᠮ᠎ᠡ ᠬᠤᠨᠢᠨ ᠳᠤ  ᠪᠠᠨ ᠠᠦ᠋ᠰᠲᠷᠯᠢᠶ᠎ᠠ ᠶᠢᠨ ᠴᠠᠭᠠᠨ ᠬᠤᠨᠢ ᠶᠢ ᠬᠦᠪᠦᠷᠡᠯ ᠰᠢᠯᠵᠢᠭᠦᠯᠦᠨ᠂2023 ᠤᠨ ᠳᠤ ᠰᠠ ᠹᠦ᠋ ᠺᠧ ᠰᠠᠶᠢᠨ ᠡᠭᠦᠯᠳᠡᠷ ᠤᠨ ᠮᠢᠬᠠᠨ ᠤ ᠬᠤᠨᠢᠨ ᠤ ᠲᠦᠯ ᠲᠤᠰᠴᠦ᠂ ᠦᠨᠦ ᠵᠢᠯ ᠪᠤᠯᠬᠤ ᠳᠤ ᠲᠦᠷᠪᠡᠨ ᠵᠠᠭᠤᠭᠠᠳ ᠡᠬᠡ ᠮᠠᠯ ᠳᠤ  ᠪᠠᠨ ᠬᠦᠪᠦᠷᠡᠯ ᠰᠢᠯᠵᠢᠭᠦᠯᠦᠨ ᠵᠢᠷᠭᠤᠭᠠᠨ ᠵᠠᠭᠤ ᠰᠢᠬᠠᠮ ᠲᠦᠯ ᠲᠤᠰᠤᠭᠰᠠᠨ ᠪᠠᠶᠢᠨ᠎ᠠ᠃
微信图片_20240522102009.png
      ᠡᠨᠡ ᠬᠪᠶᠠᠷ ᠵᠢᠯ ᠮᠠᠨ ᠤ ᠨᠤᠳᠤᠭ ᠢᠶᠠᠷ ᠪᠤᠷᠤᠭᠠᠨ ᠬᠤᠷ᠎ᠠ ᠪᠠᠭ᠎ᠠ᠂ ᠭᠠᠩ ᠭᠠᠴᠢᠭ ᠲᠠᠢ ᠴᠦ ᠡᠳᠡᠨᠡᠶᠢᠬᠢᠨ ᠤᠯᠠᠨ ᠵᠦᠢᠯ ᠤᠨ ᠠᠷᠭ᠎ᠠ ᠠᠪᠴᠠᠯ ᠠᠪᠴᠦ᠂ ᠬᠤᠨᠢ ᠲᠡᠵᠢᠭᠡᠬᠦ ᠦᠪᠡᠷ ᠤᠨ ᠦᠷᠳᠡᠭ ᠢ ᠲᠤᠷᠤᠭᠰᠢᠯᠠᠭᠤᠯᠤᠨ ᠤᠷᠤᠯᠭ᠎ᠠ ᠶᠢᠨ ᠨᠡᠮᠡᠭᠳᠡᠯ ᠢᠶᠠᠨ ᠪᠠᠳᠤᠯᠠᠵᠦ ᠪᠠᠶᠢᠨ᠎ᠠ᠃ ᠶᠠᠭᠤᠨ ᠤ ᠡᠮᠦᠨ᠎ᠡ ᠡᠳᠡᠨᠡᠶᠢᠬᠢᠨ ᠲᠦᠯᠦᠪᠯᠡᠭᠡ ᠲᠠᠢ ᠪᠠᠷ ᠬᠡᠳᠦᠨ ᠵᠢᠯ ᠲᠠᠷᠠᠭᠠᠯᠠᠨ ᠰᠠᠭᠤᠷᠢ ᠪᠦᠳᠦᠭᠡᠨ ᠪᠠᠶᠢᠭᠤᠯᠤᠯᠳᠠ ᠪᠠᠨ ᠰᠠᠶᠢᠳᠤᠷ ᠬᠢᠵᠦ᠂ ᠲᠡᠵᠢᠭᠡᠯ ᠡᠪᠡᠰᠦᠨ ᠤ ᠬᠦᠮᠦᠷᠭᠡ᠂ ᠫᠧᠩ ᠰᠠᠷᠠᠪᠴᠢ᠂ ᠡᠬᠡ ᠮᠠᠯ ᠲᠦᠯ ᠤᠨ ᠲᠤᠰᠭᠠᠷᠯᠠᠯᠳᠠ ᠶᠢᠨ ᠬᠤᠷᠤᠭ᠎ᠠ ᠬᠠᠰᠢᠶ᠎ᠠ ᠵᠡᠷᠭᠡ ᠪᠠᠨ ᠨᠠᠷᠢᠯᠢᠭ ᠵᠤᠬᠢᠴᠠᠭᠤᠯᠤᠨ ᠪᠦᠳᠦᠭᠡᠨ ᠪᠠᠶᠢᠭᠤᠯᠵᠦ᠂ ᠮᠠᠰᠢᠨᠴᠢᠯᠠᠯᠳᠠ ᠶᠢᠨ ᠲᠠᠯ᠎ᠠ ᠪᠠᠷ ᠲᠠᠪᠢ ᠭᠠᠷᠤᠢ ᠲᠦᠮᠡᠨ ᠲᠦᠭᠦᠷᠢᠭ ᠤᠨ ᠪᠡᠯᠡ ᠵᠠᠷᠤᠴᠠᠭᠤᠯᠵᠦ᠂ ᠡᠪᠡᠰᠦ ᠬᠠᠳᠤᠵᠦ ᠬᠤᠷᠢᠶᠠᠬᠤ ᠮᠠᠰᠢᠨ᠂ ᠨᠠᠷᠢᠯᠢᠭ ᠲᠡᠵᠢᠭᠡᠯ ᠨᠠᠶᠢᠷᠠᠭᠤᠯᠵᠦ ᠰᠢᠬᠠᠬᠤ ᠮᠠᠰᠢᠨ ᠂ ᠡᠪᠡᠰᠦ ᠪᠤᠷᠳᠤᠭ᠎ᠠ ᠬᠤᠯᠢᠵᠦ ᠨᠡᠶᠢᠯᠡᠭᠦᠯᠬᠦ ᠮᠠᠰᠢᠨ ᠵᠡᠷᠭᠡ ᠢᠵᠢ ᠪᠦᠷᠢᠨ ᠮᠠᠰᠢᠨ ᠲᠦᠬᠦᠭᠡᠷᠦᠮᠵᠢ ᠪᠦᠷᠢᠳᠦᠭᠦᠯᠵᠦ᠂ ᠬᠦᠮᠦᠨ ᠤ ᠬᠦᠴᠦ ᠶᠢ ᠠᠷᠪᠢᠯᠠᠭᠰᠠᠨ ᠤᠳᠤᠬᠢᠴᠢᠯᠠᠭᠰᠠᠨ ᠮᠠᠯ ᠠᠵᠦ ᠠᠬᠤᠢ ᠶᠢ ᠪᠡᠶᠡᠯᠡᠭᠦᠯᠦᠭᠰᠡᠨ ᠪᠠᠶᠢᠨ᠎ᠠ᠃ ᠬᠡᠷ  ᠤᠨ ᠡᠵᠡᠭᠳᠡᠢ ᠯᠢᠦ ᠾᠧ ᠸᠠᠩ ᠬᠤᠰᠢᠭᠤ ᠨᠤᠳᠤᠭ ᠤᠨ ᠲᠦᠷᠦ ᠶᠢᠨ ᠪᠤᠳᠤᠯᠭ᠎ᠠ ᠶᠢᠨ ᠵᠢᠭᠠᠪᠤᠷᠢ ᠶᠢ ᠰᠠᠶᠢᠳᠤᠷ ᠠᠩᠬᠠᠷᠴᠦ᠂ ᠮᠠᠯ ᠲᠠᠷᠢᠶᠠᠯᠠᠩ ᠤᠨ ᠵᠠᠬ᠎ᠠ ᠲᠡᠯᠭᠡᠭᠦᠷ ᠤᠨ ᠬᠤᠪᠢᠷᠠᠯᠳᠠ ᠬᠠᠨᠳᠦᠰᠢ ᠶᠢ ᠰᠤᠷᠭᠤᠭ ᠮᠡᠳᠡᠷᠡᠮᠵᠢ ᠪᠠᠷ ᠠᠵᠢᠳᠠᠭ ᠪᠦᠭᠡᠳ ᠮᠠᠯ ᠡᠮᠨᠡᠬᠦ ᠠᠷᠭ᠎ᠠ ᠤᠬᠠᠭᠠᠨ ᠢ ᠦᠪᠡᠷ ᠢᠶᠠᠨ ᠰᠤᠷᠤᠯᠴᠠᠵᠦ᠂ ᠠᠮᠢᠳᠤᠷᠠᠯ ᠤᠨ ᠢᠶᠠᠨ ᠠᠯᠬᠤᠮ ᠪᠦᠷᠢ ᠶᠢ ᠨᠠᠷᠢᠯᠢᠭ ᠲᠦᠯᠦᠪᠯᠡᠵᠦ᠂ ᠨᠢᠮᠪᠠᠢ ᠲᠠᠩᠰᠠᠯᠠᠳᠠᠭ ᠶᠤᠮ᠃ ᠯᠢᠦ ᠾᠧ ᠸᠠᠩ ᠬᠡᠯᠡᠬᠦ ᠳᠤ ᠪᠠᠨ᠄ ︽ᠮᠠᠨ ᠤ ᠪᠦᠬᠦ ᠪᠦᠳᠦᠭᠡᠨ ᠪᠠᠶᠢᠭᠤᠯᠤᠯᠳᠠ ᠬᠤᠶᠠᠷ ᠵᠠᠭᠤ ᠭᠠᠷᠤᠢ ᠲᠦᠮᠡᠨ ᠲᠦᠭᠦᠷᠢᠭ ᠵᠠᠷᠤᠴᠠᠭᠤᠯᠤᠭᠰᠠᠨ᠂ ᠲᠠᠷᠢᠶᠠᠯᠠᠩ ᠮᠠᠯ ᠠᠵᠦ ᠠᠬᠤᠢ ᠶᠢᠨ ᠲᠤᠪᠴᠢᠶᠠᠨ ᠠᠴᠠ ᠮᠠᠰᠢᠨ ᠠᠪᠬᠤ ᠳᠤ ᠪᠠᠨ ᠵᠠᠭᠤᠨ ᠤ ᠲᠠᠪᠢ ᠶᠢᠨ ᠨᠦᠬᠦᠪᠦᠷᠢ ᠦᠭᠭᠦᠭᠰᠡᠨ ᠶᠤᠮ ︾ ᠭᠡᠵᠦ ᠪᠠᠶᠢᠯ᠎ᠠ᠃
微信图片_20240522102015.png
      ᠤᠷᠴᠢᠮ ᠤᠨ ᠬᠤᠶᠠᠷ ᠵᠢᠯ ᠠᠴᠠ ᠯᠢᠦ ᠾᠧ ᠸᠠᠩ ᠲᠠᠷᠢᠶᠠᠯᠠᠬᠤ ᠤᠷᠤᠨ ᠤ ᠲᠠᠷᠢᠶᠠᠨ ᠭᠠᠵᠠᠷ ᠢ ᠲᠦᠷᠢᠶᠡᠰᠦᠯᠡᠨ ᠠᠪᠴᠦ ᠦᠪᠡᠷ ᠤᠨ ᠬᠠᠳᠤᠵᠦ ᠬᠤᠷᠢᠶᠠᠬᠤ ᠮᠠᠰᠢᠨ ᠢᠶᠠᠷ ᠢᠶᠠᠨ ᠲᠡᠷᠢᠶᠠᠨ ᠤ ᠡᠰᠢ ᠰᠦᠷᠢᠯ ᠬᠠᠳᠤᠵᠦ᠂ ᠬᠤᠨᠢ ᠮᠠᠯ ᠢᠶᠠᠨ ᠲᠡᠵᠢᠭᠡᠭᠰᠡᠨ ᠢᠶᠠᠷ ᠦᠪᠡᠷ ᠤᠨ ᠦᠷᠳᠡᠭ ᠢ ᠪᠠᠭᠠᠰᠬᠠᠵᠦ᠂ ᠡᠭᠦᠨ ᠤ ᠲᠠᠭᠠᠦ ᠲᠡᠵᠢᠭᠡᠯ ᠰᠢᠬᠠᠬᠤ ᠮᠠᠰᠢᠨ ᠢᠶᠠᠷ ᠢᠶᠠᠨ ᠤᠯᠠᠨ ᠵᠦᠢᠯ ᠤᠨ ᠤᠷᠤᠴᠠ ᠲᠠᠢ ᠨᠠᠷᠢᠯᠢᠭ ᠪᠤᠷᠳᠤᠭ᠎ᠠ ᠦᠪᠡᠷᠰᠡᠳ ᠢᠶᠠᠨ ᠨᠠᠶᠢᠷᠠᠭᠤᠯᠤᠨ ᠰᠢᠬᠠᠵᠦ᠂ ᠵᠠᠬ᠎ᠠ ᠲᠡᠯᠭᠡᠭᠦᠷ ᠲᠡᠭᠡᠷᠡᠬᠢ ᠨᠠᠷᠢᠯᠢᠭ ᠪᠤᠷᠳᠤᠭᠠᠨ ᠠᠴᠠ ᠨᠡᠩ ᠴᠢᠨᠠᠷᠯᠢᠭ ᠪᠦᠳᠦᠭᠡᠭᠳᠡᠭᠦᠨ  ᠢ ᠬᠡᠷᠡᠭᠯᠡᠳᠡᠭ ᠢᠶᠠᠷ ᠢᠶᠠᠨ ᠮᠠᠯ ᠨᠢ ᠬᠤᠷᠳᠤᠨ ᠮᠢᠬᠠᠯᠠᠳᠠᠭ ᠮᠦᠷᠳᠡᠭᠡᠨ ᠮᠢᠬ᠎ᠠ ᠨᠢ ᠠᠮᠳᠠᠳᠠᠢ ᠪᠠᠶᠢᠳᠠᠭ ᠪᠠᠶᠢᠨ᠎ᠠ᠃      ᠮᠠᠯ ᠤᠨ ᠡᠭᠦᠯᠳᠡᠷ ᠰᠠᠶᠢᠵᠢᠷᠠᠭᠤᠯᠬᠤ ᠠᠴᠠ ᠡᠬᠢᠯᠡᠨ ᠵᠠᠬ᠎ᠠ ᠵᠡᠭᠡᠯᠢ ᠶᠢᠨ ᠬᠠᠨᠳᠤᠰᠢ ᠶᠢ ᠨᠠᠷᠢᠨ ᠠᠵᠢᠳᠠᠭ ᠯᠢᠦ ᠾᠧ ᠴᠠᠩ ᠤᠨ ᠬᠢᠨ ᠵᠢᠯ ᠪᠤᠯᠭᠠᠨ ᠡᠷ᠎ᠡ ᠬᠤᠷᠠᠭ᠎ᠠ ᠪᠠᠨ ᠦᠷ᠎ᠡ ᠶᠢᠨ ᠮᠠᠯ ᠢᠶᠠᠷ ᠬᠤᠳᠠᠯᠳᠤᠬᠤ ᠶᠢᠨ ᠬᠠᠮᠳᠦ ᠪᠤᠰᠤᠳ ᠬᠤᠷᠠᠭ᠎ᠠ ᠤᠳ ᠦᠪᠡᠷᠰᠡᠳ ᠢᠶᠠᠨ ᠡᠳ᠋ᠰᠢᠯᠡᠭᠦᠯᠵᠦ ᠵᠠᠭ᠎ᠠ ᠲᠡᠯᠭᠡᠭᠦᠷ ᠲᠤ ᠰᠢᠭᠤᠳ ᠪᠤᠷᠤᠯᠠᠭᠤᠯᠤᠨ ᠦᠨᠳᠦᠷ ᠦᠷ᠎ᠡ ᠠᠰᠢᠭ ᠡᠭᠦᠳᠴᠦ ᠪᠠᠶᠢᠨ᠎ᠠ᠃
微信图片_20240522102021.png
      ᠭᠡᠷ ᠤᠨ ᠡᠵᠡᠨ ᠯᠢᠦ ᠾᠧ ᠸᠠᠩ ᠮᠠᠯ ᠮᠠᠯᠵᠢᠭᠰᠠᠨ ᠲᠤᠷᠰᠢᠯᠭ᠎ᠠ ᠪᠠᠨ ᠶᠠᠷᠢᠨ᠎ᠠ ᠤᠤ︖ ᠬᠡᠭᠦ ᠳᠤ᠄ ︽ᠬᠦᠮᠦᠨ ᠠᠴᠠ ᠤᠨᠴᠠᠭᠠᠢ ᠶᠠᠭᠤ ᠯᠠ ᠪᠠᠶᠢᠬᠤᠪ ᠳ᠋ᠠ᠂ ᠡᠨᠡ ᠬᠤᠶᠠᠷ ᠵᠢᠯ ᠮᠠᠯᠴᠢᠳ ᠬᠡᠨ ᠨᠢ ᠴᠦ ᠬᠡᠴᠡᠭᠦᠦ ᠪᠠᠶᠢᠨ᠎ᠠ ᠰᠢᠦ᠂ ᠪᠢ ᠪᠤᠯ ᠠᠮᠢᠳᠤᠷᠠᠯ ᠤᠨ ᠲᠦᠯᠦᠪᠯᠡᠭᠡ ᠪᠠᠨ ᠨᠢᠮᠪᠠᠢ ᠬᠢᠵᠦ᠂ ᠢᠯᠡᠭᠦᠦ ᠬᠦᠳᠡᠯᠮᠦᠷᠢᠯᠡᠵᠦ᠂ ᠠᠷᠪᠢᠯᠠᠨ ᠬᠠᠮᠨᠠᠬᠤ ᠠᠴᠠ ᠤᠷᠤᠯᠭ᠎ᠠ ᠤᠯᠤᠨ᠎ᠠ ᠭᠡᠵᠦ ᠪᠤᠳᠤᠳᠠᠭ︾ ᠭᠡᠵᠦ ᠲᠠᠷᠤᠤᠬᠠᠨ ᠶᠠᠷᠢᠵᠦ ᠪᠠᠶᠢᠯ᠎ᠠ᠃ ᠤᠶᠢᠯᠠᠭᠠᠭᠰᠠᠨ  ᠢᠶᠠᠷ ᠨᠢᠳᠤᠨᠤᠨ ᠵᠢᠯ ᠠᠴᠠ ᠡᠬᠢᠯᠡᠨ ᠡᠳᠡᠨᠡᠶᠢᠬᠢᠨ ᠭᠠᠴᠠᠭᠠᠨ ᠤ ᠪᠠᠨ ᠭᠤᠷᠪᠠᠨ ᠮᠢᠩᠭᠠᠨ ᠮᠤ᠋ ᠨᠡᠶᠢᠳᠡ ᠶᠢᠨ ᠪᠡᠯᠴᠢᠭᠡᠷ  ᠢ ᠭᠤᠷᠪᠠᠨ ᠲᠦᠮᠡᠨ ᠲᠦᠭᠦᠷᠢᠭ ᠢᠶᠠᠷ ᠲᠦᠷᠢᠶᠡᠰᠦᠯᠡᠵᠦ᠂ ᠲᠦᠷᠢᠶᠡᠰᠦᠨ ᠮᠦᠩᠭᠦ ᠨᠢ ᠭᠠᠴᠭᠠᠠᠨ ᠤ ᠬᠠᠮᠳᠦ ᠶᠢᠨ ᠠᠵᠦ ᠠᠬᠤᠢ ᠳᠤ ᠤᠷᠤᠵᠦ᠂ ᠦᠪᠡᠷ ᠲᠤ ᠪᠠᠨ ᠠᠰᠢᠭ ᠡᠭᠦᠳᠦᠭᠰᠡᠨ ᠮᠦᠷᠳᠡᠭᠡᠨ ᠠᠷᠠᠳ ᠤᠯᠠᠨ ᠢᠶᠠᠷ ᠢᠶᠠᠨ ᠬᠠᠮᠳᠦ  ᠪᠠᠷ ᠪᠠᠶᠠᠵᠢᠨ ᠴᠢᠨᠠᠭᠡᠯᠢᠭᠵᠢᠬᠦ ᠰᠠᠷᠠᠭᠤᠯ ᠵᠠᠮ ᠢ ᠡᠯᠭᠦᠵᠦ ᠪᠠᠶᠢᠨ᠎ᠠ᠃      ᠯᠢᠦ ᠾᠧ ᠸᠠᠩ ᠪᠦᠷᠢᠨᠴᠡᠴᠡᠭ ᠬᠤᠶᠠᠭᠤᠯᠠ ᠪᠠᠨ ᠲᠡᠭᠷᠢ ᠶᠢᠨ ᠴᠢᠷᠠᠢ ᠬᠠᠷᠠᠵᠦ ᠮᠠᠯᠯᠠᠳᠠᠭ ᠤᠯᠠᠮᠵᠢᠯᠯᠠᠳᠦ ᠮᠠᠯᠵᠢᠬᠤ ᠠᠷᠭ᠎ᠠ ᠪᠠᠨ ᠵᠤᠷᠢᠭᠳᠠᠢ ᠰᠢᠨᠡᠴᠢᠯᠡᠵᠦ᠂ ᠵᠠᠬ᠎ᠠ ᠲᠡᠯᠭᠡᠭᠦᠷ ᠤᠨ ᠤᠨᠴᠠᠯᠢᠭ ᠬᠡᠷᠡᠭᠴᠡᠭᠡᠨ ᠳᠤ ᠵᠤᠬᠢᠴᠠᠭᠤᠯᠤᠨ ᠠᠮᠢᠳᠤᠷᠠᠯ ᠦᠢᠯᠡᠳᠦᠯᠭᠡ ᠪᠠᠨ ᠡᠵᠡᠩᠨᠡᠵᠦ᠂ ᠬᠤᠰᠢᠭᠤ ᠨᠤᠳᠤᠭ ᠤᠨ ᠢᠶᠠᠨ ᠰᠣᠳᠣᠨ ᠲᠠᠭᠠᠭᠤᠯᠤᠭᠴᠢ ᠪᠤᠯᠵᠦ ᠪᠠᠶᠢᠨ᠎ᠠ᠃
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号