ᠦᠬᠡᠷ ᠤᠨ ᠰᠢᠮ᠎ᠡ ᠲᠡᠵᠢᠭᠡᠯ ᠤᠨ ᠰᠢᠨᠵᠢᠯᠡᠬᠦ ᠤᠬᠠᠭᠠᠨ ᠤ ᠲᠦᠭᠡᠮᠡᠯᠵᠢᠯ - ᠰᠢᠮ᠎ᠡ ᠲᠡᠵᠢᠭᠡᠯ ᠤᠨ  ᠹᠢᠽᠢᠣᠯᠣᠭᠢ
ᠨᠡᠶᠢᠲᠡᠯᠡᠭᠰᠡᠨ ᠴᠠᠭ᠄
2024/4/25
      ᠨᠢᠭᠡ᠂ ᠰᠢᠩᠭᠡᠭᠡᠯᠲᠡ ᠶᠢᠨ ᠵᠠᠮ ᠤᠨ ᠪᠦᠲᠦᠴᠡ ᠪᠠ ᠴᠢᠳᠠᠮᠵᠢ            ᠦᠬᠡᠷ ᠤᠨ ᠬᠤᠳᠣᠭᠤᠳᠤ ᠶᠢ ᠭᠦᠵᠡᠭᠡᠲᠦ ᠬᠤᠳᠣᠭᠤᠳᠤ᠂ ᠲᠣᠣᠷᠯᠢᠭ ᠬᠤᠳᠣᠭᠤᠳᠤ᠂ ᠬᠠᠪᠬᠠᠯᠠᠭ᠎ᠠ  ᠬᠤᠳᠣᠭᠤᠳᠤ᠂ ᠦᠷᠴᠢᠯᠡᠭᠡᠰᠦ ᠬᠤᠳᠣᠭᠤᠳᠤ ᠭᠡᠵᠦ 4 ᠲᠠᠰᠤᠯᠭ᠎ᠠ ᠬᠤᠪᠢᠶᠠᠳᠠᠭ᠃ ᠡᠮᠦᠨ᠎ᠡ 3 ᠲᠠᠰᠤᠯᠭ᠎ᠠ ᠶᠢᠨ  ᠰᠠᠯᠢᠰᠤᠲᠤ ᠪᠦᠷᠬᠦᠪᠴᠢ ᠨᠢ ᠰᠢᠩᠭᠡᠭᠡᠯᠲᠡ ᠶᠢᠨ ᠪᠤᠯᠴᠢᠷᠬᠠᠢ ᠦᠭᠡᠢ᠂ ᠰᠢᠩᠭᠡᠭᠡᠯᠲᠡ ᠶᠢᠨ ᠰᠢᠩᠭᠡᠨ ᠢ ᠰᠢᠭᠦᠷᠡᠭᠦᠯᠳᠡᠭ  ᠦᠭᠡᠢ᠂ ᠲᠡᠭᠦᠨ ᠢ ᠨᠡᠶᠢᠯᠡᠭᠦᠯᠦᠭᠡᠳ ᠡᠮᠦᠨ᠎ᠡ ᠬᠤᠳᠣᠭᠤᠳᠤ ᠭᠡᠳᠡᠭ᠂ ᠦᠷᠴᠢᠯᠡᠭᠡᠰᠦ ᠬᠤᠳᠣᠭᠤᠳᠤ ᠶᠢ ᠪᠠᠰᠠ  ᠵᠢᠩᠬᠢᠨᠢ ᠬᠤᠳᠣᠭᠤᠳᠤ ᠭᠡᠳᠡᠭ᠂ ᠲᠡᠭᠦᠨ ᠤ ᠰᠠᠯᠢᠰᠤᠲᠤ ᠪᠦᠷᠬᠦᠪᠴᠢ ᠨᠢ ᠰᠢᠩᠭᠡᠭᠡᠯᠲᠡ ᠶᠢᠨ ᠰᠢᠩᠭᠡᠨ ᠢ  ᠰᠢᠭᠦᠷᠡᠭᠦᠯᠳᠡᠭ᠂ ᠲᠡᠭᠦᠨ ᠤ ᠠᠵᠢᠯᠯᠠᠭ᠎ᠠ ᠨᠢ ᠭᠠᠭ᠋ᠠᠢ᠂ ᠮᠣᠷᠢ ᠵᠡᠷᠭᠡ ᠠᠮᠢᠲᠠᠨ ᠲᠠᠢ ᠠᠳᠠᠯᠢᠪᠲᠤᠷ ᠪᠠᠶᠢᠳᠠᠭ᠃            ᠬᠤᠶᠠᠷ᠂ ᠭᠦᠵᠡᠭᠡ             ᠪᠠᠶᠢᠷᠢᠯᠠᠯ᠄ ᠪᠠᠷᠤᠭ ᠪᠦᠬᠦ ᠬᠡᠪᠡᠯᠢ ᠶᠢᠨ ᠬᠥᠨᠳᠡᠢ ᠶᠢᠨ ᠵᠡᠭᠦᠨ ᠬᠠᠭᠠᠰ ᠬᠡᠰᠡᠭ ᠢ ᠡᠵᠡᠯᠡᠨ᠎ᠡ᠃             ᠶᠡᠭᠡ ᠪᠠᠭ᠎ᠠ᠄ ᠪᠠᠭᠲᠠᠭᠠᠮᠵᠢ ᠶᠡᠭᠡ᠂ ᠦᠬᠡᠷ ᠤᠨ ᠬᠤᠳᠣᠭᠤᠳᠤᠨ ᠤ ᠳᠥᠷᠪᠡᠨ ᠲᠠᠰᠤᠯᠭ᠎ᠠ ᠶᠢᠨ ᠶᠡᠷᠦᠩᠬᠡᠢ  ᠪᠠᠭᠲᠠᠭᠠᠮᠵᠢ ᠶᠢᠨ 80% ᠶᠢ ᠡᠵᠡᠯᠡᠨ᠂ ᠲᠣᠮᠣ ᠬᠡᠯᠪᠡᠷᠢ ᠶᠢᠨ ᠦᠬᠡᠷ ᠤᠨ ᠭᠦᠵᠡᠭᠡᠨ ᠤ ᠪᠠᠭᠲᠠᠭᠠᠮᠵᠢ ᠨᠢ  140-230L᠂ ᠵᠢᠵᠢᠭ ᠬᠡᠯᠪᠡᠷᠢ ᠶᠢᠨ ᠦᠬᠡᠷ 95-130L ᠪᠣᠯᠣᠨ᠎ᠠ᠃            ᠦᠢᠯᠡᠳᠦᠯ᠄ ᠭᠦᠵᠡᠭᠡ ᠪᠣᠯ ᠢᠰᠬᠡᠭᠰᠡᠨ ᠲᠡᠵᠢᠭᠡᠯ ᠪᠣᠷᠳᠣᠭᠠᠨ ᠤ ᠲᠠᠯᠠᠪᠤᠷ ᠮᠥᠨ᠂ ᠭᠤᠣᠯᠳᠠᠭᠤ  ᠮᠢᠺᠷᠣᠪ ᠢᠶᠠᠷ ᠰᠢᠩᠭᠡᠭᠡᠳᠡᠭ᠃            ᠭᠤᠷᠪᠠ᠂ ᠲᠣᠣᠷᠯᠢᠭ ᠬᠤᠳᠣᠭᠤᠳᠤ            ᠪᠠᠶᠢᠷᠢᠰᠢᠯ᠄ ᠲᠣᠣᠷᠯᠢᠭ ᠬᠤᠳᠣᠭᠤᠳᠤ ᠨᠢ ᠭᠦᠵᠡᠭᠡᠨ ᠤ ᠡᠮᠦᠨ᠎ᠡ ᠳᠣᠣᠷ᠎ᠠ ᠲᠠᠯ᠎ᠠ ᠳᠤ ᠪᠠᠶᠢᠷᠢᠰᠢᠵᠤ᠂  ᠥᠷᠥᠴᠡ ᠲᠠᠢ ᠨᠢᠭᠲᠠ ᠨᠠᠭᠠᠯᠳᠤᠨ᠂ ᠠᠯᠢᠮ᠎ᠠ ᠬᠡᠯᠪᠡᠷᠢᠲᠡᠢ᠂ ᠡᠮᠦᠨ᠎ᠡ ᠬᠤᠶᠢᠨ᠎ᠠ ᠨᠢ ᠵᠢᠭᠠᠬᠠᠨ ᠬᠠᠮᠰᠠᠶᠢᠭᠠᠷ᠂  ᠪᠠᠷᠤᠭ 6-9 ᠳ᠋ᠦᠭᠡᠷ ᠬᠠᠪᠢᠷᠭ᠎ᠠ ᠶᠢᠨ ᠵᠠᠪᠰᠠᠷ ᠲᠠᠢ ᠡᠰᠡᠷᠭᠦᠯᠡᠨ᠎ᠡ᠃            ᠶᠡᠭᠡ ᠪᠠᠭ᠎ᠠ᠄ ᠦᠬᠡᠷ ᠤᠨ ᠬᠤᠳᠣᠭᠤᠳᠤᠨ ᠤ ᠳᠥᠷᠪᠡᠨ ᠲᠠᠰᠤᠯᠭ᠎ᠠ ᠶᠢᠨ ᠳᠤᠳᠤᠷ᠎ᠠ ᠪᠠᠭᠲᠠᠭᠠᠮᠵᠢ ᠪᠠᠷ  ᠬᠠᠮᠤᠭ ᠪᠠᠭ᠎ᠠ ᠨᠢᠭᠡ ᠲᠠᠰᠤᠯᠭ᠎ᠠ ᠪᠠᠶᠢᠵᠤ᠂ ᠨᠠᠰᠤᠨ ᠳᠤ ᠬᠦᠷᠦᠭᠰᠡᠨ ᠦᠬᠡᠷ ᠤᠨ ᠲᠣᠣᠷᠯᠢᠭ ᠬᠤᠳᠣᠭᠤᠳᠤ ᠨᠢ  ᠪᠠᠷᠤᠭ ᠳᠥᠷᠪᠡᠨ ᠬᠤᠳᠣᠭᠤᠳᠤᠨ ᠤ ᠲᠠᠰᠤᠯᠭ᠎ᠠ ᠶᠢᠨ ᠶᠡᠷᠦᠩᠬᠡᠢ ᠪᠠᠭᠲᠠᠭᠠᠮᠵᠢ ᠶᠢᠨ 5% ᠶᠢ ᠡᠵᠡᠯᠡᠨ᠎ᠡ᠃            ᠦᠢᠯᠡᠳᠦᠯ᠄ ᠭᠦᠵᠡᠭᠡᠨ ᠤ ᠠᠭᠰᠢᠯᠲᠠ ᠲᠠᠢ ᠤᠶᠠᠯᠳᠤᠭᠤᠯᠤᠨ᠂ ᠢᠳᠡᠭᠡᠨ ᠢ ᠳᠠᠬᠢᠨ ᠠᠮᠠᠨ ᠤ ᠬᠥᠨᠳᠡᠢ ᠳᠤ  ᠪᠤᠴᠠᠭᠠᠵᠤ᠂ ᠬᠡᠪᠢᠵᠦ᠂ ᠲᠡᠵᠢᠭᠡᠯ ᠪᠣᠷᠳᠤᠭ᠎ᠠ ᠶᠢ ᠳᠠᠭᠠᠵᠤ ᠤᠷᠤᠭᠰᠠᠨ ᠬᠦᠨᠳᠦ ᠶᠠᠭᠤᠮ᠎ᠠ ︵ᠬᠠᠳᠠᠭᠠᠰᠤ᠂ ᠲᠡᠮᠦᠷ  ᠤᠲᠠᠰᠤ︶ ᠶᠢ ᠠᠳᠡ ᠰᠢᠭᠰᠢᠨ ᠬᠤᠴᠤᠷᠭᠠᠳᠠᠭ︔ ᠦᠢᠯᠡᠳᠦᠯ᠄ ᠢᠳᠡᠭᠡᠨ ᠢ ᠨᠢᠴᠠᠯᠤᠨ ᠬᠡᠮᠬᠡᠴᠢᠬᠦ᠂ ᠢᠰᠬᠡᠵᠦ  ᠵᠥᠭᠡᠭᠡᠪᠦᠷᠢᠯᠡᠬᠦ ᠦᠢᠯᠡᠳᠦᠯ ᠲᠠᠢ᠃             ᠳᠥᠷᠪᠡ᠂ ᠬᠠᠪᠬᠠᠯᠠᠭ᠎ᠠ ᠬᠤᠳᠣᠭᠤᠳᠤ            ᠪᠠᠶᠢᠷᠢᠰᠢᠯ᠄ ᠬᠠᠪᠬᠠᠯᠠᠭ᠎ᠠ ᠬᠤᠳᠣᠭᠤᠳᠤ ᠨᠢ ᠪᠠᠷᠠᠭᠤᠨ ᠬᠠᠪᠢᠷᠭᠠᠨ ᠬᠡᠰᠡᠭ ᠲᠤ ᠪᠠᠶᠢᠷᠢᠯᠠᠵᠤ᠂ ᠭᠦᠵᠡᠭᠡ  ᠪᠣᠯᠣᠨ ᠲᠣᠣᠷᠯᠢᠭ ᠬᠤᠳᠣᠭᠤᠳᠤ ᠶᠢᠨ ᠠᠭᠤᠯᠵᠠᠷ ᠤᠨ ᠪᠠᠷᠠᠭᠤᠨ ᠲᠠᠯ᠎ᠠ ᠳᠤ ᠪᠠᠶᠢᠵᠤ᠂ ᠪᠠᠷᠤᠭ 7-11 ᠪᠤᠶᠤ 12  ᠳ᠋ᠤᠭᠠᠷ ᠬᠠᠪᠢᠷᠭᠠᠨ ᠶᠠᠰᠤ ᠲᠠᠢ ᠡᠰᠡᠷᠭᠦᠯᠡᠨ ᠣᠷᠣᠰᠢᠳᠠᠭ ︵ᠬᠤᠨᠢᠨ ᠤ ᠨᠡᠯᠢᠶᠡᠳ ᠪᠠᠭ᠎ᠠ ᠨᠢ 9-10 ᠳ᠋ᠤᠭᠠᠷ  ᠬᠠᠪᠢᠷᠭᠠᠨ ᠶᠠᠰᠤ ᠲᠠᠢ ᠡᠰᠡᠷᠭᠦᠯᠡᠨ ᠣᠷᠣᠰᠢᠳᠠᠭ᠂ ᠪᠠᠶᠢᠷᠢᠰᠢᠯ ᠨᠢ ᠦᠬᠡᠷ ᠤᠨ ᠬᠢ ᠠᠴᠠ ᠥᠨᠳᠥᠷ ᠪᠥᠭᠡᠳ  ᠬᠡᠪᠡᠯᠢ ᠶᠢᠨ ᠬᠠᠨ᠎ᠠ ᠲᠠᠢ ᠬᠦᠷᠦᠯᠴᠡᠬᠦ ᠦᠭᠡᠢ︶᠃            ᠶᠡᠭᠡ ᠪᠠᠭ᠎ᠠ᠄ ᠶᠡᠷᠦᠩᠬᠡᠢ ᠪᠠᠭᠲᠠᠭᠠᠮᠵᠢ ᠶᠢᠨ 7-8% ᠶᠢ ᠡᠵᠡᠯᠡᠳᠡᠭ ᠃       ᠦᠢᠯᠡᠳᠦᠯ᠄ ᠭᠦᠵᠡᠭᠡᠨ ᠤ ᠰᠢᠩᠭᠡᠭᠡᠯᠲᠡ ᠶᠢᠨ ᠠᠵᠢᠯᠯᠠᠭ᠎ᠠ ᠶᠢᠨ ᠦᠷᠭᠦᠯᠵᠢᠯᠡᠯ᠂ ᠲᠡᠭᠦᠨ ᠤ ᠠᠵᠢᠯᠯᠠᠭ᠎ᠠ ᠨᠢ  ᠶᠠᠭ ᠤᠰᠤᠨ ᠬᠥᠭᠡᠷᠭᠡ ᠲᠠᠢ ᠠᠳᠠᠯᠢ᠂ ᠭᠦᠵᠡᠭᠡᠨ ᠤ ᠳᠣᠲᠣᠷᠠᠬᠢ ᠪᠣᠳᠠᠰ ᠨᠢ ᠠᠳᠡ ᠥᠳᠬᠡᠷᠡᠬᠦ ᠶᠢᠨ ᠬᠠᠮᠲᠤ  ᠤᠯᠠᠮ ᠨᠢᠭᠡ ᠠᠯᠬᠤᠮ ᠨᠢᠴᠠᠯᠵᠤ᠂ ᠦᠷᠦᠵᠦ ᠦᠷᠦᠭᠰᠡᠨ ᠲᠡᠵᠢᠭᠡᠯ ᠪᠣᠷᠳᠣᠭᠠᠨ ᠤ ᠮᠥᠬᠦᠯᠢᠭ ᠢ ᠦᠷᠴᠢᠯᠡᠭᠡᠰᠦ ᠳᠤ  ᠣᠷᠣᠭᠤᠯᠬᠤ ᠶᠢᠨ ᠬᠠᠮᠲᠤ ᠤᠰᠤ᠂ ᠵᠢᠵᠢᠭ ᠫᠧᠫᠲ᠋ᠢᠳ᠋᠂ ᠳᠡᠭᠳᠡᠮᠡᠬᠡᠢ ᠥᠭᠡᠬᠦᠨ ᠬᠦᠴᠢᠯ ︵VFA︶ ᠪᠣᠯᠣᠨ  ᠵᠠᠷᠢᠮ ᠣᠷᠭᠠᠨᠢᠭ ᠪᠤᠰᠤ ᠢᠶᠤᠨ ᠢ ᠰᠢᠩᠭᠡᠭᠡᠬᠦ ᠴᠢᠳᠠᠪᠤᠷᠢ ᠪᠠᠷ ᠮᠠᠰᠢ ᠴᠢᠩᠭ᠎ᠠ ᠪᠠᠶᠢᠳᠠᠭ᠃             ᠲᠠᠪᠤ᠂ ᠦᠷᠴᠢᠯᠡᠭᠡᠰᠦ ᠬᠤᠳᠣᠭᠤᠳᠤ            ᠪᠠᠶᠢᠷᠢᠯᠠᠯ᠄ ᠪᠠᠷᠠᠭᠤᠨ ᠬᠠᠪᠢᠷᠭᠠᠨ ᠬᠡᠰᠡᠭ ᠪᠠ ᠰᠡᠯᠡᠮᠡᠨ ᠬᠡᠯᠪᠡᠷᠢᠲᠦ ᠮᠥᠭᠡᠷᠰᠦᠨ ᠤ ᠬᠡᠰᠡᠭ ᠲᠤ ᠪᠠᠶᠢᠷᠢᠯᠠᠵᠤ᠂ ᠲᠣᠣᠷᠯᠢᠭ ᠬᠤᠳᠣᠭᠤᠳᠤ ᠪᠠ ᠭᠦᠵᠡᠭᠡᠨ ᠤ ᠬᠡᠪᠡᠯᠢ ᠶᠢᠨ ᠤᠭᠤᠲᠠ ᠶᠢᠨ ᠪᠠᠷᠠᠭᠤᠨ ᠲᠠᠯ᠎ᠠ᠂ ᠦᠷᠴᠢᠯᠡᠭᠡᠰᠦ  ᠬᠤᠳᠣᠭᠤᠳᠤᠨ ᠤ ᠬᠡᠪᠡᠯᠢ ᠶᠢᠨ ᠲᠠᠯ᠎ᠠ ᠪᠠ ᠠᠷᠤ ᠲᠠᠯ᠎ᠠ ᠶᠢᠨ ᠶᠡᠬᠡᠩᠬᠢ ᠬᠡᠰᠡᠭ ᠨᠢ ᠬᠡᠪᠡᠯᠢ ᠶᠢᠨ ᠬᠥᠨᠳᠡᠢ ᠶᠢᠨ  ᠢᠷᠤᠭᠠᠷ ᠤᠨ ᠬᠠᠨ᠎ᠠ ᠲᠠᠢ ᠨᠢᠭᠲᠠ ᠨᠠᠭᠠᠯᠳᠤᠨ᠎ᠠ᠃            ᠶᠡᠭᠡ ᠪᠠᠭ᠎ᠠ᠄ ᠳᠥᠷᠪᠡᠨ ᠬᠤᠳᠣᠭᠤᠳᠤᠨ ᠬᠤᠪᠲᠣᠯ ᠤᠨ ᠪᠠᠭᠲᠠᠭᠠᠮᠵᠢ ᠶᠢᠨ 7-8% ᠶᠢ ᠡᠵᠡᠯᠡᠳᠡᠭ᠃            ᠴᠢᠳᠠᠪᠤᠷᠢ᠄ ᠬᠡᠪᠢᠭᠴᠢ ᠠᠮᠢᠲᠠᠨ ᠤ ᠴᠣᠷ ᠤᠨ ᠭᠠᠭᠴᠠ ᠰᠢᠭᠦᠷᠡᠭᠦᠯᠬᠦ ᠴᠢᠳᠠᠪᠤᠷᠢ ᠲᠠᠢ ᠬᠤᠳᠣᠭᠤᠳᠤ᠂  ᠨᠢᠭᠡᠴᠢ ᠠᠮᠢᠲᠠᠨ ᠲᠠᠢ ᠠᠳᠠᠯᠢᠪᠲᠤᠷ᠂ ᠳᠠᠪᠤᠰᠤᠨ ᠬᠦᠴᠢᠯ᠂ ᠬᠤᠳᠣᠭᠤᠳᠤᠨ ᠤ ᠤᠭᠤᠷᠠᠭ ᠤᠨ ᠢᠰᠬᠡᠭᠦᠷ ᠵᠡᠷᠭᠡ  ᠰᠢᠩᠭᠡᠭᠡᠯᠲᠡ ᠶᠢᠨ ᠰᠢᠩᠭᠡᠨ ᠢ ᠰᠢᠭᠦᠷᠡᠭᠦᠯᠦᠨ᠎ᠡ᠃
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号