ᠬᠢᠴᠢᠶᠡᠯ ᠤᠨ ᠭᠠᠳᠠᠭᠤᠷ ᠢᠯᠡᠭᠦᠬᠡᠨ ᠨᠣᠮ ᠤᠩᠰᠢᠶ᠎ᠠ
ᠨᠡᠶᠢᠲᠡᠯᠡᠭᠰᠡᠨ ᠴᠠᠭ᠄
2024/2/21
      ᠰᠤᠷᠤᠬᠴᠢᠳ ᠬᠢᠴᠢᠶᠡᠯ ᠤᠨ ᠭᠠᠳᠠᠭᠤᠷᠬᠢ ᠰᠤᠯᠠ ᠨᠣᠮ ᠤᠩᠰᠢᠬᠤ ᠨᠢ ᠶᠡᠭᠡ ᠰᠠᠶᠢᠨ᠂ ᠶᠡᠭᠡ ᠴᠢᠬᠤᠯᠠ ᠭᠡᠳᠡᠭ ᠢ ᠬᠥᠮᠥᠰ ᠪᠦᠷ ᠮᠡᠳᠡᠳᠡᠭ᠃ ᠭᠡᠪᠡᠴᠦ ᠦᠨᠡᠨ ᠬᠦ ᠤᠩᠰᠢᠪᠠᠯ ᠰᠤᠷᠤᠬᠴᠢᠳ ᠤᠨ ᠬᠢᠴᠢᠶᠡᠯ ᠰᠤᠷᠤᠯᠭ᠎ᠠ᠂ ᠤᠨᠲᠠᠵᠤ ᠠᠮᠠᠷᠠᠬᠤ ᠶᠢ ᠨᠥᠯᠥᠭᠡᠯᠡᠨ᠎ᠡ ᠭᠡᠵᠦ ᠪᠤᠳᠤᠳᠠᠭ ᠬᠥᠮᠥᠰ ᠴᠤ ᠴᠥᠭᠡᠨ ᠪᠤᠰᠤ ᠪᠠᠶᠢᠳᠠᠭ᠃ ᠲᠡᠭᠡᠪᠡᠯ ᠬᠢᠴᠢᠶᠡᠯ ᠤᠨ ᠭᠠᠳᠠᠭᠤᠷᠬᠢ ᠰᠤᠯᠠ ᠨᠣᠮ ᠤᠩᠰᠢᠬᠤ ᠨᠢ ᠦᠨᠡᠨ ᠬᠦ ᠠᠰᠢᠭᠲᠠᠢ ᠤᠤ᠂ ᠶᠠᠭᠠᠬᠢᠵᠤ ᠤᠩᠰᠢᠪᠠᠯ ᠵᠣᠬᠢᠬᠤ ᠪᠤᠢ︖      ᠶᠠᠭᠤᠨ ᠤ ᠤᠷᠢᠳ᠂ ᠵᠥᠪ ᠲᠠᠨᠢᠯᠲᠠ ᠲᠠᠢ ᠪᠠᠶᠢᠬᠤ ᠨᠢ ᠴᠢᠬᠤᠯᠠ᠃ ᠬᠢᠴᠢᠶᠡᠯ ᠤᠨ ᠭᠠᠳᠠᠭᠤᠷᠬᠢ ᠰᠤᠯᠠ ᠨᠣᠮ ᠢ ᠤᠯᠠᠨ ᠤᠩᠰᠢᠵᠤ᠂ ᠰᠠᠶᠢᠨ ᠤᠩᠰᠢᠬᠤ ᠨᠢ ᠬᠢᠴᠢᠶᠡᠯ ᠰᠤᠷᠤᠯᠭ᠎ᠠ᠂ ᠤᠨᠲᠠᠵᠤ ᠠᠮᠠᠷᠠᠬᠤ ᠶᠢ ᠨᠥᠯᠥᠭᠡᠯᠡᠬᠦ ᠦᠭᠡᠢ ᠮᠥᠷᠲᠡᠭᠡᠨ ᠲᠤᠰᠠ ᠪᠣᠯᠣᠨ᠎ᠠ᠃ ᠪᠣᠳᠠᠲᠠᠢ ᠶᠠᠷᠢᠪᠠᠯ ᠬᠢᠴᠢᠶᠡᠯ ᠤᠨ ᠭᠠᠳᠠᠭᠤᠷᠬᠢ ᠨᠣᠮ ᠤᠩᠰᠢᠬᠤ ᠨᠢ ᠮᠡᠳᠡᠯᠭᠡ ᠶᠢᠨ ᠬᠦᠷᠢᠶ᠎ᠡ ᠬᠡᠪᠴᠢᠶ᠎ᠡ ᠶᠢ ᠲᠠᠯᠠᠵᠦ ᠨᠡᠶᠢᠭᠡᠮ ᠤᠨ ᠰᠢᠨᠵᠢᠯᠡᠬᠦ ᠤᠬᠠᠭᠠᠨ ᠤ ᠲᠦᠷᠦᠯ ᠤᠨ ᠬᠢᠴᠢᠶᠡᠯ ᠢᠶᠠᠨ ᠤᠯᠠᠮ ᠯᠠᠪᠰᠢᠷᠠᠭᠤᠯᠤᠨ ᠭᠦᠨᠵᠡᠭᠡᠢ ᠣᠶᠢᠯᠠᠭᠠᠬᠤ ᠳᠤ ᠲᠤᠰᠠ ᠲᠠᠮ ᠪᠣᠯᠣᠨ᠎ᠠ᠃ ᠵᠢᠱᠢᠶᠡᠯᠡᠪᠡᠯ ᠠᠭᠤᠷ ᠤᠨ ᠮᠠᠰᠢᠨ ᠢ ᠡᠭᠦᠳᠦᠭᠴᠢ ᠸᠠᠲ ᠤᠨ ᠨᠠᠮᠲᠠᠷ ᠢ ᠲᠡᠮᠳᠡᠭᠯᠡᠭᠰᠡᠨ ︽ᠸᠠᠲ︾ ᠭᠡᠰᠡᠨ ᠨᠢᠮᠭᠡᠬᠡᠨ ᠨᠣᠮ ᠢ ᠤᠩᠰᠢᠵᠤ ᠥᠩᠭᠡᠷᠡᠭᠰᠡᠨ ᠪᠣᠯ᠂ ᠲᠡᠦᠬᠡ ᠶᠢᠨ ᠬᠢᠴᠢᠶᠡᠯ ᠳᠡᠭᠡᠷ᠎ᠡ ᠬᠤᠶᠠᠳᠤᠭᠠᠷ ᠤᠳᠠᠭᠠᠨ ᠤ ᠠᠵᠤ ᠦᠢᠯᠡᠳᠪᠦᠷᠢ ᠶᠢᠨ ᠬᠤᠪᠢᠰᠬᠠᠯ ᠤᠨ ᠲᠤᠬᠠᠢ ᠰᠤᠷᠬᠤ ᠦᠶᠡᠰ ᠲᠤᠬᠠᠢ ᠶᠢᠨ ᠦᠶ᠎ᠡ ᠶᠢᠨ ᠲᠡᠦᠬᠡᠨ ᠠᠬᠤᠢ᠂ ᠪᠣᠳᠠᠲᠠᠢ ᠪᠠᠶᠢᠳᠠᠯ᠂ ᠠᠴᠢ ᠬᠤᠯᠪᠣᠭᠳᠠᠯ ᠤᠨ ᠲᠤᠬᠠᠢ ᠰᠠᠭᠤᠷᠢ ᠮᠡᠳᠡᠯᠭᠡ ᠲᠠᠢ ᠪᠣᠯᠵᠤ ᠨᠠᠩ ᠭᠦᠨᠵᠡᠭᠡᠢ ᠰᠠᠶᠢᠨ ᠣᠶᠢᠯᠠᠭᠠᠵᠤ ᠴᠢᠳᠠᠬᠤ ᠨᠢ ᠯᠠᠪᠲᠠᠢ᠃ ᠬᠢᠴᠢᠶᠡᠯ ᠤᠨ ᠭᠠᠳᠠᠭᠤᠷᠬᠢ ᠨᠣᠮ ᠤᠩᠰᠢᠬᠤ ᠨᠢ ᠪᠠᠰᠠ ᠬᠡᠦᠬᠡᠳ ᠤᠨ ᠤᠩᠰᠢᠵᠤ ᠣᠶᠢᠯᠠᠭᠠᠬᠤ ᠴᠢᠳᠠᠪᠤᠷᠢ ᠶᠢ ᠲᠡᠭᠡᠭᠰᠢᠯᠡᠭᠦᠯᠵᠦ᠂ ᠪᠠᠶᠢᠭᠠᠯᠢ ᠶᠢᠨ ᠰᠢᠨᠵᠢᠯᠡᠬᠦ ᠤᠬᠠᠭᠠᠨ ᠤ ᠲᠦᠷᠦᠯ ᠤᠨ ᠬᠢᠴᠢᠶᠡᠯ ᠢᠶᠠᠨ ᠰᠠᠶᠢᠨ ᠰᠤᠷᠬᠤ ᠳᠤ ᠲᠤᠰᠠ ᠪᠣᠯᠣᠨ᠎ᠠ᠂ ᠦᠭᠡᠰ ᠤᠨ ᠰᠠᠩ ᠨᠢ ᠪᠠᠶᠠᠯᠢᠭᠵᠢᠵᠤ᠂ ᠰᠡᠳᠬᠢᠴᠡ ᠨᠡᠭᠡᠭᠡᠭᠳᠡᠵᠦ ᠵᠣᠬᠢᠶᠠᠨ ᠪᠢᠴᠢᠬᠦ ᠴᠢᠳᠠᠪᠤᠷᠢ ᠨᠢ ᠳᠡᠭᠡᠭᠰᠢᠯᠡᠨ᠎ᠡ᠃ ᠤᠳᠤ ᠶᠢᠨ ᠭᠡᠯᠡ ᠪᠢᠴᠢᠭ ᠤᠨ ᠠᠯᠢ ᠴᠤ ᠰᠢᠯᠭᠠᠯᠲᠠ ᠳᠤ ᠵᠣᠬᠢᠶᠠᠯ ᠪᠢᠴᠢᠭᠦᠯᠳᠡᠭ ᠪᠥᠭᠡᠳ ᠨᠡᠯᠢᠶᠡᠳ ᠥᠨᠳᠥᠷ ᠬᠤᠪᠢ ᠶᠢ ᠡᠵᠡᠯᠡᠵᠦ ᠪᠠᠶᠢᠳᠠᠭ᠃      ᠳᠠᠷᠠᠭᠠᠯᠠᠪᠠᠯ᠂ ᠠᠷᠭ᠎ᠠ ᠪᠠᠷᠢᠯ ᠢ ᠠᠩᠬᠠᠷᠬᠤ ᠨᠢ ᠴᠢᠬᠤᠯᠠ᠃ ᠵᠠᠷᠢᠮ ᠭᠡᠷ ᠤᠨ ᠠᠬᠠᠮᠠᠳ ᠪᠠᠭ᠎ᠠ ᠰᠤᠷᠭᠠᠭᠤᠯᠢ ᠶᠢᠨ ᠬᠡᠦᠬᠡᠳ ᠢ ᠶᠠᠭ ᠦᠰᠤᠨ ᠪᠤᠶᠢᠵᠢᠬᠤ ᠱᠠᠲᠤᠨ ᠳᠠᠭᠠᠨ ᠪᠤᠢ᠂ ᠴᠠᠭ ᠭᠠᠷᠪᠠᠯ ᠢᠯᠡᠭᠦᠬᠡᠨ ᠤᠨᠲᠠᠵᠤ ᠠᠮᠠᠷᠠᠭ ᠭᠡᠳ ᠰᠤᠯᠠ ᠨᠣᠮ ᠤᠩᠰᠢᠭᠤᠯᠳᠠᠭ ᠦᠭᠡᠢ ; ᠠᠩᠬ᠎ᠠ ᠲᠤᠮᠳᠠᠳᠤ ᠶᠢᠨ ᠬᠡᠦᠬᠡᠳ ᠪᠣᠯᠣᠨ ᠳᠡᠭᠡᠳᠦ ᠲᠤᠮᠳᠠᠳᠤ ᠶᠢᠨ ᠰᠤᠷᠤᠬᠴᠢ ᠶᠢ ᠪᠠᠰᠠ ᠳᠡᠭᠡᠳᠦ ᠲᠤᠮᠳᠠᠳᠤ ᠳᠤ ᠳᠡᠪᠰᠢᠬᠦ ᠤᠤ᠂ ᠠᠵᠢᠯ ᠮᠡᠷᠭᠡᠵᠢᠯ ᠤᠨ ᠰᠤᠷᠭᠠᠭᠤᠯᠢ ᠳᠤ ᠬᠤᠪᠢᠶᠠᠭᠳᠠᠬᠤ ᠤᠤ ᠭᠡᠰᠡᠨ ᠵᠠᠩᠭᠢᠯᠠᠭ᠎ᠠ ᠶᠢᠨ ᠮᠥᠴᠡ ᠳᠤ ᠪᠤᠢ ᠭᠡᠬᠦ ᠪᠤᠶᠤ ᠶᠡᠭᠡ ᠳᠡᠭᠡᠳᠦ ᠰᠤᠷᠭᠠᠭᠤᠯᠢ ᠳᠤ ᠣᠷᠣᠬᠤ ᠨᠢ ᠴᠢᠬᠤᠯᠠ᠂ ᠶᠡᠭᠡ ᠳᠡᠭᠡᠳᠦ ᠰᠤᠷᠭᠠᠭᠤᠯᠢ ᠳᠠᠭᠠᠨ ᠰᠢᠯᠭᠠᠵᠤ ᠣᠷᠣᠭᠰᠠᠨ ᠤ ᠲᠠᠷᠠᠭ᠎ᠠ ᠶᠠᠮᠠᠷ ᠨᠣᠮ ᠤᠩᠰᠢᠬᠤ ᠳᠤᠷ᠎ᠠ ᠲᠠᠢ ᠪᠣᠯ ᠲᠡᠭᠦᠨ ᠢᠶᠠᠨ ᠤᠩᠰᠢ᠂ ᠤᠳᠤ ᠬᠢᠴᠢᠶᠡᠯ ᠤᠨ ᠨᠣᠮ ᠢᠶᠠᠨ ᠯᠡ ᠰᠠᠶᠢᠨ ᠦᠵᠡᠵᠦ ᠰᠠᠶᠢᠨ ᠰᠢᠯᠭᠠᠭᠤᠯᠬᠤ ᠶᠢ ᠪᠤᠳᠤ ᠭᠡᠳ ᠰᠤᠯᠠ ᠨᠣᠮ ᠤᠩᠰᠢᠭᠤᠯᠳᠠᠭ ᠦᠭᠡᠢ᠃ ᠡᠨᠡ ᠪᠣᠯ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠬᠴᠢᠳ ᠲᠤ ᠲᠤᠯᠭᠠᠷᠠᠵᠤ ᠪᠠᠶᠢᠭ᠎ᠠ ᠶᠠᠭᠠᠬᠢᠬᠤ ᠶᠢᠨ ᠠᠷᠭ᠎ᠠ ᠦᠭᠡᠢ ᠪᠣᠳᠠᠲᠠᠢ ᠠᠰᠠᠭᠤᠳᠠᠯ ᠮᠥᠨ᠂ ᠭᠡᠪᠡᠴᠦ ᠠᠷᠭ᠎ᠠ ᠪᠠᠷᠢᠯ ᠢᠶᠠᠨ ᠠᠩᠬᠠᠷᠪᠠᠯ ᠡᠨᠡ ᠵᠥᠷᠢᠴᠡᠯ ᠢ ᠰᠢᠢᠳᠪᠦᠷᠢᠯᠡᠵᠦ ᠪᠣᠯᠣᠨ᠎ᠠ᠃ ᠡᠭᠦᠨ ᠳᠤ᠂ ᠨᠢᠭᠡᠳᠦᠭᠡᠷ ᠲᠤ᠂ ᠴᠠᠭ ᠤᠨ ᠲᠠᠯ᠎ᠠ ᠪᠠᠷ ᠠᠩᠬᠠᠷᠤᠨ᠎ᠠ᠃ ᠡᠩ ᠤᠨ ᠦᠶ᠎ᠡ ᠳᠤ ᠡᠳᠦᠷ ᠪᠦᠷᠢ 10 — 20 ᠮᠢᠨᠦ᠋ᠲ ᠨᠣᠮ ᠤᠩᠰᠢᠭᠤᠯᠪᠠᠯ ᠬᠠᠩᠭᠠᠯᠲᠠ ᠲᠠᠢ ᠭᠦᠢᠴᠡᠨ᠎ᠡ᠃ ᠣᠷᠣᠢ ᠶᠢᠨ ᠳᠠᠪᠲᠠᠯᠭ᠎ᠠ ᠪᠤᠶᠤ ᠦᠳᠡ᠂ ᠡᠰᠡᠪᠡᠯ ᠣᠷᠣᠢ ᠤᠨᠲᠠᠬᠤ ᠠᠴᠠ ᠡᠮᠦᠨ᠎ᠡ ᠤᠩᠰᠢᠵᠤ ᠪᠣᠯᠣᠨ᠎ᠠ᠂ ᠡᠭᠦᠨ ᠳᠤ ᠴᠠᠭ ᠨᠢ ᠲᠤᠯᠪᠠᠯ ᠨᠣᠮ ᠢᠶᠠᠨ ᠬᠠᠮᠬᠢᠵᠤ ᠬᠤᠷᠢᠶᠠᠬᠤ ᠬᠡᠷᠡᠭᠲᠡᠢ᠂ ᠴᠠᠭ ᠠᠴᠠ ᠪᠠᠨ ᠬᠡᠲᠦᠷᠡᠵᠦ ᠦᠵᠡᠬᠦ ᠶᠤᠮ ᠪᠣᠯ ᠤᠨᠲᠠᠵᠤ ᠠᠮᠠᠷᠠᠬᠤ ᠪᠤᠶᠤ ᠪᠤᠰᠤᠳ ᠬᠢᠬᠦ ᠵᠦᠢᠯ ᠢᠶᠠᠨ ᠨᠥᠯᠥᠭᠡᠯᠡᠬᠦ ᠪᠣᠯᠣᠨ᠎ᠠ᠃ ᠡᠶᠢᠮᠦ ᠠᠴᠠ ᠴᠠᠭ ᠢᠶᠠᠨ ᠪᠠᠷᠢᠮᠲᠠᠯᠠᠬᠤ ᠨᠢ ᠮᠠᠰᠢ ᠴᠢᠬᠤᠯᠠ᠃ ᠬᠤᠶᠠᠳᠤᠭᠠᠷ ᠲᠤ᠂ ᠤᠩᠰᠢᠬᠤ ᠠᠷᠭ᠎ᠠ ᠪᠠᠷᠢᠯ ᠤᠨ ᠲᠠᠯ᠎ᠠ ᠪᠠᠷ ᠠᠩᠬᠠᠷᠤᠨ᠎ᠠ᠃ ᠵᠠᠪᠠᠯ ᠦᠰᠦᠭ ᠳᠠᠷᠠᠭᠠᠯᠠᠨ ᠤᠩᠰᠢᠬᠤ ᠪᠢᠰᠢ᠂ ᠢᠳᠡᠭ ᠢᠳᠡᠭ ᠢᠶᠠᠷ ᠭᠡᠳᠦ ᠬᠡᠳᠦᠨ ᠮᠥᠷ ᠢᠶᠠᠷ ᠨᠢᠳᠦ ᠭᠦᠶᠦᠯᠭᠡᠨ ᠤᠩᠰᠢᠵᠤ ᠰᠤᠷᠬᠤ᠂ ᠲᠡᠷᠡᠴᠢᠯᠡᠨ ᠰᠢᠷᠪᠢᠨ ᠤᠩᠰᠢᠵᠤ ᠬᠠᠭᠤᠳᠠᠰᠤ ᠬᠠᠭᠤᠳᠠᠰᠤ ᠪᠠᠷ ᠤᠷᠪᠠᠭᠤᠯᠵᠤ ᠭᠤᠣᠯᠳᠠᠯᠭ᠎ᠠ ᠲᠠᠢ ᠬᠡᠷᠡᠭ ᠲᠠᠢ ᠭᠡᠵᠦ ᠦᠵᠡᠭᠰᠡᠨ ᠬᠡᠰᠡᠭ ᠢᠶᠠᠨ ᠨᠠᠷᠢᠯᠢᠭ ᠤᠩᠰᠢᠬᠤ᠂ ᠡᠰᠡᠬᠦᠯ᠎ᠡ ᠵᠠᠷᠢᠮ ᠨᠣᠮ ᠢ ᠵᠦᠪᠭᠡᠨ ᠳᠣᠲᠣᠷᠠᠬᠢ ᠭᠠᠷᠴᠠᠭ᠂ ᠮᠥᠷ ᠪᠠᠳᠠᠭ ᠤᠨ ᠡᠬᠢᠨ ᠤ ᠥᠭᠦᠯᠡᠪᠦᠷᠢ ᠶᠢ ᠨᠢ ᠯᠠ ᠤᠩᠰᠢᠬᠤ᠂ ᠵᠠᠷᠢᠮ ᠨᠣᠮ ᠢ ᠬᠤᠶᠢᠨ᠎ᠠ ᠠᠴᠠ ᠨᠢ ᠤᠩᠰᠢᠬᠤ ᠭᠡᠬᠦ ᠮᠡᠲᠦ ᠤᠯᠠᠨ ᠵᠦᠢᠯ ᠤᠨ ᠨᠣᠮ ᠤᠩᠰᠢᠬᠤ ᠠᠷᠭ᠎ᠠ ᠶᠢ ᠡᠵᠡᠮᠰᠢᠬᠦ ᠴᠢᠬᠤᠯᠠᠲᠠᠢ᠃ ᠭᠤᠷᠪᠠᠳᠤᠭᠠᠷ ᠲᠤ᠂ ᠰᠣᠩᠭᠤᠯᠲᠠ ᠲᠠᠢ ᠤᠩᠰᠢᠨ᠎ᠠ᠃ ᠲᠤᠮᠳᠠᠳᠤ ᠪᠠᠭ᠎ᠠ ᠰᠤᠷᠭᠠᠭᠤᠯᠢ ᠶᠢᠨ ᠬᠤᠭᠤᠴᠠᠭᠠᠨ ᠳᠤ ᠴᠠᠭ ᠮᠠᠰᠢ ᠡᠷᠬᠢᠮ ᠨᠠᠨᠳᠢᠨ ᠪᠣᠯᠬᠤᠷ ᠤᠩᠰᠢᠬᠤ ᠨᠣᠮ ᠢᠶᠠᠨ ᠡᠷᠬᠡᠪᠰᠢ ᠰᠠᠶᠢᠲᠤᠷ ᠰᠣᠩᠭᠤᠬᠤ ᠬᠡᠷᠡᠭᠲᠡᠢ᠃ ᠳᠥᠷᠪᠡᠳᠦᠭᠡᠷ ᠲᠤ᠂ ᠡᠳᠦᠷ ᠪᠦᠷᠢ ᠪᠠᠷᠢᠮᠲᠠᠯᠠᠨ᠎ᠠ᠃ ᠡᠩ ᠤᠨ ᠪᠠᠶᠢᠳᠠᠯ ᠳᠤ ᠮᠢᠨᠦ᠋ᠲ ᠳᠤᠮᠳᠠᠴᠢ ᠪᠠᠷ 160 ᠦᠰᠦᠭ ᠤᠩᠰᠢᠬᠤ ᠪᠠᠷ ᠪᠤᠳᠤᠬᠰᠠᠨ ᠴᠤ 10 — 20 ᠮᠢᠨᠦ᠋ᠲ ᠲᠤ 1600 — 3200 ᠦᠰᠦᠭ ᠪᠤᠶᠤ 2 — 4 ᠨᠢᠭᠤᠷ ᠨᠣᠮ ᠤᠩᠰᠢᠵᠤ ᠲᠠᠶᠢᠯᠦᠨ᠎ᠠ᠃ ᠬᠡᠷᠪᠡ ᠡᠳᠦᠷ ᠪᠦᠷᠢ ᠡᠭᠦᠨ ᠢ ᠪᠠᠷᠢᠮᠲᠠᠯᠠᠬᠤ ᠶᠤᠮ ᠪᠣᠯ ᠤᠳᠠᠭᠠᠨ ᠳᠠᠭᠠᠨ ᠨᠡᠯᠢᠶᠡᠳ ᠨᠣᠮ ᠤᠩᠰᠢᠴᠢᠬᠠᠨ᠎ᠠ᠃ ᠬᠠᠷᠢᠨ ᠡᠪᠦᠯ ᠵᠤᠨ ᠤ ᠠᠮᠠᠷᠠᠯᠲᠠ ᠶᠢᠨ ᠴᠢᠯᠦᠭᠡ ᠪᠠᠨ ᠭᠦᠢᠴᠡᠳ ᠠᠰᠢᠭᠯᠠᠵᠤ ᠢᠯᠡᠭᠦᠦ ᠤᠩᠰᠢᠵᠤ ᠪᠣᠯᠣᠨ᠎ᠠ᠃ ᠭᠡᠬᠦ ᠳᠡᠭᠡᠨ ᠶᠠᠮᠠᠷ ᠴᠢᠯᠦᠭᠡ ᠵᠠᠪ ᠲᠠᠢ ᠪᠠᠶᠢᠭᠰᠠᠨ ᠴᠤ ᠰᠥᠨᠢ ᠶᠢᠨ ᠬᠠᠭᠠᠰ ᠪᠤᠯᠳᠠᠯ᠎ᠠ ᠤᠩᠰᠢᠵᠤ ᠰᠠᠭᠤᠬᠤ ᠦᠭᠡᠢ᠂ ᠡᠳᠦᠷ ᠪᠦᠷᠢ ᠵᠠᠪᠠᠯ ᠲᠥᠯᠥᠪᠯᠡᠭᠡ ᠲᠠᠢ᠂ ᠴᠠᠭ ᠲᠠᠢ᠂ ᠬᠡᠮᠵᠢᠶ᠎ᠡ ᠲᠠᠢ ᠤᠩᠰᠢᠪᠠᠯ ᠵᠣᠬᠢᠨ᠎ᠠ᠃      ᠨᠣᠮ ᠪᠣᠯ ᠳᠡᠭᠡᠭᠰᠢ ᠲᠠᠪᠰᠢᠬᠤ ᠱᠠᠲᠤ ᠮᠥᠨ᠃ ᠲᠡᠭᠡᠭᠦᠯᠡᠷ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠬᠴᠢᠳ ᠴᠤ ᠴᠠᠭ ᠢᠶᠠᠨ ᠵᠣᠬᠢᠰᠲᠠᠢ ᠲᠣᠬᠢᠷᠠᠭᠤᠯᠤᠨ᠂ ᠠᠷᠭ᠎ᠠ ᠪᠠᠨ ᠪᠦᠳᠦᠮᠵᠢᠳᠡᠢ ᠪᠠᠶᠢᠯᠭᠠᠪᠠᠯ ᠤᠯᠠᠨ ᠰᠠᠶᠢᠬᠠᠨ ᠬᠢᠴᠢᠶᠡᠯ ᠤᠨ ᠭᠠᠳᠠᠭᠤᠷᠬᠢ ᠰᠤᠯᠠ ᠨᠣᠮ ᠤᠩᠰᠢᠵᠤ᠂ ᠮᠡᠳᠡᠯᠭᠡ ᠮᠡᠳᠡᠴᠡ ᠪᠠᠨ ᠥᠷᠭᠡᠵᠢᠭᠦᠯᠵᠦ᠂ ᠡᠷᠳᠡᠮ ᠴᠢᠳᠠᠪᠤᠷᠢ ᠪᠠᠨ ᠨᠡᠮᠡᠭᠳᠡᠭᠦᠯᠵᠦ ᠪᠤᠯᠬᠤ ᠶᠤᠮ ᠠ᠋᠃
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号