ᠭᠠᠯ ᠤᠨᠳᠠᠷᠠᠭᠠᠭᠴᠢ ᠴᠡᠯᠡᠭᠡᠷ ᠡᠪᠡᠳᠴᠢᠨ ᠡᠮᠭᠡᠭ ᠲᠤ ᠨᠡᠷᠪᠡᠭᠳᠡᠭᠰᠡᠨ ᠡᠪᠡᠳᠴᠢᠲᠡᠨ ᠳᠤ ᠠᠮᠢ ᠨᠠᠰᠤᠨ ᠤ ᠬᠦᠰᠡᠯ ᠡᠷᠡᠮᠡᠯᠵᠡᠯ ᠬᠦᠷᠳᠡᠭᠡᠪᠡ
ᠨᠡᠶᠢᠲᠡᠯᠡᠭᠰᠡᠨ ᠴᠠᠭ᠄
2024/12/16
      ︽  ᠨᠠᠮ᠎ᠠ ᠶᠢ ᠴᠡᠯᠡᠭᠡᠷ ᠭᠡᠳᠡᠭ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠭᠠᠯ ᠤᠨᠲᠠᠷᠭᠠᠬᠤ ᠠᠪᠤᠷᠠᠨ ᠲᠤᠰᠠᠯᠠᠬᠤ ᠶᠡᠭᠡ ᠠᠩᠭᠢ ᠶᠢᠨ ᠨᠢᠭᠡ ᠭᠠᠯ ᠤᠨᠳᠠᠷᠠᠭᠠᠭᠴᠢ ᠁︾ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠭᠠᠯ ᠤᠨᠲᠠᠷᠭᠠᠬᠤ ᠠᠪᠤᠷᠠᠨ ᠲᠤᠰᠠᠯᠠᠬᠤ ᠶᠡᠭᠡ ᠠᠩᠭᠢ ᠳᠤ ᠤᠴᠢᠬᠤ ᠳᠤ᠂ ᠨᠢᠭᠡᠨᠲᠡ ᠠᠩᠭᠢ ᠳᠠᠭᠠᠨ ᠪᠤᠴᠠᠭᠰᠠᠨ ᠴᠡᠯᠡᠭᠡᠷ ᠶᠠᠭ  ᠰᠠᠶᠢᠬᠠᠨ ᠡᠳᠦᠷ ᠳᠣᠳᠣᠮ ᠤᠨ ᠠᠵᠢᠯ ᠢᠶᠠᠨ ᠨᠠᠷᠢᠨ ᠬᠢᠨᠠᠮᠠᠭᠠᠢ ᠬᠢᠵᠦ  ᠪᠠᠶᠢᠪᠠ᠃ ᠡᠨᠡ ᠵᠢᠯ ᠤᠨ 11 ᠰᠠᠷ᠎ᠠ ᠳᠤ ᠴᠡᠯᠡᠭᠡᠷ ᠴᠢᠰᠤ ᠪᠦᠲᠦᠭᠡᠬᠦ ᠡᠰ ᠢᠶᠠᠨ ᠠᠮᠵᠢᠯᠲᠠ ᠲᠠᠢ ᠬᠠᠨᠳᠢᠪᠯᠠᠵᠤ᠂ ᠪᠦᠬᠦ ᠤᠯᠤᠰ ᠤᠨ 18829 ᠳ᠋ᠦ᠋ᠭᠡᠷ  ᠲᠤ ᠵᠢᠭᠰᠠᠭᠠᠭᠳᠠᠵᠤ᠂ ᠥᠪᠡᠷᠲᠡᠭᠡᠨ ᠵᠠᠰᠠᠬᠤ ᠣᠷᠣᠨ ᠤ 189 ᠳ᠋ᠦ᠋ᠭᠡᠷ ᠲᠤ ᠵᠢᠭᠰᠠᠭᠠᠭᠳᠠᠵᠤ᠂ ᠪᠤᠭᠤᠲᠤ ᠬᠤᠲᠠ ᠶᠢᠨ ᠭᠠᠯ ᠤᠨᠲᠠᠷᠠᠭᠠᠬᠤ ᠠᠪᠤᠷᠠᠨ ᠲᠤᠰᠠᠯᠠᠬᠤ ᠰᠠᠯᠪᠤᠷᠢ ᠠᠩᠭᠢ ᠶᠢᠨ ᠠᠩᠬᠠᠳᠠᠭᠴᠢ ᠴᠢᠰᠤ ᠪᠦᠲᠦᠭᠡᠬᠦ ᠡᠰ ᠢᠶᠠᠨ ᠬᠠᠨᠳᠢᠪᠯᠠᠭᠰᠠᠨ ᠭᠠᠯ  ᠤᠨᠳᠠᠷᠠᠭᠠᠭᠴᠢ ᠪᠣᠯᠵᠤ᠂ ᠡᠪᠡᠳᠴᠢᠨ ᠡᠮᠭᠡᠭ ᠲᠤ ᠨᠡᠷᠪᠡᠭᠳᠡᠭᠰᠡᠨ ᠡᠪᠡᠳᠴᠢᠲᠡᠨ ᠳᠤ ᠠᠮᠢ ᠨᠠᠰᠤᠨ ᠤ ᠬᠦᠰᠡᠯ ᠡᠷᠡᠮᠡᠯᠵᠡᠯ ᠬᠦᠷᠭᠡᠭᠰᠡᠨ ᠪᠠᠢᠨ᠎ᠠ᠃      2019 ᠣᠨ ᠳᠤ᠂ ᠴᠡᠷᠢᠭ ᠠᠴᠠ ᠬᠠᠯᠠᠭᠳᠠᠭᠰᠠᠨ ᠴᠡᠯᠡᠭᠡᠷ  ᠦᠰᠴᠦ ᠲᠦᠷᠦᠭᠰᠡᠨ ᠨᠤᠲᠤᠭ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠳᠤ ᠪᠠᠨ ᠪᠤᠴᠠᠵᠤ᠂ ᠢᠷᠠᠭᠤ ᠠᠯᠳᠠᠷᠲᠤ ᠭᠠᠯ ᠤᠨᠳᠠᠷᠠᠭᠠᠭᠴᠢ ᠪᠣᠯᠪᠠ᠃ ᠲᠠᠪᠤᠨ ᠵᠢᠯ ᠤᠨ ᠲᠤᠷᠰᠢ᠂ ᠴᠡᠯᠡᠭᠡᠷ ᠭᠠᠯ ᠤᠨᠲᠠᠷᠠᠭᠠᠬᠤ ᠡᠮᠦᠨ᠎ᠡ ᠹᠷᠣᠨᠲ ᠢ ᠪᠠᠲᠤ ᠰᠠᠬᠢᠵᠤ᠂ ᠥᠪᠡᠷ ᠤᠨ ᠬᠠᠷᠢᠭᠤᠴᠠᠯᠭ᠎ᠠ ᠪᠠ  ᠡᠬᠦᠷᠬᠡᠯᠡᠯ ᠢᠶᠠᠷ ᠢᠶᠠᠨ ᠡᠨᠡ ᠬᠦ ᠵᠢᠵᠢᠭ ᠪᠠᠯᠭᠠᠰᠤ ᠶᠢ ᠰᠠᠬᠢᠨ ᠬᠠᠮᠠᠭᠠᠯᠠᠵᠤ ᠪᠠᠶᠢᠨ᠎ᠠ᠃ ᠲᠡᠷᠡ ᠭᠠᠯ ᠤᠨᠲᠠᠷᠠᠭᠠᠬᠤ ᠪᠠ ᠠᠶᠤᠯ ᠠᠴᠠ ᠠᠪᠤᠷᠠᠨ ᠲᠤᠰᠠᠯᠠᠬᠤ ᠡᠭᠦᠷᠭᠡ ᠳᠤ ᠨᠡᠶᠢᠲᠡ 500 ᠭᠠᠷᠤᠶ ᠤᠳᠠᠭ᠎ᠠ ᠣᠷᠣᠯᠴᠠᠵᠤ᠂ ᠮᠢᠩᠭ᠎ᠠ ᠰᠢᠬᠠᠮ ᠠᠷᠠᠳ ᠣᠯᠠᠨ  ᠢ ᠬᠠᠮᠠᠭᠠᠯᠠᠵᠤ᠂ ᠬᠡᠳᠦᠨ ᠠᠷᠪᠠᠨ ᠲᠦᠮᠡᠨ ᠲᠥᠭᠦᠷᠢᠭ ᠤᠨ ᠡᠳ᠋ ᠬᠥᠷᠥᠩᠭᠡ ᠶᠢ ᠠᠪᠤᠷᠠᠪᠠ᠃      2021 ᠣᠨ ᠤ 6 ᠰᠠᠷ᠎ᠠ ᠶᠢᠨ 14 ᠤ ᠡᠳᠦᠷ᠂ ᠴᠡᠯᠡᠭᠡᠷ ᠪᠠ  ᠪᠠᠶᠢᠭᠤᠯᠭ᠎ᠠ ᠨᠢᠭᠡᠴᠡ ᠶᠢᠨ ᠢᠶᠠᠨ ᠪᠦᠬᠦ ᠵᠢᠯᠤᠭᠤᠳᠤᠬᠴᠢ ᠪᠠᠶᠢᠯᠳᠤᠭᠴᠢᠳ  ᠲᠠᠢ ᠬᠠᠮᠳᠤ ᠰᠠᠶᠢᠨ ᠳᠤᠷ᠎ᠠ ᠠᠴᠠ ᠪᠠᠨ ᠳᠤᠮᠳᠠᠳᠤ ᠶᠢᠨ ᠴᠢᠮᠥᠭᠡ ᠶᠢᠨ ᠬᠥᠮᠥᠷᠭᠡ ᠳᠤ ᠣᠷᠣᠬᠤ ᠪᠠᠷ ᠭᠤᠶᠤᠴᠢᠯᠠᠵᠤ᠂ ᠴᠢᠰᠤ ᠪᠦᠲᠦᠭᠡᠬᠦ ᠡᠰ ᠬᠠᠨᠳᠢᠪᠯᠠᠬᠤ ᠰᠠᠶᠢᠨ ᠳᠤᠷ᠎ᠠ ᠶᠢᠨ ᠠᠵᠢᠯᠯᠠᠭᠴᠢ ᠪᠣᠯᠪᠠ᠃ ᠡᠨᠡ ᠵᠢᠯ ᠤᠨ 8 ᠰᠠᠷ᠎ᠠ ᠳᠤ ᠴᠡᠯᠡᠭᠡᠷ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠤᠨ ᠤᠲᠠᠰᠤ ᠶᠢ ᠲᠤᠰᠴᠤ᠂  ᠲᠡᠬᠦᠨ ᠳᠤ ᠠᠩᠬᠠᠨ ᠤ ᠰᠢᠭᠰᠢᠯᠳᠡ ᠶᠢᠨ ᠬᠡᠯᠪᠡᠷᠢ ᠶᠢ ᠠᠮᠵᠢᠯᠳᠠ ᠲᠠᠢ ᠲᠠᠭᠠᠷᠠᠭᠤᠯᠤᠭᠰᠠᠨ ᠢ ᠭᠡᠯᠡᠵᠦ ᠦᠭᠭᠦᠭᠰᠡᠨ ᠳᠤ᠂ ᠲᠡᠷᠡ ᠪᠠᠶᠠᠷᠯᠠᠬᠤ ᠶᠢᠨ ᠬᠠᠮᠳᠤ ᠰᠡᠳᠬᠢᠯ ᠲᠤᠭᠳᠤᠯᠤᠨ᠎ᠠ ᠃      ᠰᠢᠭᠰᠢᠨ ᠪᠠᠶᠢᠴᠠᠭᠠᠬᠤ ᠪᠠ ᠳᠡᠭᠡᠳᠦ ᠢᠯᠭᠠᠯᠲᠠ ᠪᠠᠷ ᠳᠠᠮᠵᠢᠨ᠂ ᠲᠡᠷᠡ ᠴᠢᠰᠤ ᠪᠦᠲᠦᠭᠡᠬᠦ  ᠡᠰ ᠬᠠᠨᠳᠢᠪᠯᠠᠬᠤ ᠪᠠᠷᠢᠮᠵᠢᠶ᠎ᠠ ᠳᠤ ᠨᠡᠶᠢᠴᠡᠪᠡ᠃ ︽ᠡᠮᠦᠨ᠎ᠡ ᠬᠡᠳᠦᠨ ᠵᠢᠯ ᠳᠤ ᠦᠨ᠎ᠡ ᠲᠥᠯᠥᠪᠦᠷᠢ ᠦᠭᠡᠢ ᠪᠠᠷ ᠴᠢᠰᠤ ᠬᠠᠨᠳᠢᠪᠯᠠᠬᠤ ᠶᠠᠪᠤᠴᠠ ᠳᠤ ᠪᠢ ᠠᠩᠬ᠎ᠠ ᠤᠳᠠᠭ᠎ᠠ ᠴᠢᠰᠤ  ᠪᠦᠳᠦᠭᠡᠬᠦ ᠡᠰ ᠨᠢ ᠡᠪᠡᠳᠴᠢᠲᠡᠨ ᠳᠤ ᠦᠵᠡᠭᠦᠯᠬᠦ ᠴᠢᠬᠤᠯᠠ ᠴᠢᠨᠠᠷ ᠢ ᠲᠠᠨᠢᠵᠤ ᠣᠯᠤᠭᠰᠠᠨ ᠪᠥᠭᠡᠳ ᠴᠢᠰᠤᠨ ᠲᠥᠷᠥᠯ ᠤᠨ ᠪᠤᠰᠤ ᠴᠢᠰᠤ ᠪᠦᠲᠦᠭᠡᠬᠦ ᠡᠰ ᠤᠨ ᠲᠣᠬᠢᠷᠠᠭᠤᠯᠤᠯᠲᠠ ᠶᠢᠨ ᠲᠣᠬᠢᠶᠠᠯᠳᠤᠮᠵᠢ ᠲᠦᠢᠯ ᠤᠨ ᠳᠣᠣᠷ᠎ᠠ᠂ ᠲᠣᠬᠢᠷᠠᠭᠤᠯᠵᠤ ᠳᠡᠶᠢᠯᠬᠦ ᠨᠢ ᠪᠠᠰᠠ ᠮᠠᠰᠢ ᠬᠦᠴᠢᠷ ᠶᠤᠮ᠂ ᠡᠶᠢᠮᠦ ᠠᠴᠠ ᠪᠢ ᠡᠷᠡᠭᠡᠯᠵᠡᠯ ᠦᠭᠡᠢ ᠪᠠᠷ ᠲᠡᠷᠡ ᠳᠠᠷᠤᠢ ᠨᠢ ᠵᠦᠪᠰᠢᠶᠡᠷᠡᠴᠢᠭᠡᠪᠡ︾  ᠬᠡᠵᠦ ᠴᠡᠯᠡᠭᠡᠷ ᠬᠡᠯᠡᠪᠡ᠃      ᠪᠠᠭ ᠤᠨ ᠨᠠᠶᠢᠵᠠ ᠨᠠᠷ ᠪᠣᠯᠤᠨ ᠭᠡᠷ ᠤᠨ ᠬᠦᠮᠦᠰ ᠤᠨ ᠪᠠᠷ᠎ᠠ ᠪᠣᠯᠣᠯᠭ᠎ᠠ ᠲᠠᠢ ᠪᠠᠷ᠂ ᠴᠡᠯᠡᠭᠡᠷ ᠥᠪᠥᠷ ᠮᠣᠩᠭᠤᠯ ᠤᠨ ᠣᠯᠠᠨ ᠤᠯᠤᠰ ᠤᠨ ᠮᠣᠩᠭᠤᠯ ᠡᠮᠨᠡᠯᠭᠡ ᠳᠤ ᠢᠷᠡᠭᠰᠡᠨ ᠪᠠᠶᠢᠨ᠎ᠠ᠃ ᠠᠳᠡ ᠲᠡᠷᠡ ᠡᠳᠦᠷ ᠪᠦᠷᠢ ᠴᠢᠰᠤ ᠠᠪᠬᠤ ᠪᠠᠶᠢᠴᠠᠭᠠᠯᠲᠠ ᠬᠢᠵᠦ᠂ ᠪᠠᠰᠠ ᠭᠤᠷᠪᠠᠨ ᠡᠳᠦᠷ ᠤᠨ ᠬᠤᠭᠤᠴᠠᠭ᠎ᠠ ᠲᠠᠢ ᠳᠠᠶᠢᠴᠢᠯᠠᠯᠲᠠ ᠶᠢᠨ ᠡᠮ ᠲᠠᠷᠢᠨ᠎ᠠ᠃ ᠬᠡᠳᠦ᠋ᠢᠪᠡᠷ ᠲᠠᠷᠢᠯᠭ᠎ᠠ ᠬᠢᠯᠭᠡᠭᠰᠡᠨ ᠤ ᠲᠠᠷᠠᠭ᠎ᠠ ᠪᠡᠶ ᠎ᠡ ᠨᠢ ᠵᠢᠭᠠᠬᠠᠨ ᠡᠪ ᠦᠭᠡᠢ ᠪᠤᠯᠪᠠᠴᠦ ᠲᠡᠷᠡ ᠮᠦᠨ ᠯᠡ ᠲᠡᠰᠪᠦᠷᠢᠯᠡᠨ ᠦᠩᠭᠡᠷᠡᠪᠡ᠃ 11 ᠰᠠᠷ᠎ᠠ ᠶᠢᠨ 14 ᠤ ᠡᠳᠦᠷ᠂ ᠴᠢᠰᠤᠨ ᠤ ᠡᠰ ᠢ ᠰᠠᠯᠭᠠᠬᠤ  ᠮᠠᠰᠢᠨ ᠤ ᠲᠣᠭᠲᠠᠭᠤᠨ ᠠᠵᠢᠯᠯᠠᠭᠠᠨ ᠢ ᠳᠠᠭᠠᠯᠳᠤᠨ᠂ ᠠᠮᠢ ᠨᠠᠰᠤᠨ ᠤ ᠬᠦᠰᠡᠯ ᠤᠨ ᠴᠢᠰᠤ ᠪᠦᠲᠦᠭᠡᠬᠦ  ᠡᠰ ᠨᠢ ᠨᠢᠭᠡ ᠨᠢᠬᠡ ᠳᠤᠰᠤᠯ  ᠢᠶᠠᠷ  ᠴᠤᠭᠯᠠᠷᠠᠬᠤ ᠶᠢ ᠬᠠᠷᠠᠭᠤᠯᠵᠤ ᠪᠠᠶᠢᠨ᠎ᠠ᠂  ᠴᠡᠯᠡᠭᠡᠷ ᠴᠢᠰᠤ ᠪᠦᠲᠦᠭᠡᠬᠦ ᠡᠰ ᠢᠶᠠᠨ ᠬᠠᠨᠳᠢᠪᠯᠠᠭᠰᠠᠨ  ᠨᠢ ᠪᠦᠬᠦ ᠤᠯᠤᠰ ᠤᠨ 18829 ᠳ᠋ᠦ᠋ᠭᠡᠷ ᠲᠤ ᠵᠢᠭᠰᠠᠭᠠᠭᠳᠠᠵᠤ᠂ ᠥᠪᠡᠷᠲᠡᠭᠡᠨ ᠵᠠᠰᠠᠬᠤ ᠣᠷᠣᠨ ᠤ 189 ᠳ᠋ᠦ᠋ᠭᠡᠷ  ᠲᠤ ᠵᠢᠭᠰᠠᠭᠠᠭᠳᠠᠵᠤ᠂ ᠪᠤᠭᠤᠲᠤ ᠬᠤᠲᠠ ᠶᠢᠨ ᠭᠠᠯ ᠤᠨᠲᠠᠷᠠᠭᠠᠬᠤ ᠠᠪᠤᠷᠠᠨ ᠲᠤᠰᠠᠯᠠᠬᠤ ᠰᠠᠯᠪᠤᠷᠢ ᠠᠩᠭᠢ ᠶᠢᠨ ᠠᠩᠬᠠᠳᠠᠭᠴᠢ ᠴᠢᠰᠤ ᠪᠦᠲᠦᠭᠡᠬᠦ ᠡᠰ ᠢᠶᠠᠨ ᠡᠷᠬᠦᠭᠰᠡᠨ ᠭᠠᠯ ᠤᠨᠳᠠᠷᠠᠭᠠᠭᠴᠢ ᠪᠣᠯᠵᠠᠢ᠃      ︽ᠴᠢᠰᠤ ᠪᠦᠲᠦᠭᠡᠬᠦ ᠡᠰ ᠢᠶᠠᠨ ᠬᠠᠨᠳᠢᠪᠯᠡᠬᠤ ᠨᠢ ᠬᠠᠮᠤᠭ ᠤᠨ ᠲᠡᠷᠢᠭᠦᠨ  ᠳᠤ  ᠭᠠᠳᠠᠷ ᠤᠷᠴᠢᠨ ᠤ ᠴᠢᠰᠤ ᠪᠠᠷ ᠴᠢᠰᠤ ᠠᠪᠬᠤ ᠠᠷᠭ᠎ᠠ  ᠶᠢ ᠭᠡᠷᠡᠭᠯᠡᠵᠢ᠂ ᠳᠠᠷᠤᠢ ᠬᠤᠶᠠᠷ ᠭᠠᠷ ᠲᠤ ᠪᠠᠨ ᠵᠡᠭᠦᠦ ᠬᠠᠳᠬᠤᠵᠤ᠂  ᠴᠢᠰᠤ  ᠨᠢ ᠨᠢᠭᠡ  ᠭᠠᠷ ᠠᠴᠠ ᠨᠢ  ᠭᠠᠷᠴᠤ ᠂  ᠨᠦᠬᠦᠭᠡ  ᠭᠠᠷ ᠲᠤ ᠨᠢ ᠪᠣᠴᠠᠵᠤ᠂ ᠨᠢᠭᠡ ᠴᠢᠰᠤᠨ ᠡᠰ ᠤᠨ ᠰᠠᠯᠭᠠᠬᠤ ᠪᠠᠭᠠᠵᠢ ᠪᠠᠷ ᠳᠠᠮᠵᠢᠭᠤᠯᠤᠨ᠂ ᠴᠢᠰᠤ ᠪᠦᠲᠦᠭᠡᠬᠦ ᠡᠰ ᠢᠶᠠᠨ ᠰᠠᠯᠭᠠᠨ ᠭᠠᠷᠭᠠᠨ᠎ᠠ ᠂ ᠡᠨᠡ ᠬᠦ ᠶᠠᠪᠤᠴᠠ ᠨᠢ 4 ᠴᠠᠭ ᠭᠠᠷᠤᠢ ᠦᠷᠭᠦᠯᠵᠢᠯᠡᠪᠡ ᠃ ᠲᠡᠭᠦᠨ ᠤ ᠡᠪᠡᠳᠴᠢᠲᠡᠨ ᠤ ᠣᠷᠣᠨ ᠳᠡᠭᠡᠷ᠎ᠡ ᠭᠡᠪᠳᠡᠨ ᠴᠢᠰᠤ ᠲᠠᠰᠤᠷᠠᠯᠲᠠ ᠦᠭᠡᠢ ᠡᠷᠬᠢᠯᠳᠦᠬᠦ ᠶᠢ ᠬᠠᠷᠠᠭᠠᠳ ᠮᠢᠨᠦ ᠲᠤᠳᠤᠷ᠎ᠠ ᠪᠠᠭ᠋ᠠᠨ ᠡᠪ ᠦᠭᠡᠶᠢᠷᠡᠭᠰᠡᠨ ᠪᠣᠯᠪᠠᠴᠤ ᠨᠡᠩ ᠢᠯᠡᠬᠦᠦ ᠨᠢ ᠣᠮᠣᠭᠰᠢᠨ ᠪᠠᠭ᠋ᠠᠲᠤᠭᠰᠠᠨ ᠰᠡᠳᠬᠢᠯᠭᠡ ᠲᠦᠷᠦᠭᠳᠡᠯ᠎ᠡ︾ ᠬᠡᠵᠦ ᠴᠡᠯᠡᠭᠡᠷ ᠤᠨ ᠡᠬᠡᠨᠡᠷ ᠨᠠᠴᠢᠨ ᠬᠡᠯᠡᠪᠡ᠃ ᠮᠥᠨ ᠴᠦ ᠭᠡᠷ ᠤᠨ ᠬᠥᠮᠦᠰ ᠤᠨ ᠳᠡᠮᠵᠢᠯᠭᠡ ᠪᠣᠯᠤᠨ ᠤᠶᠢᠯᠠᠭᠠᠯᠳᠠ ᠲᠠᠢ ᠪᠣᠯᠤᠭᠰᠠᠨ ᠠᠴᠠ ᠴᠡᠯᠡᠭᠡᠷ ᠰᠠᠶ᠋ᠢ ᠲᠠᠲᠠᠭᠠᠯᠵᠠᠯ ᠦᠭᠡᠢ ᠰᠣᠩᠭᠤᠯᠲᠠ ᠬᠢᠵᠦ  ᠴᠢᠳᠠᠪᠠ ᠃       ᠠᠮᠢ ᠨᠠᠰᠤᠨ ᠳᠤ ᠬᠦᠴᠦᠨ ᠵᠠᠯᠭᠠᠵᠤ᠂ ᠠᠭᠤᠤ ᠬᠠᠶᠢᠷ᠎ᠠ ᠪᠠᠷ  ︽  ᠴᠢᠮᠦᠭᠡ︾ ᠪᠠᠨ ᠬᠠᠨᠳᠢᠪᠯᠠᠵᠤ᠂  ᠲᠤᠰᠤᠯ ᠳᠤᠰᠤᠯ ᠴᠢᠰᠤᠨ ᠤ ᠬᠤᠭᠤᠷᠣᠨᠳᠣ ᠣᠷᠭᠢᠯᠬᠤ ᠨᠢ ᠬᠢᠵᠠᠭᠠᠷᠯᠠᠰᠢ ᠦᠭᠡᠢ ᠬᠠᠶᠢᠷ᠎ᠠ ᠪᠠ ᠬᠦᠰᠡᠯ ᠡᠷᠡᠮᠡᠯᠵᠡᠯ ᠪᠣᠯᠤᠨ᠎ᠠ᠃ ︽ᠥᠪᠡᠷ ᠤᠨ ᠥᠴᠦᠬᠡᠨ ᠴᠢᠳᠠᠯ ᠢᠶᠠᠷ ᠢᠶᠠᠨ ᠪᠤᠰᠤᠳ ᠢ  ᠬᠠᠪᠰᠤᠷᠤᠭᠰᠠᠨ ᠳᠤ ᠪᠠᠨ ᠪᠢ ᠮᠠᠰᠢ ᠪᠠᠶᠠᠷᠯᠠᠵᠤ  ᠪᠠᠶᠢᠨ᠎ᠠ᠃ ᠪᠢ ᠪᠠᠰᠠ ᠨᠡᠩ ᠤᠯᠠᠨ ᠬᠥᠮᠦᠨ ᠴᠢᠰᠤ ᠪᠦᠲᠦᠭᠡᠬᠦ ᠡᠰ ᠢᠶᠠᠨ ᠬᠠᠨᠳᠢᠪᠯᠠᠬᠤ ᠡᠨᠡ ᠬᠦ ᠬᠠᠶᠢᠷ᠎ᠠ ᠬᠠᠯᠠᠮᠵᠢ ᠶᠢᠨ ᠡᠩᠨᠡᠭᠡ ᠳᠤ ᠡᠷᠡᠯᠬᠡᠭ ᠪᠠᠭᠠᠲᠤᠷᠯᠢᠭ ᠢᠶᠠᠷ ᠣᠷᠣᠯᠴᠠᠬᠤ ᠶᠢ ᠬᠦᠰᠡᠵᠦ ᠪᠠᠶᠢᠨ᠎ᠠ᠂ ᠡᠪᠡᠳᠴᠢᠨ ᠡᠮᠭᠡᠭ ᠳᠤᠮᠳᠠ ᠲᠡᠯᠴᠢᠯᠡᠵᠦ ᠪᠠᠶᠢᠭ᠎ᠠ ᠲᠡᠳᠡᠭᠡᠷ ᠡᠪᠡᠳᠴᠢᠲᠡᠨ ᠳᠤ ᠬᠦᠰᠡᠯ ᠡᠷᠡᠮᠡᠯᠵᠡᠯ ᠤᠨ ᠬᠥᠬᠡ ᠣᠭᠲᠠᠷᠭᠤᠢ ᠶᠢ ᠲᠤᠯᠭᠠᠭᠤᠷᠢᠯᠠᠵᠤ᠂ ᠠᠮᠢ ᠨᠠᠰᠤ ᠶᠢ ᠬᠠᠶᠢᠷ᠎ᠠ ᠬᠠᠯᠠᠮᠵᠢ ᠠᠴᠠ ᠪᠣᠯᠵᠤ ᠦᠷᠭᠦᠯᠵᠢᠯᠡᠭᠦᠯᠦᠨ᠎ᠡ︾ ᠭᠡᠵᠦ ᠴᠡᠯᠡᠭᠡᠷ ᠬᠡᠯᠡᠪᠡ
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号