ᠪᠠᠰᠠ ᠲᠧᠯᠸᠢᠰ ᠲᠡᠭᠡᠷ᠎ᠡ ᠭᠠᠷᠴᠢᠬᠠᠯ᠎ᠠ᠂ ᠡᠨᠡ ᠤᠷᠤᠢ ᠶᠢᠨ 6 ᠴᠠᠭ 50 ᠲᠤ᠂ ᠲᠠᠷᠬᠠᠨ ᠮᠤᠤᠮᠢᠩᠭᠠᠨ ᠤ ᠰᠢᠤᠳᠠᠨᠴᠢ ᠸᠧᠨ ᠶᠢᠨ ᠮᠤᠤ ᠦᠪᠦᠷ ᠮᠣᠩᠭᠤᠯ ᠤᠨ ᠷᠠᠳᠢᠤ᠋ ᠲᠧᠯᠸᠢᠰ ᠬᠤᠷᠢᠶᠠᠨ  ᠤ ᠨᠡᠪᠳᠡᠷᠡᠭᠦᠯᠬᠦ ᠰᠤᠪᠠᠭ ᠢᠶᠠᠷ ᠦᠵᠡᠭᠴᠢ ᠣᠯᠠᠨ ᠲᠠᠢ ᠵᠤᠯᠭᠠᠬᠤ ᠪᠤᠯᠤᠨ᠎ᠠ︕
ᠨᠡᠶᠢᠲᠡᠯᠡᠭᠰᠡᠨ ᠴᠠᠭ᠄
2024/11/4
      ᠥᠪᠥᠷ ᠮᠣᠩᠭᠤᠯ ᠤᠨ ᠷᠠᠳᠢᠣ᠋ ᠲᠧᠯᠸᠢᠰ ᠬᠤᠷᠢᠶ᠎ᠠ ᠠᠴᠠ ᠲᠦᠯᠬᠢᠨ ᠭᠠᠷᠭᠠᠭᠰᠠᠨ︽ᠦᠨᠳᠦᠰᠦ ᠬᠠᠳᠬᠤᠬᠤ ︾ᠬᠠᠮ ᠵᠠᠭᠤᠴᠢᠯᠠᠭᠤᠷ ᠤᠨ ᠬᠥᠮᠦᠰ ᠤᠨ ᠲᠤᠰᠬᠠᠶ ᠰᠡᠳᠦᠪᠲᠦ ᠂ ᠪᠤᠭᠤᠲᠤ ᠬᠤᠲᠠ ᠶᠢᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠳᠤ ᠢᠷᠡᠵᠤ᠂ ᠪᠠᠶᠠᠨᠬᠤᠸᠠ ᠰᠢᠤᠳᠠᠨ ᠤ ᠭᠠᠵᠠᠷ ᠤᠨ ᠸᠧᠨ ᠶᠢᠨ ᠮᠤᠤ  ᠶᠢᠨ ︽ᠵᠠᠭᠤᠨ ᠵᠢᠯ ᠤᠨ ᠰᠢᠤᠳᠠᠨ ᠬᠦᠷᠭᠡᠬᠦ ᠵᠡᠭᠦᠳᠦ ︾ ᠶᠢ ᠦᠨᠡᠨ ᠪᠤᠳᠠᠳᠠᠢ ᠶᠠᠷᠢᠪᠠ᠃ ᠨᠡᠪᠲᠡᠷᠡᠭᠦᠯᠬᠦ ᠴᠠᠭ᠄ 11 ᠳ᠋ᠦ᠋ᠭᠡᠷ ᠰᠠᠷ᠎ᠠ ᠶᠢᠨ 2 ᠤᠨ ᠡᠳᠦᠷ ︵ᠭᠠᠷᠠᠭ ᠤᠨ ᠵᠢᠷᠭᠤᠭᠠᠨ︶ 18᠄ 50 ᠪᠠᠷ ᠥᠪᠥᠷ ᠮᠣᠩᠭᠤᠯ ᠤᠨ ᠷᠠᠳᠢᠣ᠋ ᠲᠧᠯᠸᠢᠰ ᠬᠤᠷᠢᠶ᠎ᠠ ᠶᠢᠨ ᠲᠠᠷᠢᠶᠠᠯᠠᠩ ᠮᠠᠯ ᠠᠵᠤ ᠠᠬᠤᠶ ᠶᠢᠨ ᠰᠤᠪᠠᠭ ᠢᠶᠠᠷ ᠨᠡᠪᠲᠡᠷᠡᠭᠦᠯᠦᠨ᠎ᠡ᠂ ᠬᠦᠯᠢᠶᠡᠨ ᠠᠪᠴᠤ ᠦᠵᠡᠬᠦ ᠪᠣᠯᠪᠠᠤ︕      55 ᠨᠠᠰᠤᠲᠠᠶ ᠸᠧᠨ ᠶᠢᠨ ᠮᠤᠤ ᠪᠣᠯᠤᠨ ᠭᠡᠷᠭᠡᠢ ᠲᠣᠭᠳᠠᠮᠠᠯ ᠲᠠᠢ ᠪᠠᠨ ᠪᠤᠭᠤᠲᠤ ᠬᠤᠲᠠ ᠶᠢᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠪᠠᠶᠠᠨᠬᠤᠸᠠ ᠰᠢᠤᠳᠠᠨ ᠤ ᠭᠠᠵᠠᠷ ᠢ 38 ᠵᠢᠯ ᠪᠠᠲᠤ ᠰᠠᠬᠢᠵᠤ᠂ ᠲᠤᠬᠠᠶ ᠶᠢᠨ ᠭᠠᠵᠠᠷ ᠤᠨ ᠮᠠᠯᠴᠢᠳ ᠲᠡᠳᠡᠨ ᠢ ︽ ᠬᠢᠯᠢ ᠶᠢᠨ ᠰᠢᠤᠳᠠᠨ ᠤ ᠭᠠᠵᠠᠷ ᠤᠨ ᠡᠷ᠎ᠡ ᠡᠮ᠎ᠡ︾ ᠭᠡᠵᠦ ᠳᠣᠲᠣᠨᠣᠰᠤᠭ ᠢᠶᠠᠷ ᠲᠠᠭᠤᠳᠠᠳᠠᠭ᠃  ᠸᠧᠨ ᠶᠢᠨ ᠮᠤᠤ ᠪᠣᠯ ︽ᠰᠢᠤᠳᠠᠨᠴᠢ ᠬᠤᠶᠠᠳᠤᠭᠠᠷ ᠦᠶ᠎ᠡ︾ ᠮᠥᠨ᠂ ᠡᠴᠢᠭᠡ ᠶᠢᠨ ᠢᠶᠠᠨ 50 ᠵᠢᠯ ᠤᠨ ᠰᠢᠤᠳᠠᠨ ᠤ ᠦᠢᠯᠡᠰ ᠢ ᠵᠠᠯᠭᠠᠮᠵᠢᠯᠠᠵᠠᠢ᠂ ᠲᠡᠷᠡ ᠡᠳᠦᠷ ᠪᠦᠷᠢ 500 ᠭᠠᠷᠤᠶ ᠺᠢᠯᠣᠮᠧᠲ᠋ᠧᠷ ᠶᠠᠪᠤᠵᠤ ᠪᠤᠴᠠᠨ ᠰᠢᠤᠳᠠᠨ ᠬᠦᠷᠭᠡᠵᠦ᠂ ᠬᠦᠷᠭᠡᠭᠰᠡᠨ ᠨᠣᠷᠮ᠎ᠠ ᠨᠢ 100% ᠳᠤ ᠬᠦᠷᠴᠦ᠂ ᠵᠠᠭᠠᠯᠳᠤᠯᠭ᠎ᠠ ᠶᠢᠨ ᠬᠡᠮᠵᠢᠶ᠎ᠠ ᠲᠡᠭ ᠪᠠᠶᠢᠳᠠᠭ ᠃ ᠮᠠᠭᠤ ᠴᠠᠭ ᠠᠭᠠᠷ ᠪᠣᠯᠤᠨ ᠦᠶᠡᠷ ᠤᠨ ᠡᠮᠦᠨ᠎ᠡ᠂ ᠲᠡᠷᠡ ᠥᠴᠥᠬᠡᠨ ᠴᠤ ᠤᠬᠤᠷᠢᠬᠤ ᠦᠭᠡᠢ᠂ ᠮᠠᠯᠴᠢᠨ ᠪᠣᠯᠤᠨ ᠰᠢᠤᠳᠠᠨ ᠤ ᠠᠮᠤᠷ ᠲᠦᠪᠰᠢᠨ ᠢ ᠬᠠᠮᠠᠭᠠᠯᠠᠳᠠᠭ᠃ ᠸᠧᠨ ᠶᠢᠨ ᠮᠤᠤ ᠳᠤ ᠨᠢᠭᠡ ᠬᠦᠰᠡᠯ ᠲᠠᠢ᠂ ᠲᠠᠷᠤᠢ ᠠᠪᠤ ᠶᠢᠨ ᠢᠶᠠᠨ ᠵᠠᠮ ᠢᠶᠠᠷ᠂ ᠰᠢᠤᠳᠠᠨ ᠬᠦᠷᠭᠡᠵᠦ ᠵᠠᠭᠤᠨ ᠵᠢᠯ ᠢ ᠭᠦᠢᠴᠡᠭᠡᠨ᠎ᠡ᠃      ᠲᠡᠭᠦᠨ ᠤ ᠦᠯᠢᠭᠡᠷ ᠢ 11 ᠰᠠᠷ᠎ᠠ ᠶᠢᠨ 2 ᠤᠨ ᠡᠳᠦᠷ ᠤᠨ ︵ᠭᠠᠷᠠᠭ ᠤᠨ ᠵᠢᠷᠭᠤᠭᠠᠨ︶ 18᠄ 50 ᠪᠠᠷ ᠥᠪᠥᠷ ᠮᠣᠩᠭᠤᠯ ᠤᠨ ᠷᠠᠳᠢᠣ᠋ ᠲᠧᠯᠸᠢᠰ ᠬᠤᠷᠢᠶᠠᠨ ᠤ ᠲᠠᠷᠢᠶᠠᠯᠠᠩ ᠮᠠᠯ ᠠᠵᠤ ᠠᠬᠤᠶ ᠶᠢᠨ ᠰᠤᠪᠠᠭ ᠢᠶᠠᠷ ᠨᠡᠪᠲᠡᠷᠡᠭᠦᠯᠵᠦ᠂ ︽ᠸᠧᠨ ᠶᠢᠨ ᠮᠤᠤ ᠶᠢᠨ ︿ᠵᠠᠭᠤᠨ ᠵᠢᠯ︾ ᠤᠨ ᠰᠢᠤᠳᠠᠨ ᠬᠦᠷᠭᠡᠬᠦ ᠵᠡᠭᠦᠳᠦ︾ ᠶᠢ ᠲᠠᠨ ᠳᠤ ᠦᠨᠡᠨ ᠪᠤᠳᠠᠳᠠᠢ ᠪᠠᠷ ᠶᠠᠷᠢᠵᠤ ᠥᠭᠬᠦ ᠪᠠᠷ ᠪᠠᠶᠢᠨ᠎ᠠ᠂ ᠬᠦᠯᠢᠶᠡᠨ ᠠᠪᠴᠤ ᠦᠵᠡᠭᠡᠷᠡᠢ︕ 
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号